ᠨᠡᠪᠲᠡᠷᠡᠨ ᠤᠷᠤᠬᠤ
ᠠᠩᠭᠢ ᠡᠷᠭᠢᠯᠡᠭ᠍ᠴᠢ ᠶᠢᠨ ᠠᠵᠢᠯ ᠢ ᠭᠡᠷᠭᠢᠨ ᠠᠳᠬᠤᠬᠤ ᠳᠤᠬᠠᠢ

ᠠᠩᠭᠢ ᠡᠷᠭᠢᠯᠡᠭ᠍ᠴᠢ ᠪᠣᠯ ᠰᠤᠷᠭᠠᠭᠤᠯᠢ ᠶᠢᠨ ᠠᠩᠭᠢ ᠨᠢᠭᠡᠴᠡ ᠶᠢᠨ ᠳᠤᠳᠤᠭᠠᠳᠤ ᠳ᠋ᠠᠭᠢ ᠪᠦᠭᠦᠢᠯᠡ ᠰᠤᠷᠤᠭᠴᠢ ᠶᠢᠨ ᠦᠵᠡᠯ ᠰᠠᠨᠠᠭ᠎ᠠ ᠶᠤᠰᠤ ᠰᠤᠷᠳᠠᠬᠤᠨ᠂ ᠰᠤᠷᠤᠯᠭ᠎ᠠ ᠠᠮᠢᠳᠤᠷᠠᠯ᠂ ᠪᠠᠶ᠎ᠠ ᠰᠠᠳᠭᠢᠴᠠ ᠶᠢᠨ ᠡᠷᠡᠭᠦᠯ ᠴᠢᠭᠢᠷᠠᠭ ᠵᠡᠷᠭᠡ ᠪᠦᠭᠦ ᠳᠠᠯ᠎ᠠ ᠶᠢ ᠬᠠᠮᠤᠷᠠᠭᠰᠠᠨ ᠬᠠᠮᠢᠶᠠᠷᠤᠯᠳᠠ ᠶᠢᠨ ᠦᠨᠳᠦᠰᠦᠨ ᠵᠢᠯᠤᠭᠤᠳᠤᠭᠴᠢ ᠮᠦᠨ᠃ ᠠᠩᠭᠢ ᠡᠷᠭᠢᠯᠡᠭ᠍ᠴᠢ ᠶᠢᠨ ᠠᠵᠢᠯ ᠨᠢ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠴᠢᠬᠤᠯᠠ ᠪᠠᠢ᠌ᠷᠢ ᠶᠢ ᠡᠵᠡᠯᠡᠵᠤ ᠪᠠᠢ᠌ᠳᠠᠭ᠃ ᠠᠩᠭᠢ ᠨᠢᠭᠡᠴᠡ ᠪᠣᠯ ᠰᠤᠷᠭᠠᠭᠤᠯᠢ ᠶᠢᠨ ᠦᠨᠳᠦᠰᠦᠨ ᠵᠤᠬᠢᠶᠠᠨ ᠪᠠᠢ᠌ᠭᠤᠯᠤᠯᠳᠠ ᠶᠢᠨ ᠨᠢᠭᠡᠴᠢ᠃ ᠡᠡᠩᠭᠢ ᠡᠷᠭᠢᠯᠡᠭ᠍ᠴᠢ ᠪᠣᠯ ᠠᠩᠭᠢ ᠶᠢᠨ ᠵᠢᠭᠠᠨ ᠰᠤᠷᠭᠠᠬᠤ ᠠᠵᠢᠯ ᠤᠨ ᠵᠤᠬᠢᠶᠠᠨ ᠪᠠᠢ᠌ᠭᠤᠯᠤᠭᠴᠢ᠂ ᠬᠠᠪᠰᠤᠷᠤᠨ ᠵᠢᠯᠤᠭᠤᠳᠤᠭᠴᠢ᠂ ᠰᠤᠷᠤᠭᠴᠢ ᠶᠢᠨ ᠶᠤᠰᠤ ᠰᠤᠷᠳᠠᠬᠤᠨ ᠵᠠᠩ ᠮᠤᠷᠠᠯ ᠤᠨ ᠭᠤᠤᠯ ᠭᠦᠮᠦᠵᠢᠭᠦᠯᠦᠭ᠍ᠴᠢ᠃ ᠲ᠋ᠡᠭᠡᠪᠠᠯ ᠭᠡᠷᠭᠢᠪᠠᠯ ᠨᠢᠭᠡᠨ ᠠᠩᠭᠢ ᠶᠢᠨ ᠠᠵᠢᠯ ᠢ ᠰᠠᠢ᠌ᠳᠤᠷ ᠠᠳᠬᠤᠵᠤ ᠳᠡᠢ᠌ᠯᠭᠦ ᠪᠣᠢ︖ ᠲ᠋ᠤᠤᠷ᠎ᠠ ᠠᠩᠭᠢ ᠡᠷᠭᠢᠯᠡᠭ᠍ᠴᠢ ᠶᠢᠨ ᠠᠵᠢᠯ ᠊ᠤᠨ ᠭᠤᠤᠯᠳᠠᠯᠭ᠎ᠠ ᠶᠢᠨ ᠳᠤᠭᠤᠷᠢᠨ ᠳᠤ ᠦᠪᠡᠷ ᠤᠨ ᠦᠵᠡᠯᠳᠠ ᠰᠡᠳᠭᠢᠭ᠍ᠳᠡᠯ ᠶᠢᠡᠨ ᠳᠡᠯᠭᠡᠶ᠎ᠡ︕

ᠨᠢᠭᠡ᠂ ᠰᠤᠷᠤᠭᠴᠢ ᠶᠢᠨ ᠦᠵᠡᠯ ᠰᠡᠳᠬᠢᠯᠭᠡ ᠶᠤᠰᠤ ᠰᠤᠷᠳᠠᠬᠤᠨ ᠤ ᠳᠠᠯ᠎ᠠ ᠪᠠᠷ ᠭᠦᠮᠦᠵᠢᠭᠦᠯᠭᠦ

1. ᠰᠤᠷᠤᠭᠴᠢᠳ ᠤᠨ ᠰᠠᠳᠭᠢᠴᠠ ᠶᠢᠨ ᠣᠠᠴᠠᠯᠢᠭ ᠢ ᠭᠦᠢᠴᠡᠳ ᠣᠢ᠌ᠯᠠᠭᠠᠬᠤ

ᠰᠤᠷᠤᠭᠴᠢᠳ ᠭᠡᠰᠡᠨ ᠦᠭᠡᠶ᠂ ᠨᠡᠢ᠌ᠭᠡᠮ ᠳᠡᠭᠡᠷᠡᠭᠢ ᠠᠯᠢ ᠨᠢᠭᠡᠨ ᠭᠦᠮᠤᠨ ᠭᠡᠰᠡᠨ ᠦᠭᠡᠶ᠂ ᠲ᠋ᠡᠭᠦᠨ ᠤ ᠦᠵᠡᠯ ᠰᠡᠳᠬᠢᠯᠭᠡ ᠶᠢᠨ ᠭᠦᠭ᠍ᠵᠢᠯᠳᠡ ᠪᠣᠯᠭᠠᠨ ᠨᠢ ᠪᠦᠷ ᠦᠪᠡᠷ ᠤᠨ ᠭᠦᠭ᠍ᠵᠢᠯᠳᠡ ᠶᠢᠨ ᠣᠠᠴᠠᠯᠢᠭ ᠲᠡᠶ᠃ ᠲ᠋ᠠᠷᠠ ᠨᠢ ᠳᠤᠰ ᠭᠦᠮᠤᠨ ᠤ ᠭᠦᠮᠤᠨ ᠤ ᠬᠠᠷᠢᠴᠠᠭᠠᠨ ᠤ ᠠᠰᠠᠭᠤᠳᠠᠯ᠂ ᠣᠷᠴᠢᠨ ᠳᠤᠭᠤᠷᠢᠨ ᠤ ᠨᠥᠭᠦᠴᠡᠯ᠂ ᠮᠡᠳᠡᠯᠭᠡ ᠰᠤᠶᠤᠯ ᠤᠨ ᠭᠦᠡᠴᠡ ᠶᠢᠨ ᠭᠡᠮᠵᠢᠶ᠎ᠡ᠂ ᠵᠡᠩ ᠴᠢᠨᠠᠷ ᠤᠨ ᠦᠪᠡᠷᠮᠢᠴᠠ ᠪᠠᠢ᠌ᠳᠠᠯ᠂ ᠪᠠᠶ᠎ᠠ ᠮᠠᠬᠠᠪᠣᠤᠨ ᠤᠨ ᠭᠦᠭ᠍ᠵᠢᠯᠳᠡ ᠶᠢᠨ ᠬᠤᠷᠳᠤᠴᠠ ᠵᠡᠷᠭᠡ ᠲᠡᠶ ᠰᠢᠭᠤᠳ ᠬᠤᠯᠪᠣᠭᠳᠠᠯ ᠲᠡᠶ ᠪᠠᠢ᠌ᠵᠤ ᠪᠣᠳᠠᠭᠠᠯᠢ ᠪᠠᠶ᠎ᠠ ᠶᠢᠨ ᠠᠳᠠᠯᠢ ᠪᠣᠰᠤ᠂ ᠠᠳᠠᠯᠢ ᠪᠣᠰᠤ ᠤᠷᠴᠢᠨ᠂ ᠮᠡᠳᠡᠯᠭᠡ ᠶᠢᠨ ᠠᠳᠠᠯᠢ ᠪᠣᠰᠤ᠂ ᠪᠣᠢ᠌ᠵᠢᠯᠳᠠ ᠵᠢᠨ ᠠᠳᠠᠯᠢ ᠪᠣᠰᠤ ᠡᠴᠡ ᠪᠣᠯᠵᠤ ᠭᠦᠮᠤᠨ ᠪᠦᠭᠦᠨ ᠤ ᠰᠠᠳᠭᠢᠴᠠ ᠶᠢᠨ ᠣᠠᠴᠠᠯᠢᠭ ᠨᠢ ᠠᠳᠠᠯᠢ ᠪᠣᠰᠤ ᠪᠠᠢ᠌ᠳᠠᠭ᠃ ᠶᠠᠭ ᠡᠢ᠌ᠮᠤ ᠡᠴᠡ ᠳᠡᠭᠦᠨ ᠤ ᠪᠣᠳᠠᠳᠤ ᠠᠮᠢᠳᠤᠷᠠᠯ ᠳᠤᠮᠳᠠᠭᠢ ᠶᠤᠰᠤ ᠰᠤᠷᠳᠠᠬᠤᠨ ᠤ ᠣᠢ᠌ᠯᠠ ᠠᠵᠢᠯᠯᠠᠭ᠎ᠠ ᠨᠢ ᠦᠪᠡᠷ ᠤᠨ ᠭᠢᠵᠠᠭᠠᠷᠳᠠᠮᠠᠯ ᠴᠢᠨᠠᠷ ᠪᠠ ᠠᠳᠠᠯᠢ ᠪᠣᠰᠤ ᠭᠡᠮᠵᠢᠶᠡᠨ ᠤ ᠭᠦᠷᠦᠯᠴᠡᠭᠦ ᠦᠭᠡᠶ ᠳᠠᠯ᠎ᠠ ᠣᠷᠤᠰᠢᠵᠤ ᠪᠠᠢ᠌ᠳᠠᠭ᠃ ᠭᠡᠷᠪᠡ ᠨᠢᠭᠡ ᠰᠤᠷᠤᠭᠴᠢ ᠶᠢᠨ ᠶᠤᠰᠤ ᠰᠤᠷᠳᠠᠬᠤᠨ ᠤ ᠳᠠᠯ᠎ᠠ ᠶᠢᠨ ᠭᠡᠪ ᠤᠨ ᠭᠦᠭ᠍ᠵᠢᠯᠳᠡ ᠶᠢ᠌ ᠪᠠᠳᠤᠯᠠᠶ᠎ᠠ ᠭᠡᠪᠠᠯ ᠡᠷᠭᠡᠪᠠᠰᠢ ᠳᠡᠭᠡᠷᠡᠭᠢ ᠶᠠᠷᠢᠭᠰᠠᠨ ᠡᠯ᠎ᠡ ᠳᠠᠯ᠎ᠠ ᠳᠤ ᠪᠣᠳᠠᠳᠠᠢ ᠭᠦᠡᠵᠡᠭᠡᠢ᠌ᠷᠡᠨ ᠣᠢ᠌ᠯᠠᠭᠠᠬᠤ ᠴᠢᠬᠤᠯᠳᠠᠢ᠃

⑴᠂ ᠦᠰᠦᠨ ᠪᠣᠢ᠌ᠵᠢᠭ᠎ᠠ ᠣᠷᠴᠢᠨ ᠳᠤᠭᠤᠷᠢᠨ ᠢ ᠣᠢ᠌ᠯᠠᠭᠠᠬᠤ

ᠲ᠋ᠤᠰ ᠰᠤᠷᠤᠭᠴᠢ ᠶᠢᠨ ᠠᠮᠢᠳᠤᠷᠠᠯ ᠤᠨ ᠣᠷᠴᠢᠨ ᠳᠤᠭᠤᠷᠢᠨ ᠶᠢᠡᠷ ᠭᠤᠤᠯᠳᠠᠭᠤᠯᠵᠤ᠂ ᠭᠤᠤᠯ ᠨᠥᠯᠦᠭᠡ ᠪᠦᠭᠦᠢ ᠣᠷᠴᠢᠨ ᠪᠠᠢ᠌ᠳᠠᠯ ᠢ ᠭᠦᠨ ᠣᠢ᠌ᠯᠠᠭᠠᠭᠰᠠᠨ ᠪᠠᠢ᠌ᠬᠤ ᠶᠢ ᠠᠩᠬᠠᠷᠤᠨ᠎ᠠ᠃

⑵᠂ ᠭᠦᠮᠦᠰ ᠤᠨ ᠬᠠᠷᠢᠯᠴᠠᠭᠠᠨ ᠤ ᠪᠠᠢ᠌ᠳᠠᠯ ᠢ ᠣᠢ᠌ᠯᠠᠭᠠᠬᠤ

ᠲ᠋ᠤᠰ ᠰᠤᠷᠤᠭᠴᠢ ᠶᠢᠨ ᠬᠠᠷᠢᠯᠴᠠᠵᠤ ᠶᠠᠪᠣᠯᠴᠠᠬᠤ ᠭᠤᠤᠯ ᠭᠦᠮᠦᠰ ᠤᠨ ᠪᠠᠢ᠌ᠳᠠᠯ ᠢ ᠣᠢ᠌ᠯᠠᠭᠠᠬᠤ ᠵᠢᠴᠢ ᠡᠭᠦᠨ ᠤ ᠳᠤᠮᠳᠠ ᠣᠷᠤᠰᠢᠵᠤ ᠪᠦᠭᠦᠢ ᠴᠢᠬᠤᠯᠠ ᠨᠥᠯᠦᠭᠡ ᠳᠤᠰᠬᠠᠯ ᠤᠨ ᠪᠠᠢ᠌ᠳᠠᠯ ᠢ ᠭᠦᠢᠴᠡᠳ ᠵᠠᠳᠠᠯᠤᠨ᠂ ᠬᠣᠢ᠌ᠰᠢᠳᠠ ᠶᠢᠨ ᠬᠠᠠᠳᠤᠰᠢ ᠳᠤ ᠲᠦᠰᠤᠪ ᠳᠤᠷᠠᠳᠤᠯᠭ᠎ᠠ ᠭᠢᠵᠤ᠂ ᠠᠰᠢᠭ ᠦᠭᠡᠶ ᠨᠥᠯᠦᠭᠡ ᠶᠢ ᠥᠭᠡᠢ᠌ᠰᠭᠡᠭᠦ ᠪᠠᠷ ᠴᠢᠷᠮᠠᠢ᠌ᠨ᠎ᠠ᠃ (ᠰᠤᠷᠪᠣᠯᠵᠢᠯᠠᠭ᠎ᠠ ᠭᠢᠨ᠎ᠠ)

⑶᠂ ᠮᠡᠳᠡᠯᠭᠡ ᠰᠤᠶᠤᠯ ᠤᠨ ᠭᠡᠮᠵᠢᠶ᠎ᠡ ᠳᠤ ᠪᠠᠢ᠌ᠴᠠᠭᠠᠯᠳᠠ ᠭᠢᠵᠤ᠂ ᠭᠤᠤᠯ ᠴᠢᠬᠤᠯᠠ ᠨᠢ ᠳᠡᠭᠦᠨ ᠤ ᠪᠣᠰᠤᠤᠠᠴᠢ ᠶᠠᠮᠠᠷ ᠨᠢᠭᠡᠨ ᠭᠡᠷᠡᠭ᠌ ᠪᠣᠳᠠᠰ ᠪᠣᠶᠤ ᠣᠢ᠌ᠯᠠ ᠠᠵᠢᠯᠯᠠᠭ᠎ᠠ᠂ ᠠᠰᠠᠭᠤᠳᠠᠯ ᠳᠤ ᠠᠪᠣᠭᠰᠠᠨ ᠰᠠᠳᠭᠢᠴᠠ ᠶᠢᠨ ᠳᠤᠰᠬᠠᠯ᠂ ᠣᠢ᠌ᠯᠠᠭᠠᠯᠳᠠ ᠶᠢᠨ ᠭᠡᠮᠵᠢᠶ᠎ᠡ ᠳᠤ ᠪᠠᠢ᠌ᠴᠠᠭᠠᠯᠳᠠ ᠭᠢᠵᠤ᠂ ᠪᠣᠳᠤᠯ ᠰᠡᠳᠭᠢᠯ ᠤᠨ ᠭᠦᠭ᠍ᠵᠢᠯᠳᠡ ᠶᠢᠨ ᠪᠠᠢ᠌ᠳᠠᠯ ᠢ ᠣᠢ᠌ᠯᠠᠭᠠᠨ᠎ᠠ᠃

⑷᠂ ᠵᠠᠩ ᠴᠢᠨᠠᠷ ᠤᠨ ᠬᠤᠪᠢᠷᠠᠯᠳᠠ ᠪᠠᠢ᠌ᠳᠠᠯ ᠢ ᠠᠵᠢᠭᠯᠠᠨ ᠰᠤᠳᠤᠯᠵᠤ᠂ ᠲ᠋ᠤᠰ ᠰᠤᠷᠤᠭᠴᠢ ᠶᠢᠨ ᠦᠪᠡᠷ ᠤᠨ ᠵᠠᠩ ᠴᠢᠨᠠᠷ ᠡᠴᠡ ᠪᠣᠯᠤᠭᠰᠠᠨ ᠢᠳᠠᠪᠭᠢ ᠪᠣᠰᠤ ᠰᠢᠯᠳᠠᠭᠠᠨ ᠢ ᠡᠷᠢᠨ ᠭᠠᠷᠭᠠᠵᠤ᠂ ᠵᠠᠩ ᠴᠢᠨᠠᠷ ᠤᠨ ᠢᠳᠠᠪᠭᠢ ᠪᠣᠰᠤ ᠳᠠᠯ᠎ᠠ ᠳᠤ ᠥᠭᠡᠷᠡᠴᠢᠯᠡᠨ ᠰᠠᠢ᠌ᠵᠢᠷᠠᠭᠤᠯᠬᠤ ᠳᠡᠮᠵᠢᠯᠭᠡ ᠰᠠᠨᠠᠭᠤᠯᠭ᠎ᠠ ᠭᠢᠭᠦ ᠶᠢ ᠪᠠᠷᠢᠮᠳᠠᠯᠠᠨ᠎ᠠ᠃

⑸᠂ ᠠᠩᠭᠢ ᠡᠷᠭᠢᠯᠡᠭ᠍ᠴᠢ ᠪᠠᠭᠰᠢ ᠡᠴᠡ ᠳᠤᠭᠳᠠᠭᠰᠠᠨ ᠴᠠᠭ ᠠᠯᠤᠰᠯᠠᠨ ᠰᠤᠷᠤᠭᠴᠢᠳ ᠶᠢᠡᠷ ᠳᠤᠰᠬᠠᠢ ᠰᠠᠳᠤᠪᠳᠤ ᠰᠠᠳᠭᠢᠴᠠ ᠶᠢᠨ ᠭᠡᠪ ᠴᠢᠨᠠᠷ ᠢ ᠪᠠᠢ᠌ᠴᠠᠭᠠᠬᠤ ᠵᠤᠷᠢᠯᠳᠠ ᠪᠦᠭᠦᠢ ᠵᠦᠭᠢᠶᠡᠨ ᠪᠢᠴᠢᠯᠭᠡ ᠣᠷᠤᠯᠳᠤᠭᠤᠯᠵᠤ᠂ ᠭᠢᠨᠠᠵᠤ ᠦᠵᠡᠨ ᠰᠠᠳᠭᠢᠴᠠ ᠪᠣᠳᠤᠯ ᠤᠨ ᠳᠤᠬᠠᠢ ᠨᠢᠭᠡ ᠭᠡᠮᠵᠢᠶ᠎ᠡ ᠪᠠᠷ ᠣᠢ᠌ᠯᠠᠭᠠᠬᠤ ᠭᠡᠷᠡᠭ᠍ᠳᠡᠢ᠃ ᠡᠨᠡ ᠨᠢ ᠵᠠᠷᠢᠮ ᠦᠶᠡᠰ ᠰᠢᠭᠤᠳ ᠰᠤᠷᠤᠭᠴᠢᠳ ᠲᠡᠶ ᠨᠢᠭᠤᠷᠳᠠᠨ ᠶᠠᠷᠢᠯᠴᠠᠭᠰᠠᠨ ᠡᠴᠡ ᠨᠥᠯᠦᠭᠡ ᠰᠠᠢ᠌ᠨ ᠪᠠᠢ᠌ᠳᠠᠭ ᠪᠦᠭᠡᠳ ᠰᠤᠷᠤᠭᠴᠢ ᠶᠢᠨ ᠵᠠᠷᠢᠮ ᠣᠠᠴᠠ ᠰᠡᠳᠭᠢᠭᠦᠢ ᠶᠢᠨ ᠪᠠᠢ᠌ᠳᠠᠯ ᠢ ᠴᠤ ᠳᠤᠰᠬᠠᠵᠤ ᠴᠢᠳᠠᠳᠠᠭ᠃ ᠣᠠᠴᠠᠭᠠᠢ᠌ᠯᠠᠨ ᠭᠡᠯᠡᠨ ᠤ ᠪᠣᠰᠤ ᠲᠦᠷᠦᠯ ᠤᠨ ᠳᠤᠰᠬᠠᠢ ᠮᠡᠷᠭᠡᠵᠢᠯ ᠲᠡᠶ ᠠᠩᠭᠢ ᠡᠷᠭᠢᠯᠡᠭ᠍ᠴᠢ ᠢᠯᠡᠭᠦᠭᠡᠨ ᠪᠠᠷᠢᠮᠳᠠᠯᠠᠪᠠᠯ ᠰᠠᠢ᠌ᠨ᠃

⑹᠂ ᠪᠠᠶ᠎ᠠ ᠮᠠᠬᠠᠪᠣᠤᠨ ᠤᠨ ᠭᠦᠵᠢᠯᠳᠡ ᠶᠢᠨ ᠪᠠᠢ᠌ᠳᠠᠯ ᠢ ᠭᠦᠢᠴᠡᠳ ᠣᠢ᠌ᠯᠠᠭᠠᠵᠤ᠂ ᠮᠠᠬᠠᠪᠣᠤᠨ ᠤᠨ ᠭᠦᠭ᠍ᠵᠢᠯᠳᠡ ᠡᠴᠡ ᠪᠣᠯᠤᠭᠰᠠᠨ ᠰᠠᠳᠭᠢᠴᠠ ᠶᠢᠨ ᠰᠢᠯᠳᠠᠭᠠᠨ ᠪᠠᠢ᠌ᠬᠤ ᠡᠰᠡᠭᠦ ᠶᠢ ᠭᠦᠡᠵᠡᠭᠡᠢ ᠳᠠᠨᠢᠵᠤ ᠮᠡᠳᠡᠨ᠂ ᠭᠦᠭ᠍ᠵᠢᠯᠳᠡ ᠵᠢᠨ ᠡᠷᠡᠭᠦᠯ ᠪᠣᠰᠤ ᠪᠣᠶᠤ ᠶᠠᠮᠠᠷ ᠨᠢᠭᠡᠨ ᠪᠠᠶ᠎ᠠ ᠶᠢᠨ ᠡᠷᠭᠡᠳᠡᠨ ᠤ ᠣᠠᠴᠠᠭᠠᠢ ᠪᠠᠢ᠌ᠳᠠᠯ ᠡᠴᠡ ᠪᠣᠯᠤᠭᠰᠠᠨ ᠰᠡᠳᠭᠢᠯ ᠰᠠᠨᠠᠭᠠᠨ ᠤ ᠳᠠᠷᠤᠭᠠᠰᠤ ᠬᠠᠷᠰᠢ ᠰᠠᠭᠠᠤᠨ ᠲᠤ ᠪᠣᠳᠠᠳᠠᠢ ᠰᠢ᠌ᠳᠪᠦᠷᠢᠯᠡᠭᠦ ᠠᠷᠭ᠎ᠠ ᠭᠡᠮᠵᠢᠶ᠎ᠡ ᠠᠪᠴᠤ ᠳᠤᠰ ᠰᠤᠷᠤᠭᠴᠢ ᠶᠢᠨ ᠦᠵᠡᠯ ᠰᠡᠳᠬᠢᠯᠭᠡ ᠳᠤ ᠬᠠᠷᠠᠭᠠᠯᠵᠠᠯ ᠳᠠᠢ᠌ᠤᠠᠬᠠᠷᠠᠭᠤᠯᠤᠯ ᠦᠭ‍ᠭᠦ ᠭᠡᠷᠡᠭ᠍ᠳᠡᠢ᠃

2.ᠰᠤᠷᠤᠭᠴᠢᠳ ᠤᠨ ᠳᠤᠮᠳᠠ ᠭᠦᠡᠵᠡᠭᠡᠢ᠌ᠷᠡᠵᠤ ᠶᠠᠷᠢᠯᠴᠠᠬᠤ

ᠲ᠋ᠡᠭᠡᠷᠡᠭᠢ ᠭᠡᠳᠤᠨ ᠵᠣᠢ᠌ᠯᠠᠰ ᠢ ᠨᠠᠷᠢᠯᠢᠭ ᠣᠢ᠌ᠯᠠᠭᠠᠭᠰᠠᠨ ᠰᠠᠭᠤᠷᠢᠨ ᠳᠡᠭᠡᠷ᠎ᠡ ᠪᠣᠳᠠᠳᠠᠢ ᠳᠤ ᠭᠦᠡᠵᠡᠭᠡᠢ᠌ᠷᠡᠵᠤ᠂ ᠤᠯᠡᠮ ᠣᠯᠠᠮ ᠶᠢᠡᠷ ᠰᠤᠷᠤᠭᠴᠢ ᠶᠢᠨ ᠰᠠᠳᠭᠢᠴᠠ ᠶᠢᠨ ᠭᠦᠭ᠍ᠵᠢᠯ ᠤᠨ ᠣᠠᠴᠠᠯᠢᠭ ᠢ ᠪᠠᠷᠢᠵᠤ᠂ ᠲ᠋ᠠᠳᠠᠨ ᠲᠡᠶ ᠥᠢᠷᠡᠳᠤᠨ᠂ ᠭᠦᠢᠴᠡᠳ ᠪᠣᠰᠤ ᠭᠦᠷᠦᠯᠴᠡᠭᠦ ᠦᠭᠡᠶ ᠳᠡᠯ᠎ᠡ᠂ ᠡᠮᠵᠢᠭ᠌ ᠲᠡᠶ ᠳᠠᠯ᠎ᠠ ᠳᠤ ᠢᠯᠠ ᠪᠣᠰᠤ ᠪᠠᠷ ᠵᠠᠯᠠᠷᠠᠭᠤᠯᠭ᠎ᠠ ᠥᠭ᠍ᠴᠤ᠂ ᠬᠠᠡᠳᠦᠰᠢ ᠪᠠᠢ᠌ᠳᠠᠯ ᠢ ᠣᠢ᠌ᠯᠠᠭᠠᠨ᠎ᠠ᠃ ᠵᠠᠷᠢᠮ ᠦᠶᠡᠰ ᠴᠢᠬᠤᠯᠳᠠᠢ ᠪᠣᠯ ᠳᠤᠰᠬᠠᠢ ᠴᠠᠭ ᠶᠢᠡᠷ ᠳᠤᠰᠬᠠᠢ ᠭᠦᠮᠤᠨ ᠲᠡᠶ ᠶᠠᠷᠢᠯᠴᠠᠨ ᠰᠤᠷᠤᠭᠴᠢ ᠶᠢᠨ ᠪᠠᠶ᠎ᠠ ᠳ᠋ᠠᠭᠢ ᠲ᠋ᠠᠷᠤᠭᠠᠰᠤ ᠪᠣᠶᠤ ᠶᠠᠮᠠᠷ ᠨᠢᠭᠡᠨ ᠬᠠᠷᠰᠢ ᠰᠠᠭᠠᠤᠨ ᠲᠡᠶ ᠳᠠᠯ᠎ᠠ ᠵᠢ ᠵᠠᠳᠠᠯᠤᠨ ᠶᠡᠷᠢᠯᠴᠡᠵᠤ᠂ ᠭᠡᠪ ᠤᠨ ᠭᠦᠭ᠍ᠵᠢᠯᠳᠡ ᠶᠢᠨ ᠪᠠᠢ᠌ᠳᠠᠯ ᠢ ᠪᠠᠳᠤᠯᠠᠨ᠎ᠠ᠃

3.ᠬᠠᠮᠳᠤ ᠶᠢᠨ ᠡᠩᠨᠡᠭᠡᠨ ᠳᠤᠮᠳᠠ ᠦᠵᠡᠯ ᠰᠡᠳᠬᠢᠯᠭᠡ ᠶᠢ ᠨᠢ ᠥᠭᠡᠷᠡᠴᠢᠯᠡᠭᠦ

ᠰᠤᠷᠤᠭᠴᠢ ᠶᠢᠨ ᠬᠤᠭᠤᠷᠤᠠᠳᠠᠭᠢ ᠬᠠᠷᠢᠯᠴᠠᠭ᠎ᠠ ᠳᠤᠮᠳᠠ ᠵᠠᠷᠢᠮ ᠰᠤᠷᠤᠭᠴᠢ ᠰᠠᠳᠭᠢᠴᠠ ᠶᠢᠨ ᠳᠠᠯ᠎ᠠ ᠶᠢᠨ ᠳᠠᠷᠤᠯᠳᠠ ᠭᠢᠯᠪᠠᠷᠬᠠᠨ ᠤᠯᠳᠠᠭ᠃ ᠡᠢ᠌ᠮᠤ ᠡᠴᠡ ᠶᠡᠮᠡᠷ ᠨᠢᠭᠡᠨ ᠰᠠᠳᠭᠢᠴᠠ ᠪᠣᠳᠤᠯ ᠤᠨ ᠭᠦᠭ᠍ᠵᠢᠯᠳᠡ ᠡᠡᠨᠡᠢ ᠰᠤᠷᠤᠭᠴᠢ ᠶᠢ ᠬᠠᠮᠳᠤ ᠨᠢᠭᠡᠴᠡ ᠶᠢᠨ ᠳᠤᠮᠳᠠ ᠢᠯᠠ ᠪᠣᠶᠤ ᠳᠠᠯᠳᠠ ᠪᠠᠷ ᠰᠠᠢ᠌ᠰᠢᠶᠠᠬᠤ ᠪᠣᠶᠤ ᠰᠢᠭᠦᠮᠵᠢᠯᠡᠭᠦ ᠶᠢ ᠣᠷᠭᠠᠨᠢᠭ ᠶᠢᠡᠷ ᠣᠶᠠᠯᠳᠤᠭᠤᠯᠬᠤ ᠶᠢ ᠪᠠᠷᠢᠮᠳᠠᠯᠠᠬᠤ ᠭᠡᠷᠡᠭ᠍ᠳᠡᠢ᠃ ᠡᠭᠦᠨ ᠤ ᠬᠠᠮᠳᠤ ᠪᠣᠰᠤᠳ ᠰᠤᠷᠤᠭᠴᠢ ᠶᠢᠨ ᠳᠤᠰ ᠰᠤᠷᠤᠭᠴᠢ ᠶᠢᠨ ᠬᠤᠪᠢ ᠳ᠋ᠠᠭᠢ ᠵᠦᠪ ᠪᠣᠰᠤ ᠣᠪᠣᠷ ᠪᠣᠶᠤ ᠣᠢ᠌ᠯᠠ ᠠᠵᠢᠯᠯᠠᠭ᠎ᠠ ᠳᠤ ᠴᠠᠭ ᠳᠤᠬᠠᠢ ᠳ᠋ᠤᠨᠢ ᠳᠠᠷᠤᠯᠳᠠ ᠥᠭ᠍ᠴᠤ ᠰᠠᠢ᠌ᠳᠤᠷ ᠰᠢ᠌ᠳᠪᠦᠷᠢᠯᠡᠭᠦ ᠭᠡᠷᠡᠭ᠍ᠳᠡᠢ᠃

4.ᠪᠠᠶ᠎ᠠ ᠪᠠᠷ ᠭᠡᠪ ᠳᠠᠭᠤᠷᠢᠶᠠᠯ ᠪᠣᠯᠬᠤ ᠶᠢ ᠪᠠᠷᠢᠮᠳᠠᠯᠠᠬᠤ

ᠪᠠᠭᠰᠢ ᠪᠣᠯᠤᠭᠰᠠᠤᠨ ᠰᠤᠷᠤᠭᠴᠢᠳ ᠤᠨ ᠨᠢᠳᠤᠨ ᠡᠮᠦᠨᠡᠭᠢ ᠪᠣᠳᠠᠳᠤ ᠳᠠᠭᠤᠷᠢᠶᠠᠯ᠂ ᠮᠦᠨ ᠴᠤ ᠭᠦᠮᠤᠨ ᠤ ᠠᠮᠢᠳᠤᠷᠠᠯ ᠳ᠋ᠠᠭᠢ ᠪᠣᠳᠠᠳᠤ ᠪᠠᠢ᠌ᠳᠠᠯ ᠤᠨ ᠰᠢᠭᠤᠳ ᠳᠤᠰᠬᠠᠯ ᠪᠦᠭᠦᠢ ᠳᠤᠭᠯᠠᠭᠴᠢ ᠮᠥᠨ᠃ ᠢᠩᠭᠢᠭᠦᠯᠡᠷ ᠪᠠᠭᠰᠢ ᠪᠣᠯᠤᠭᠰᠠᠤᠨ ᠡᠷᠭᠡᠪᠠᠰᠢ ᠪᠠᠶ᠎ᠠ ᠪᠠᠷ ᠭᠡᠪ ᠳᠠᠭᠤᠷᠢᠶᠠᠯ ᠪᠣᠯᠬᠤ ᠶᠢ ᠪᠠᠷᠢᠮᠳᠠᠯᠠᠬᠤ ᠭᠡᠷᠡᠭ᠍ᠳᠡᠢ ᠮᠥᠷᠳᠡᠭᠡᠨ ᠶ‍ᠦᠰᠦᠳᠡᠢ᠃ ᠬᠡᠦᠬᠡᠳ ᠤᠨ ᠪᠣᠰᠤᠳ ᠢ ᠳᠠᠭᠤᠷᠢᠶᠠᠬᠤ ᠪᠣᠳᠤᠯ ᠴᠢᠩᠭ᠋᠎ᠠ ᠪᠠᠢ᠌ᠳᠠᠭ ᠡᠴᠡ ᠪᠠᠭᠰᠢ ᠪᠣᠯᠤᠭᠰᠠᠤᠨ ᠶᠠᠪᠣᠵᠤ ᠰᠠᠭᠤᠬᠤ᠂ ᠭᠡᠯᠡᠵᠤ ᠶᠡᠷᠢᠬᠤ᠂ ᠭᠦᠳᠡᠯᠵᠤ ᠰᠡᠳᠭᠢᠭᠦ᠂ ᠡᠡᠯᠢᠪᠡ ᠠᠵᠢᠯ ᠪᠦᠭᠦᠨ ᠳᠤ ᠶᠤᠰᠤ ᠰᠤᠷᠳᠠᠬᠤᠨ ᠤ ᠪᠣᠯᠪᠠᠰᠤᠨ ᠢ ᠡᠷᠭᠢᠮᠯᠡᠵᠤ᠂ ᠰᠤᠷᠤᠭᠴᠢᠳ ᠲᠤ ᠨᠥᠯᠦᠭᠡ ᠳᠤᠰᠬᠠᠯ ᠰᠠᠢ᠌ᠨ ᠪᠠᠢ᠌ᠵᠤ᠂ ᠰᠤᠷᠤᠭᠴᠢᠳ ᠤᠨ ᠢᠳᠡᠭᠡᠭᠦᠰᠢᠳᠡᠢ᠂ ᠪᠢᠰᠢᠷᠡᠭᠦᠰᠢᠳᠡᠢ᠂ ᠰᠤᠷᠤᠯᠴᠠᠭᠤᠰᠢᠳᠠᠢ ᠳᠤᠳᠤᠨᠤ ᠭᠦᠮᠤᠨ ᠪᠣᠯᠬᠤ ᠪᠠᠷ ᠴᠢᠷᠮᠠᠢ᠌ᠬᠤ ᠭᠡᠷᠡᠭ᠍ᠳᠡᠢ᠃ ᠭᠡᠷᠪᠡ ᠶᠠᠮᠠᠷ ᠨᠢᠭᠡᠨ ᠪᠠᠢ᠌ᠳᠠᠯ ᠳᠤ ᠰᠤᠷᠤᠭᠴᠢᠳ ᠤᠨ ᠳᠤᠮᠳᠠ ᠭᠡᠪ ᠪᠣᠰᠤ ᠪᠣᠶᠤ ᠪᠣᠷᠤᠭᠤᠳᠠᠭᠰᠠᠨ ᠪᠠᠢ᠌ᠳᠠᠯ ᠢᠯᠠᠷᠠᠪᠠᠯ ᠰᠤᠷᠤᠭᠴᠢᠳ ᠤᠨ ᠳᠤᠮᠳᠠ ᠵᠠᠯᠠᠷᠠᠭᠤᠯᠪᠠᠯ ᠰᠠᠢ᠌ᠨ︕ ᠡᠰᠡᠪᠠᠯ ᠵᠤᠭᠢᠰᠳᠠᠢ ᠭᠦᠢᠴᠡᠳ ᠳᠠᠢ᠌ᠯᠪᠣᠷᠢᠯᠠᠨ ᠣᠢ᠌ᠯᠠᠭᠠᠭᠤᠯᠤᠭᠰᠠᠨ ᠪᠠᠢ᠌ᠬᠤ ᠭᠡᠷᠡᠭ᠍ᠳᠡᠢ᠃

ᠬᠤᠶᠠᠷ᠂ ᠠᠮᠢᠳᠤᠷᠠᠯ ᠤᠨ ᠰᠠᠢ᠌ᠨ ᠰᠠᠢ᠌ᠬᠠᠨ ᠳᠠᠳᠬᠠᠯ ᠪᠠ ᠡᠷᠡᠭᠦᠯ ᠡᠩᠭᠡ ᠶᠢᠨ ᠭᠦᠮᠦᠵᠢᠯ ᠢ ᠠᠳᠬᠤᠬᠤ

1.ᠠᠷᠢᠭᠤᠨ ᠴᠠᠪᠠᠷ ᠢ ᠡᠷᠭᠢᠮᠯᠡᠭᠦ ᠳᠤᠬᠠᠢ

ᠡᠷᠡᠭᠦᠯ ᠬᠠᠮᠠᠭᠠᠯᠠᠯ ᠢ ᠡᠷᠭᠢᠮᠯᠡᠭᠦ ᠨᠢ ᠭᠦᠮᠤᠨ ᠤ ᠪᠠᠶ᠎ᠠ ᠶᠢᠨ ᠡᠷᠡᠭᠦᠯ ᠴᠢᠭᠢᠷᠠᠭ᠂ ᠭᠡᠪ ᠤᠨ ᠭᠦᠭ᠍ᠵᠢᠯᠳᠡ ᠶᠢᠨ ᠴᠢᠬᠤᠯᠠ ᠦᠨᠳᠦᠰᠦᠨ ᠪᠠᠳᠤᠯᠠᠭ᠎ᠠ᠃ ᠨᠠᠩ ᠢᠯᠠᠩᠭ᠋ᠤᠶ᠎ᠠ ᠬᠠᠮᠳᠤ ᠨᠠᠢ᠌ᠳᠠ ᠶᠢᠨ ᠳᠤᠮᠳᠠ ᠡᠷᠡᠭᠦᠯ ᠬᠠᠮᠠᠭᠠᠯᠠᠯ ᠢ ᠰᠠᠢ᠌ᠳᠤᠷ ᠡᠷᠭᠢᠮᠯᠡᠭᠦ ᠨᠢ ᠦᠪᠡᠷ ᠪᠢ ᠪᠠ ᠥᠷᠦᠭᠡᠯ ᠪᠣᠰᠤᠳ ᠲᠤ ᠬᠠᠷᠢᠭᠤᠴᠠᠵᠤ ᠪᠠᠢ᠌ᠭ᠎ᠠ ᠶᠢᠨ ᠢᠯᠠᠷᠠᠯ ᠪᠣᠯᠤᠨ᠎ᠠ᠃ ᠠᠩᠭᠢ ᠡᠷᠭᠢᠯᠡᠭ᠍ᠴᠢ ᠡᠴᠡ ᠰᠤᠷᠤᠭᠴᠢᠳ ᠤᠨ ᠬᠤᠪᠢ ᠪᠠᠶ᠎ᠠ᠂ ᠠᠮᠢᠳᠤᠷᠠᠯ ᠣᠷᠴᠢᠨ ᠤ ᠡᠷᠡᠭᠦᠯ ᠬᠠᠮᠠᠭᠠᠯᠠᠯ ᠤᠨ ᠳᠠᠯ᠎ᠠ ᠳᠤ ᠭᠦᠢᠴᠡᠳ ᠱᠠᠭᠠᠷᠳᠠᠯᠭ᠎ᠠ ᠳᠠᠯᠪᠢᠵᠤ᠂ ᠴᠢᠩᠭ᠋ᠠᠳᠬᠠᠨ ᠪᠠᠢ᠌ᠴᠠᠭᠠᠵᠤ᠂ ᠭᠦᠢᠴᠡᠳ ᠪᠣᠰᠤ ᠪᠣᠶᠤ ᠳᠤᠳᠠᠭᠳᠠᠯ ᠲᠡᠶ ᠳᠠᠯ᠎ᠠ ᠶᠢ ᠨᠢ ᠡᠷᠢᠵᠤ ᠰᠢ᠌ᠤᠠᠪᠣᠷᠢᠯᠠᠨ ᠰᠤᠷᠤᠭᠴᠢᠳ ᠶᠢᠡᠨ ᠠᠷᠢᠭᠤᠨ ᠴᠠᠪᠠᠷᠴᠢ᠌ ᠵᠠᠩᠰᠢᠯ ᠳᠠᠳᠬᠠᠯ ᠲᠡᠶ ᠪᠣᠯᠭᠠᠨ ᠭᠦᠮᠦᠵᠢᠭᠦᠯᠭᠦ ᠭᠡᠷᠡᠭ᠍ᠳᠡᠢ᠃

2.ᠠᠵᠢᠯᠴᠢ ᠪᠣᠷᠤᠭᠵᠢᠭᠤᠨ ᠠᠮᠢᠳᠤᠷᠠᠯ ᠤᠨ ᠳᠠᠳᠬᠠᠯ ᠢ ᠪᠣᠢ ᠪᠣᠯᠭᠠᠬᠤ

ᠶᠠᠭᠤᠨ ᠤ ᠡᠮᠦᠨ᠎ᠡ ᠭᠦᠳᠡᠯᠮᠦᠷᠢ ᠶᠢᠨ ᠦᠨ᠎ᠡ ᠥᠷᠳᠡᠭ᠌ ᠢ ᠭᠦᠢᠴᠡᠳ ᠣᠢ᠌ᠯᠠᠭᠠᠭᠤᠯᠤᠨ᠎ᠠ᠃ ᠡᠭᠦᠨ ᠳᠤ ᠠᠯᠵᠠᠭᠤ ᠵᠠᠯᠬᠠᠭᠤ ᠶᠢ ᠳᠡᠪᠴᠢᠭᠦ᠂ ᠬᠠᠰᠢ ᠶᠠᠰᠢ ᠶᠢ ᠣᠭᠤᠷᠬᠤ᠂ ᠲ᠋ᠤᠳᠠᠭᠤ ᠳᠤᠷᠭᠤᠨ ᠢ ᠭᠢᠴᠢᠶᠡᠭᠦ ᠵᠡᠷᠭᠡ ᠶᠢᠨ ᠭᠦᠮᠦᠵᠢᠯ ᠢ ᠪᠠᠷᠢᠮᠳᠡᠯᠡᠵᠤ᠂ ᠡᠳᠦᠷ ᠳᠤᠳᠤᠮ ᠤᠨ ᠠᠮᠢᠳᠤᠷᠠᠯ ᠰᠤᠷᠤᠯᠴᠠᠯᠭ᠎ᠠ ᠳᠠᠭᠠᠨ ᠢᠳᠠᠵᠤ ᠣᠭᠤᠤᠬᠤ ᠪᠠᠨ ᠳᠡᠩᠴᠡᠭᠦᠯᠤᠨ ᠠᠩᠬᠠᠷᠬᠤ᠂ ᠠᠮᠠᠷᠠᠵᠤ ᠣᠠᠳᠠᠬᠤ ᠪᠠᠨ ᠭᠦᠢᠴᠡᠳ ᠵᠤᠭᠢᠴᠠᠭᠤᠯᠬᠤ᠂ ᠨᠠᠭᠠᠳᠴᠤ ᠭᠦᠭᠡᠷᠦᠭᠦ ᠪᠠᠨ ᠭᠡᠮᠵᠢᠶᠡᠯᠡᠵᠤ ᠭᠢᠵᠠᠭᠠᠷᠯᠠᠬᠤ᠂ ᠠᠵᠢᠯ ᠭᠦᠳᠡᠯᠮᠦᠷᠢ ᠳᠤ ᠣᠬᠤᠷᠢᠯᠳᠠ ᠦᠭᠡᠶ᠂ ᠡᠮᠦᠰᠴᠤ ᠵᠡᠭᠦᠭᠦ ᠳᠡᠭᠡᠨ ᠡᠪᠯᠢᠭ᠌ ᠳᠤᠭᠢᠷᠠᠮᠵᠢᠳᠠᠢ ᠪᠠᠢ᠌ᠬᠤ ᠵᠡᠷᠭᠡ ᠣᠯᠠᠨ ᠳᠠᠯ᠎ᠠ ᠪᠠᠷ ᠰᠠᠨᠠᠭᠤᠯᠵᠤ ᠰᠤᠷᠭᠠᠬᠤ ᠶᠢ ᠭᠢᠴᠢᠶᠠᠵᠤ ᠰᠢᠯᠢᠳᠡᠭ᠌ ᠰᠠᠢ᠌ᠬᠠᠨ ᠠᠮᠢᠳᠤᠷᠠᠯ ᠤᠨ ᠵᠠᠩᠰᠢᠯ ᠢ ᠪᠣᠢ ᠪᠣᠯᠭᠠᠵᠤ ᠭᠦᠮᠦᠵᠢᠭᠦᠯᠭᠦ ᠶᠢ ᠵᠤᠷᠢᠨ᠎ᠠ᠃

3.ᠡᠷᠡᠭᠦᠯ ᠡᠩᠭᠡ ᠶᠢᠨ ᠭᠦᠮᠦᠵᠢᠯ ᠢ ᠪᠠᠷᠢᠮᠳᠠᠯᠠᠬᠤ

ᠦᠪᠡᠷ ᠤᠨ ᠶᠠᠪᠣᠵᠤ ᠰᠠᠭᠤᠬᠤ ᠪᠠᠨ ᠰᠢᠡᠵᠢᠯᠡᠭᠦ ᠣᠬᠠᠭᠠᠠᠴᠢ ᠪᠠᠷ ᠳᠤᠭᠢᠷᠠᠭᠤᠯᠵᠤ᠂ ᠡᠪᠡᠳᠴᠢᠨ ᠡᠮᠭᠡᠭ᠌ ᠡᠴᠡ ᠭᠢᠴᠢᠶᠠᠵᠤ ᠰᠡᠷᠭᠡᠢ᠌ᠯᠡᠨ᠂ ᠥᠪᠠᠷ ᠤᠨ ᠪᠠᠶ᠎ᠠ ᠳᠡᠭᠡᠨ ᠦᠨᠡᠠᠴᠢ ᠪᠠᠷ ᠬᠠᠠᠳᠤᠨ᠂ ᠪᠠᠶ᠎ᠠ ᠶᠢᠨ ᠢᠯᠠᠷᠠᠯ ᠪᠠᠢ᠌ᠳᠠᠯ ᠶᠢᠡᠨ ᠴᠠᠭ ᠳᠤᠬᠠᠢ ᠳ᠋ᠤᠨᠢ ᠣᠢ᠌ᠯᠠᠭᠠᠨ ᠡᠷᠡᠭᠦᠯ ᠡᠩᠭᠡ ᠨᠢᠭᠡᠳᠦᠭᠡᠷ ᠢ ᠪᠠᠷᠢᠮᠳᠠᠯᠠᠬᠤ᠂ ᠦᠪᠡᠷ ᠪᠢ ᠪᠠᠨ ᠬᠠᠢ᠌ᠷᠠᠯᠠᠵᠤ ᠭᠢᠮᠠᠭᠠᠳᠠᠬᠤ ᠣᠪᠣᠷ ᠰᠤᠷᠳᠠᠯ ᠲᠡᠶ ᠪᠠᠢ᠌ᠬᠤ ᠶᠢ ᠰᠠᠨᠠᠭᠤᠯᠵᠤ ᠭᠦᠮᠦᠵᠢᠭᠦᠯᠦᠨ᠎ᠡ᠃

4.ᠪᠠᠶ᠎ᠠ ᠳᠠᠮᠢᠷ ᠤᠨ ᠭᠦᠳᠡᠯᠭᠡᠭᠡᠨ ᠳᠤ ᠢᠳᠠᠪᠭᠢᠳᠠᠢ ᠣᠷᠤᠯᠴᠠᠭᠤᠯᠬᠤ

ᠠᠮᠢ ᠨᠠᠰᠤ ᠪᠠ ᠭᠦᠳᠡᠯᠭᠡᠭᠡᠨ ᠤ ᠨᠢᠭᠳᠠ ᠬᠤᠯᠪᠣᠭᠳᠠᠯ ᠢ ᠰᠤᠷᠤᠭᠴᠢᠳ ᠲᠤ ᠣᠢ᠌ᠯᠠᠭᠠᠭᠤᠯᠵᠤ᠂ ᠪᠠᠶ᠎ᠠ ᠳᠠᠮᠢᠷ ᠵᠢᠠᠨ ᠲ᠋ᠠᠪᠳᠠᠨ ᠪᠣᠯᠪᠠᠰᠤᠷᠠᠭᠤᠯᠬᠤ ᠡᠭᠦᠳᠡᠨ ᠡᠴᠡ ᠡᠯ᠎ᠡ ᠲᠦᠷᠦᠯ ᠶᠢᠨ ᠳᠠᠮᠢᠷ ᠤᠨ ᠭᠦᠳᠡᠯᠭᠡᠭᠡᠨ ᠳᠤ ᠣᠷᠤᠯᠴᠠᠬᠤ ᠣᠷᠮ᠎ᠠ ᠵᠤᠷᠢᠭ ᠢ ᠭᠦᠪᠴᠢᠯᠡᠵᠤ᠂ ᠪᠠᠶ᠎ᠡ ᠮᠠᠬᠠᠪᠣᠤᠨ ᠤᠨ ᠴᠢᠨᠠᠷ ᠴᠢᠠᠰᠠᠭ᠎ᠠ ᠪᠠᠨ ᠡᠷᠡᠭᠦᠯ ᠴᠢᠭᠢᠷᠠᠭ ᠤᠨ ᠪᠠᠷᠢᠮᠵᠢᠶ᠎ᠠ ᠳᠤ ᠭᠦᠷᠭᠡᠵᠤ ᠬᠡᠦᠬᠡᠳ ᠨᠢᠭᠡᠪᠦᠷᠢ ᠶᠢᠨ ᠪᠠᠶ᠎ᠠ ᠴᠢᠭᠢᠷᠠᠭ᠂ ᠮᠠᠬᠠᠪᠣᠤᠨ ᠤᠨ ᠭᠦᠭ᠍ᠵᠢᠯᠳᠡ ᠭᠡᠪ ᠤᠨ ᠪᠠᠢ᠌ᠬᠤ ᠶᠢ ᠪᠠᠳᠦᠯᠡᠨ᠎ᠡ᠃ ᠡᠭᠦᠨ ᠳᠤ ᠵᠠᠷᠢᠮ ᠰᠤᠷᠤᠭᠴᠢ ᠦᠰᠦᠯᠳᠠ ᠶᠢᠨ ᠶᠠᠪᠣᠴᠠ ᠳᠠᠭᠠᠨ ᠵᠤᠭᠢᠴᠠᠩᠭ᠋ᠤᠢ ᠪᠠᠶ᠎ᠠ ᠳᠠᠮᠢᠷ ᠤᠨ ᠭᠦᠳᠡᠯᠭᠡᠭᠡᠨ ᠳᠤ ᠣᠷᠤᠯᠴᠠᠭᠰᠠᠨ ᠦᠭᠡᠶ ᠡᠴᠡ ᠪᠣᠯᠵᠤ᠂ ᠪᠠᠶ᠎ᠠ ᠨᠢ ᠥᠰᠦᠭ᠍ᠰᠡᠨ ᠴᠤ ᠭᠦᠳᠡᠯᠦᠯ ᠨᠢ ᠪᠢᠳᠠᠭᠤ᠂ ᠠᠯᠬᠤᠮ ᠨᠢ ᠶᠡᠭᠡᠰᠦᠭ᠍ᠰᠡᠨ ᠴᠤ ᠬᠤᠷᠳᠤᠴᠠ ᠨᠢ ᠣᠳᠠᠭᠠᠨ ᠪᠠᠢ᠌ᠳᠠᠯ ᠢᠯᠡᠷᠡᠳᠡᠭ᠌᠃ ᠤᠨᠴᠠᠭᠠᠢ᠌ᠯᠠᠨ ᠡᠢ᠌ᠮᠦᠷᠭᠦ ᠰᠤᠷᠤᠭᠴᠢ ᠶᠢᠨ ᠪᠠᠶ᠎ᠠ ᠳᠠᠮᠢᠷ ᠤᠨ ᠭᠦᠳᠡᠯᠭᠡᠭᠡᠨ ᠤ ᠣᠷᠤᠯᠴᠠᠯ ᠳᠤ ᠢᠳᠠᠪᠭᠢᠳᠠᠢ ᠱᠠᠭᠠᠷᠳᠠᠯᠭ᠎ᠠ ᠦᠭ‍ᠭᠦ ᠭᠡᠷᠡᠭ᠍ᠳᠡᠢ᠃

ᠭᠤᠷᠪᠠ᠂ ᠠᠮᠤᠷ ᠲᠦᠪᠰᠢᠨ ᠤ ᠭᠦᠮᠦᠵᠢᠯ ᠢ ᠴᠠᠭ ᠢᠮᠠᠭᠳᠠ ᠪᠠᠷᠢᠮᠳᠠᠯᠠᠬᠤ

ᠠᠮᠤᠷ ᠲᠦᠪᠰᠢᠨ ᠤ ᠠᠰᠠᠭᠤᠳᠠᠯ ᠪᠣᠯ ᠠᠯᠢᠪᠠ ᠠᠰᠠᠭᠤᠳᠠᠯ ᠤᠨ ᠳᠡᠷᠢᠭᠦᠨ ᠠᠰᠠᠭᠤᠳᠠᠯ ᠮᠦᠨ᠃ 《ᠪᠠᠶ᠎ᠠ ᠪᠠᠢ᠌ᠪᠠᠯ ᠪᠠᠭᠡᠵᠢᠩ》 ᠭᠡᠳᠡᠭ᠌ ᠶᠢᠡᠷ ᠨᠢᠭᠡ ᠰᠤᠷᠤᠭᠴᠢ ᠳᠤ ᠠᠪᠴᠤ ᠭᠡᠯᠡᠪᠠᠯ ᠡᠷᠡᠭᠦᠯ ᠴᠢᠭᠢᠷᠠᠭ ᠪᠠᠶ᠎ᠠ ᠮᠠᠬᠠᠪᠣᠤᠨ ᠪᠠᠢ᠌ᠪᠠᠯ ᠰᠠ‍‌ᠶᠢ ᠭᠡᠪ ᠤᠨ ᠠᠮᠢᠳᠤᠷᠠᠯ ᠤᠨ ᠪᠠᠶᠠᠷ ᠪᠠᠬᠠᠳᠤᠯ᠂ ᠶᠠᠷᠤ ᠶᠢᠨ ᠠᠮᠢᠳᠤᠷᠠᠯ ᠤᠨ ᠭᠦᠰᠡᠯ ᠭᠦᠭᠡᠭᠡᠴᠡᠯᠳᠦᠯ᠂ ᠡᠡᠮᠢᠳᠦᠷᠡᠯ ᠰᠤᠷᠤᠯᠴᠠᠯᠭ᠎ᠠ ᠵᠢᠴᠢ ᠬᠤᠵᠢᠮ ᠤᠨ ᠠᠵᠢᠯ ᠣᠢ᠌ᠯᠠᠰ ᠤᠨ ᠳᠡᠭᠦᠰ ᠠᠮᠵᠢᠯᠳᠠ ᠲᠡᠶ ᠪᠠᠢ᠌ᠵᠤ᠂ ᠭᠡᠷᠪᠡ ᠡᠷᠡᠭᠦᠯ ᠪᠠᠶ᠎ᠠ ᠪᠠᠨ ᠠᠯᠳᠠᠪᠠᠯ ᠡᠭᠦᠨ ᠡᠴᠡ ᠪᠣᠯᠤᠭᠰᠠᠨ ᠬᠤᠭᠢᠷᠠᠯ ᠭᠡᠮᠰᠢᠯ ᠭᠡᠨ ᠴᠤ ᠭᠡᠵᠢᠶ᠎ᠡ ᠴᠤ ᠨᠥᠭᠦᠪᠦᠷᠢᠯᠡᠭᠦᠶ᠎ᠡ ᠪᠠᠷᠭᠡ ᠪᠣᠯᠬᠤ ᠶ‍ᠦᠮ᠃ ᠡᠭᠦᠨ ᠡᠴᠡ ᠰᠤᠷᠤᠭᠴᠢᠳ ᠲᠤ ᠴᠠᠭ ᠥᠷᠭᠦᠯᠵᠢ ᠠᠮᠤᠷ ᠲᠦᠪᠰᠢᠨ ᠤ ᠭᠦᠮᠦᠵᠢᠯ ᠭᠢᠵᠤ ᠪᠠᠢ᠌ᠬᠤ ᠨᠢ ᠶᠠᠭᠤᠨ ᠡᠴᠡ ᠴᠤ ᠳᠡᠷᠢᠭᠦᠨ ᠴᠢᠬᠤᠯᠠ ᠶᠤᠮ᠃ ᠲ᠋ᠤᠤᠷ᠎ᠠ ᠰᠤᠷᠤᠭᠴᠢ ᠶᠢᠨ ᠠᠮᠤᠷ ᠲᠦᠪᠰᠢᠨ ᠤ ᠳᠤᠬᠠᠢ ᠭᠡᠳᠤᠨ ᠳᠠᠯ᠎ᠠ ᠡᠴᠡ ᠠᠩᠬᠠᠷᠤᠨ ᠰᠠᠨᠠᠭᠤᠯᠤᠶ᠎ᠠ᠃

1.ᠡᠳᠦᠷ ᠳᠤᠳᠤᠮ ᠤᠨ ᠠᠮᠢᠳᠤᠷᠠᠯ ᠳᠤᠮᠳᠠ ᠰᠤᠷᠤᠭᠴᠢᠳ ᠤᠨ ᠠᠮᠤᠷ ᠲᠦᠪᠰᠢᠨ ᠪᠣᠰᠤ ᠣᠢ᠌ᠯᠠ ᠭᠦᠳᠡᠯᠦᠯ ᠢ ᠠᠩᠬᠠᠷᠤᠨ ᠠᠵᠢᠭᠯᠠᠵᠤ ᠣᠷᠤᠰᠢᠵᠤ ᠪᠠᠢ᠌ᠭ᠎ᠠ ᠠᠰᠠᠭᠤᠳᠠᠯ ᠤᠨ ᠳᠤᠬᠠᠢ ᠰᠤᠷᠤᠭᠴᠢᠳ ᠲᠤ ᠳᠠᠷᠣᠢ᠌ᠬᠠᠨ ᠰᠠᠨᠠᠭᠤᠯᠤᠨ ᠠᠩᠬᠠᠷᠠᠭᠤᠯᠵᠤ ᠦᠭ‍ᠭᠦ ᠭᠡᠷᠡᠭ᠍ᠳᠡᠢ᠃ ᠵᠠᠷᠢᠮ ᠰᠤᠷᠤᠭᠴᠢ ᠶᠢᠨ ᠠᠯᠢᠶ᠎ᠠ ᠭᠡᠴᠡᠭᠦᠳᠡᠯ ᠨᠢ ᠴᠤ ᠠᠮᠤᠷ ᠲᠦᠪᠰᠢᠨ ᠤ ᠪᠠᠳᠤᠯᠠᠭ᠎ᠠ ᠪᠠᠨ ᠠᠯᠳᠠᠳᠠᠭ ᠣᠴᠢᠷ ᠡᠴᠡ ᠡᠳᠡᠭᠡᠷ ᠰᠤᠷᠤᠭᠴᠢᠳ ᠲᠤ ᠢᠯᠡᠭᠦᠭᠡᠨ ᠰᠡᠷᠡᠮᠵᠢᠯᠡᠭᠦᠯᠦᠯ ᠦᠭ‍ᠭᠦ ᠭᠡᠷᠡᠭ᠍ᠳᠡᠢ᠃

2.ᠠᠵᠢᠯ ᠭᠦᠳᠡᠯᠮᠦᠷᠢ ᠳᠤ ᠤᠷᠦᠯᠴᠡᠬᠤ᠂ ᠭᠡᠷᠡᠭᠯᠡᠭᠡᠨ ᠤ ᠪᠠᠭᠠᠵᠢ ᠶᠢ ᠭᠡᠷᠡᠭᠯᠡᠭᠦ ᠳᠡᠭᠡᠨ ᠠᠩᠬᠠᠷᠬᠤ ᠴᠢᠬᠤᠯᠳᠠᠢ᠃ ᠠᠩᠭᠢ ᠨᠢᠭᠡᠴᠡ ᠪᠠᠷ ᠶᠢᠡᠨ ᠶᠠᠮᠠᠷ ᠨᠢᠭᠡᠨ ᠠᠵᠢᠯ ᠭᠦᠳᠡᠯᠮᠦᠷᠢ ᠳᠤ ᠣᠷᠤᠯᠴᠠᠬᠤ ᠳᠠᠭᠠᠨ ᠪᠠᠭᠰᠢ ᠡᠴᠡ ᠠᠵᠢᠯ ᠤᠨ ᠵᠢᠷᠤᠮᠵᠢᠯ ᠢ ᠭᠦᠢᠴᠡᠳ ᠤᠢ᠌ᠯᠠᠭᠠᠭᠤᠯᠵᠤ᠂ ᠡᠷᠴᠢᠮᠳᠡᠢ ᠡᠮᠭᠢ ᠴᠡᠭ᠍ᠴᠡ ᠲᠡᠶ ᠳᠤᠭᠢᠷᠠᠭᠤᠯᠬᠤ ᠭᠡᠷᠡᠭ᠍ᠳᠡᠢ᠃ ᠨᠡᠩ ᠢᠯᠠᠩᠭ᠋ᠤᠶ᠎ᠠ ᠪᠠᠭᠠᠵᠢ ᠭᠡᠷᠡᠭ᠍ᠰᠡᠯ ᠢ ᠭᠡᠷᠡᠭᠯᠡᠭᠦ ᠠᠷᠭ᠎ᠠ ᠵᠢᠴᠢ᠂ ᠠᠶᠤᠯ ᠦᠭᠡᠶ ᠭᠡᠷᠡᠭᠯᠡᠭᠦ ᠶᠢ ᠳᠠᠢ᠌ᠯᠪᠣᠷᠢᠯᠠᠨ ᠠᠩᠬᠠᠷᠠᠭᠤᠯᠤᠭᠰᠠᠨ ᠪᠠᠢ᠌ᠬᠤ ᠭᠡᠷᠡᠭ᠍ᠳᠡᠢ᠃

3.ᠵᠠᠮ ᠮᠦᠷ ᠤᠨ ᠠᠮᠤᠷ ᠲᠦᠪᠰᠢᠨ ᠢ ᠠᠩᠬᠠᠷᠬᠤ᠃ ᠰᠤᠷᠤᠭᠴᠢᠳ ᠤᠨ ᠵᠠᠮ ᠮᠦᠷ ᠤᠨ ᠠᠮᠤᠷ ᠲᠦᠪᠰᠢᠨ ᠤ ᠪᠠᠳᠤᠯᠠᠭ᠎ᠠ ᠶᠢ ᠭᠦᠢᠴᠡᠳ ᠠᠩᠬᠠᠷᠬᠤ ᠴᠢᠬᠤᠯᠳᠠᠢ᠃ ᠰᠤᠷᠤᠭᠴᠢ ᠪᠦᠭᠦᠨ ᠰᠤᠷᠭᠠᠭᠤᠯᠢ ᠡᠴᠡ ᠭᠡᠷ᠂ ᠭᠡᠷ ᠡᠴᠡ ᠰᠤᠷᠭᠠᠭᠤᠯᠢ ᠳᠤ ᠶᠠᠪᠣᠬᠤ ᠵᠠᠮ ᠵᠠᠭᠤᠷ᠎ᠠ ᠪᠣᠯ ᠰᠤᠷᠤᠭᠴᠢ ᠨᠠᠰᠤᠨ ᠤ ᠠᠮᠢᠳᠤᠷᠠᠯ ᠤᠨ ᠵᠠᠮ ᠬᠠᠷᠢᠯᠴᠠᠭᠠᠨ ᠤ ᠭᠤᠤᠯ ᠳᠤᠤᠷ ᠮᠦᠨ᠃ ᠵᠠᠮ ᠳᠤᠮᠳᠠᠭᠢ ᠳᠡᠷᠭᠡ ᠣᠨᠤᠭᠠᠨ ᠤ ᠬᠠᠤᠯᠢ ᠶᠤᠰᠤᠴᠢ ᠳᠦᠷᠢᠮ᠂ ᠵᠢᠯᠤᠭᠤᠴᠢ ᠶᠢᠨ ᠬᠠᠤᠯᠢ ᠶᠤᠰᠤᠴᠢ ᠠᠵᠢᠯᠯᠠᠭ᠎ᠠ᠂ ᠠᠶᠠᠯᠠᠭᠴᠢᠳ ᠤᠨ ᠵᠦᠪ ᠶᠤᠰᠤᠴᠢ ᠣᠪᠣᠷ ᠵᠡᠷᠭᠡ ᠶᠢᠨ ᠳᠤᠬᠠᠢ ᠭᠦᠢᠴᠡᠳ ᠪᠠᠳᠤᠯᠠᠭ᠎ᠠ ᠠᠪᠬᠤ ᠶᠢᠨ ᠳᠠᠭᠠᠤ ᠴᠠᠭ ᠥᠷᠭᠦᠯᠵᠢ ᠶᠢᠨ ᠴᠢᠨᠠᠷᠳᠠᠢ ᠵᠠᠮ ᠮᠦᠷ ᠤᠨ ᠠᠮᠤᠷ ᠲᠦᠪᠰᠢᠨ ᠤ ᠭᠦᠮᠦᠵᠢᠯ ᠢ ᠪᠠᠷᠢᠮᠳᠠᠯᠠᠬᠤ ᠭᠡᠷᠡᠭ᠍ᠳᠡᠢ᠃

4.ᠣᠯᠠᠨ ᠨᠠᠢ᠌ᠳᠠ ᠶᠢᠨ ᠭᠦᠳᠡᠯᠭᠡᠭᠡᠨ ᠤ ᠠᠮᠤᠷ ᠲᠦᠪᠰᠢᠨ ᠢ ᠪᠠᠳᠤᠯᠠᠬᠤ᠃ ᠰᠤᠷᠤᠭᠴᠢ ᠠᠮᠢᠳᠤᠷᠠᠯ ᠤᠨ ᠳᠤᠳᠤᠭᠠᠳᠤ ᠳᠤ ᠣᠯᠠᠨ ᠨᠠᠢ᠌ᠳᠠ ᠶᠢᠨ ᠭᠦᠳᠡᠯᠭᠡᠭᠡᠨ ᠣᠯᠠᠨ ᠲᠤᠬᠢᠶᠠᠯᠳᠤᠳᠠᠭ ᠮᠥᠷᠳᠡᠭᠡᠨ ᠣᠯᠠᠩᠭᠢ ᠰᠤᠷᠤᠭᠴᠢ ᠶᠢᠨ ᠣᠪᠣᠷ ᠰᠡᠳᠬᠢᠯᠭᠡ ᠭᠦᠭ᠍ᠵᠢᠭᠦᠨ ᠪᠤᠯᠵᠤ᠂ ᠭᠦᠭᠡᠷᠴᠤ ᠭᠦᠭ᠍ᠰᠡᠨ ᠶᠤᠰᠤ ᠳᠢᠭᠯᠢᠮ ᠢ ᠣᠮᠠᠷᠳᠠᠬᠤ ᠪᠣᠶᠤ ᠴᠢᠨᠠᠭᠰᠢᠯᠠᠪᠠᠯ ᠶᠤᠰᠤ ᠳᠢᠭᠯᠢᠮ ᠢ ᠵᠥᠷᠢᠴᠡᠭᠦ ᠥᠵᠡᠭ᠍ᠳᠡᠯ ᠴᠤ ᠢᠯᠡᠷᠡᠳᠡᠭ᠌ ᠡᠴᠡ ᠠᠩᠭᠢ ᠡᠷᠭᠢᠯᠡᠭ᠍ᠴᠢ ᠪᠣᠯᠤᠭᠰᠠᠤᠨ ᠴᠠᠭ ᠳᠤᠬᠠᠢ ᠳ᠋ᠤᠨᠢ ᠭᠦᠳᠡᠯᠭᠡᠭᠡᠨ ᠤ ᠪᠠᠢ᠌ᠳᠠᠯ ᠳᠤ ᠳᠤᠭᠢᠷᠠᠭᠤᠯᠤᠨ ᠭᠦᠢᠴᠡᠳ ᠰᠠᠨᠠᠭᠤᠯᠤᠯᠭ᠎ᠠ ᠭᠢᠭᠦ ᠪᠦᠭᠡᠳ ᠪᠠᠶ᠎ᠠ ᠪᠠᠷ ᠬᠠᠷᠠᠵᠤ ᠬᠠᠷᠠᠭᠠᠯᠵᠠᠬᠤ ᠭᠡᠷᠡᠭ᠍ᠳᠡᠢ᠃

5.ᠭᠢᠴᠢᠶᠠᠯ ᠰᠤᠷᠤᠯᠴᠠᠯᠠᠭ᠎ᠠ ᠶᠢᠨ ᠴᠠᠭ ᠤᠨ ᠠᠮᠤᠷ ᠲᠦᠪᠰᠢᠨ ᠢ ᠠᠩᠬᠠᠷᠠᠭᠤᠯᠬᠤ᠃ ᠡᠭᠦᠨ ᠳᠤ ᠳᠤᠷᠰᠢᠯᠳᠠ ᠶᠢᠨ ᠭᠢᠴᠢᠶᠠᠯ᠂ ᠲ᠋ᠠᠮᠢᠷ ᠤᠨ ᠭᠢᠴᠢᠶᠡᠯ᠂ ᠭᠦᠳᠡᠯᠭᠡᠭᠡᠨ ᠤ ᠭᠢᠴᠢᠶᠠᠯ᠂ ᠭᠢᠴᠢᠶᠠᠯ ᠤᠨ ᠳᠠᠩᠭᠢᠮ ᠡᠴᠡ ᠭᠠᠳᠠᠨᠠᠭᠢ ᠭᠢᠴᠢᠶᠠᠯ ᠵᠢᠴᠢ ᠳᠠᠪᠳᠠᠯᠭ᠎ᠠ ᠶᠢᠨ ᠭᠢᠴᠢᠶᠠᠯ ᠤᠨ ᠠᠮᠤᠷ ᠲᠦᠪᠰᠢᠨ ᠤ ᠪᠠᠳᠤᠯᠠᠭ᠎ᠠ ᠪᠠᠭᠳᠠᠨ᠎ᠠ᠃

6.ᠲ᠋ᠠᠷᠬᠠᠯᠳᠠ ᠶᠢᠨ ᠬᠤᠭᠤᠴᠠᠭᠠᠨ ᠤ ᠠᠮᠤᠷ ᠲᠦᠪᠰᠢᠨ ᠤ ᠳᠤᠬᠠᠢ ᠠᠩᠬᠠᠷᠠᠭᠤᠯᠤᠨ ᠰᠠᠨᠠᠭᠤᠯᠬᠤ᠃ ᠲ᠋ᠠᠷᠬᠠᠯᠳᠠ ᠶᠢᠨ ᠬᠤᠭᠤᠴᠠᠭᠠᠨ ᠤ ᠦᠶᠡᠰ ᠰᠤᠷᠤᠭᠴᠢᠳ ᠲᠠᠭᠠᠨ ᠠᠮᠤᠷ ᠲᠦᠪᠰᠢᠨ ᠤ ᠰᠠᠷᠠᠮᠵᠢᠯᠠᠯ ᠦᠭ‍ᠭᠦ ᠮᠥᠷᠳᠡᠭᠡᠨ ᠳᠤᠰᠬᠠᠢ ᠪᠢᠴᠢᠭ᠌ ᠤᠨ ᠭᠡᠯᠪᠠᠷᠢ ᠪᠠᠷ ᠭᠡᠷ ᠤᠨ ᠠᠬᠠᠮᠠᠤᠨ ᠲᠤ ᠨᠠᠢ᠌ᠳᠠᠨ ᠳᠤᠰᠢᠶᠠᠬᠤ ᠪᠢᠴᠢᠭ᠌ ᠭᠠᠷᠳᠠᠭᠤᠯᠪᠠᠯ ᠰᠠᠢ᠌ᠨ᠃ ᠲ᠋ᠠᠷᠬᠠᠯᠳᠠ ᠶᠢᠨ ᠬᠤᠭᠤᠴᠠᠭ᠎ᠠ ᠨᠢ ᠰᠤᠷᠤᠭᠴᠢ ᠳᠤ ᠠᠪᠴᠤ ᠭᠡᠯᠡᠪᠠᠯ ᠰᠤᠷᠭᠠᠭᠤᠯᠢ ᠶᠢᠨ ᠭᠦᠷᠢᠶᠡᠨ ᠳᠤ ᠪᠠᠢ᠌ᠬᠤ ᠲᠡᠶ ᠠᠳᠠᠯᠢᠤᠠᠬᠠᠪᠠᠯ ᠵᠤᠭᠢᠬᠤ ᠭᠡᠮᠵᠢᠶᠡᠨ ᠤ ᠡᠷᠭᠡ ᠴᠢᠯᠦᠭᠡᠳᠤ ᠴᠢᠨᠠᠷ ᠲᠡᠶ ᠪᠠᠢ᠌ᠳᠠᠭ ᠳᠤᠯᠠ ᠦᠪᠡᠷ ᠢ ᠪᠠᠨ ᠪᠣᠯᠭᠤᠮᠵᠢᠯᠠᠬᠤ ᠳᠠᠯ᠎ᠠ ᠪᠠᠷ ᠳᠤᠳᠠᠮᠠᠭ ᠪᠣᠯᠵᠤ᠂ ᠠᠶᠤᠯ ᠡ᠊ᠨᠳᠡᠯ ᠡᠴᠡ ᠭᠢᠴᠢᠶᠠᠮᠵᠢ ᠰᠤᠯᠠᠷᠠᠵᠤ᠂ ᠪᠣᠰᠤᠳ ᠤᠨ ᠳᠠᠭᠠᠭᠤᠯᠤᠯᠭ᠎ᠠ ᠳᠤ ᠠᠮᠠᠷᠬᠠᠨ ᠣᠷᠤᠵᠤ᠂ ᠴᠢᠨᠠᠭᠰᠢᠯᠠᠪᠠᠯ ᠳᠤᠷ᠎ᠠ ᠵᠤᠷᠢᠭ ᠴᠤ ᠭᠡᠴᠡᠭᠦᠳᠡᠳᠡᠭ᠌ ᠴᠤ ᠪᠣᠯᠤᠯᠴᠠᠭ᠎ᠠ ᠲᠡᠶ ᠳᠤᠯᠠ ᠳᠤᠰ ᠠᠵᠢᠯ ᠢ ᠨᠠᠢ᠌ᠳᠠᠪᠣᠷᠢᠵᠢᠭᠤᠯᠬᠤ ᠴᠢᠬᠤᠯᠠᠳᠠᠢ᠃

ᠳᠦᠷᠪᠠ︔ ᠰᠤᠷᠤᠯᠭ᠎ᠠ ᠶᠢᠨ ᠳᠠᠯ᠎ᠠ ᠪᠠᠷ ᠠᠩᠬᠠᠷᠤᠨ ᠬᠠᠷᠠᠭᠠᠯᠵᠠᠬᠤ

ᠭᠦᠮᠤᠨ ᠡᠴᠡ ᠰᠤᠷᠴᠤ ᠦᠪᠡᠷ ᠶᠢᠡᠨ ᠮᠡᠷᠭᠡᠰᠢᠭᠦ᠂ ᠪᠤᠰᠦᠳ ᠡᠴᠡ ᠰᠤᠷᠤᠯᠴᠠᠵᠤ ᠪᠠᠶ᠎ᠠ ᠪᠠᠨ ᠭᠦᠭ᠍ᠵᠢᠭᠦᠯᠭᠦ᠂ ᠪᠠᠶ᠎ᠠ ᠪᠠᠨ ᠵᠡᠪᠰᠡᠭᠯᠡᠵᠤ ᠨᠡᠢ᠌ᠭᠡᠮ ᠳᠤ ᠡᠷᠭᠦᠭᠦ᠂ ᠪᠠᠶ᠎ᠡ ᠪᠠᠨ ᠭᠦᠴᠦᠷᠭᠡᠭ᠍ᠵᠢᠭᠦᠯᠵᠤ ᠪᠣᠰᠤᠳ ᠲᠤ ᠥᠢᠯᠡᠴᠢᠯᠡᠭᠦ ᠪᠣᠯ ᠭᠦᠮᠤᠨ 《ᠰᠤᠷᠳᠠᠭ》 ᠤᠨ ᠣᠭ ᠴᠢᠨᠠᠷ ᠪᠠᠢ᠌ᠬᠤ ᠶᠤᠰᠤᠳᠠᠢ᠃ ᠰᠤᠷᠬᠤ ᠭᠡᠭ᠍ᠴᠢ ᠵᠥᠪᠭᠡᠨ ᠰᠤᠷᠤᠭᠴᠢ ᠭᠦᠮᠤᠨ ᠳᠤ ᠯᠠ ᠪᠠᠢ᠌ᠳᠠᠭ ᠪᠢᠰᠢ᠂ ᠵᠥᠪᠭᠡᠨ ᠰᠤᠷᠬᠤ ᠶᠢᠨ ᠳᠦᠪᠯᠡᠷᠡᠩᠭᠦᠢ ᠢᠯᠠᠷᠠᠯ ᠨᠢ ᠰᠤᠷᠤᠭᠴᠢ ᠨᠠᠰᠤᠨ ᠳᠤ ᠳᠤᠯᠭᠠᠷᠠᠳᠠᠭ᠃ ᠰᠢᠯᠳᠠᠭᠠᠨ ᠨᠢ 《ᠪᠠᠷᠰ ᠴᠠᠭ ᠲᠤ ᠪᠣᠰᠬᠤ ᠦᠭᠡᠶ ᠪᠣᠯ ᠡᠳᠦᠷ ᠤᠨ ᠠᠵᠢᠯ ᠬᠤᠵᠢᠭᠳᠠᠨ᠎ᠠ᠂ ᠪᠠᠭ᠎ᠠ ᠨᠠᠰᠤᠨ ᠳᠤ ᠰᠤᠷᠬᠤ ᠦᠭᠡᠶ ᠪᠣᠯ ᠨᠠᠰᠤᠨ ᠤ ᠠᠵᠢᠯ ᠬᠤᠵᠢᠭᠳᠠᠨ᠎ᠠ》 ᠭᠡᠭᠦ ᠥᠭᠡᠨ ᠳᠤ ᠪᠤᠢ᠃ ᠭᠡᠭᠦ ᠳᠤ ᠰᠤᠷᠤᠭᠴᠢ ᠪᠣᠯᠭᠠᠨ ᠤ ᠰᠤᠷᠬᠤ ᠳᠠᠳᠬᠠᠯ᠂ ᠰᠤᠷᠬᠤ ᠣᠷᠮ᠎ᠠ᠂ ᠰᠤᠷᠬᠤ ᠬᠤᠷᠳᠤᠴᠠ᠂ ᠰᠤᠷᠬᠤ ᠭᠦᠡᠴᠡ᠂ ᠰᠤᠷᠬᠤ ᠣᠪᠣᠷ᠂ ᠰᠤᠷᠬᠤ ᠵᠤᠷᠢᠭ᠂ ᠰᠤᠷᠬᠤ ᠵᠤᠷᠢᠯᠭ᠎ᠠ ᠨᠢ ᠠᠳᠠᠯᠢ ᠦᠭᠡᠶ ᠪᠠᠢ᠌ᠳᠠᠭ ᠮᠥᠷᠳᠡᠭᠡᠨ ᠣᠢ᠌ᠯᠠᠭᠠᠬᠤ ᠴᠢᠳᠡᠪᠦᠷᠢ᠂ ᠭᠦᠯᠢᠴᠡᠭᠦ ᠴᠢᠳᠡᠪᠦᠷᠢ᠂ ᠰᠡᠳᠭᠢᠭᠦ ᠴᠢᠳᠠᠪᠣᠷᠢ᠂ ᠣᠷᠤᠯᠳᠤᠬᠤ ᠴᠢᠳᠠᠪᠣᠷᠢ ᠠᠳᠠᠯᠢ ᠦᠭᠡᠶ᠃ ᠡᠭᠦᠨ ᠡᠴᠡ ᠭᠠᠳᠠᠨ᠎ᠠ ᠪᠠᠭᠰᠢ ᠶᠢᠨ ᠵᠢᠭᠠᠬᠤ ᠶᠢᠨ ᠠᠳᠠᠯᠢ ᠦᠭᠡᠶ ᠴᠢᠨᠡᠷ᠂ ᠭᠡᠷ ᠤᠨ ᠠᠬᠠᠮᠠᠤᠨ ᠤᠨ ᠱᠠᠭᠠᠷᠳᠠᠯᠭ᠎ᠠ ᠶᠢᠨ ᠠᠳᠠᠯᠢ ᠦᠭᠡᠶ ᠴᠢᠨᠠᠷ᠂ ᠰᠤᠷᠤᠯᠴᠠᠬᠤ ᠣᠷᠴᠢᠨ ᠤ ᠨᠥᠯᠦᠭᠡ ᠶᠢᠨ ᠠᠳᠠᠯᠢ ᠦᠭᠡᠶ ᠴᠢᠨᠠᠷ ᠡᠴᠡ ᠪᠣᠯᠵᠤ ᠰᠤᠷᠤᠭᠴᠢ ᠶᠢᠨ ᠰᠤᠷᠤᠯᠭ᠎ᠠ ᠶᠢᠨ ᠭᠢᠷᠢ ᠲᠦᠪᠰᠢᠨ ᠪᠦᠷ ᠦᠪᠡᠷ ᠤᠨ ᠭᠦᠭ᠍ᠵᠢᠯᠳᠡ ᠶᠢᠨ ᠣᠠᠴᠠᠯᠢᠭ ᠲᠡᠶ᠃ ᠡᠢ᠌ᠮᠤ ᠡᠴᠡ ᠨᠢᠭᠡᠨ ᠰᠤᠷᠤᠭᠴᠢ ᠶᠢᠨ ᠰᠤᠷᠤᠯᠭ᠎ᠠ ᠶᠢᠨ ᠭᠦᠴᠢᠷᠳᠡᠯ ᠢ ᠰᠢ᠌ᠳᠪᠦᠷᠢᠯᠡᠭᠦ ᠳᠤ ᠣᠯᠠᠨ ᠳᠠᠯ᠎ᠠ ᠡᠴᠡ ᠣᠴᠢᠵᠤ ᠣᠢ᠌ᠯᠠᠭᠠᠵᠤ ᠳᠠᠭᠠᠭᠤᠯᠬᠤ ᠭᠡᠷᠡᠭ᠍ᠳᠡᠢ᠃ ᠶᠠᠭᠠᠭᠢᠭᠰᠠᠨ ᠴᠤ ᠶᠠᠮᠠᠷ ᠨᠢᠭᠡᠨ ᠰᠤᠷᠬᠤ ᠠᠷᠭ᠎ᠠ ᠭᠡᠯᠪᠠᠷᠢ ᠶᠢ ᠥᠭᠦᠮᠡᠯ ᠶᠢᠡᠷ ᠳᠤᠬᠤᠬᠤ ᠪᠣᠶᠤ ᠶᠠᠮᠠᠷ ᠨᠢᠭᠡᠨ ᠠᠯᠪᠠᠳᠠᠯᠭ᠎ᠠ ᠶᠢᠨ ᠭᠦᠴᠤᠨ ᠳᠤ ᠳᠦᠰᠢᠭᠯᠡᠵᠤ ᠨᠢᠭᠡ ᠯᠠ ᠳᠠᠯ᠎ᠠ ᠪᠠᠷ ᠬᠠᠷᠠᠭᠠᠯᠵᠠᠵᠤ ᠪᠣᠯᠬᠤ ᠦᠭᠡᠶ ᠶᠤᠮ᠃

1.ᠶᠠᠭᠤᠨ ᠤ ᠤᠷᠢᠳ ᠰᠤᠷᠬᠤ ᠭᠡᠭ᠍ᠴᠢ ᠶᠢᠨ ᠵᠢᠩᠭᠢᠨᠢ ᠣᠤᠠᠬ᠎ᠠ ᠴᠢᠨᠠᠷ ᠢ ᠰᠤᠷᠤᠭᠴᠢᠳ ᠲᠤ ᠭᠦᠡᠵᠡᠭᠡᠢ ᠣᠢ᠌ᠯᠠᠭᠠᠭᠤᠯᠬᠤ ᠴᠢᠬᠤᠯᠠᠳᠠᠢ᠃

⑴᠂ ᠨᠡᠢ᠌ᠭᠡᠮ ᠤᠨ ᠣᠳᠤᠭᠢ ᠪᠠᠢ᠌ᠳᠠᠯ ᠤᠨ ᠡᠯ᠎ᠡ ᠳᠠᠯ᠎ᠠ ᠶᠢᠨ ᠱᠠᠭᠠᠷᠳᠠᠯᠭ᠎ᠠ ᠶᠢ ᠣᠢ᠌ᠯᠠᠭᠠᠭᠤᠯᠬᠤ᠃

⑵᠂ ᠪᠣᠳᠠᠰ ᠤᠨ ᠭᠦᠴᠤᠨ ᠤ ᠭᠦᠭ᠍ᠵᠢᠯᠳᠡ ᠪᠠ ᠮᠡᠳᠡᠯᠭᠡ ᠰᠤᠶᠤᠯ ᠤᠨ ᠥᠷᠭᠡᠵᠢᠯ ᠤᠨ ᠣᠶᠠᠯᠳᠤᠯ ᠡᠴᠡ ᠣᠴᠢᠵᠤ ᠣᠢ᠌ᠯᠠᠭᠠᠭᠤᠯᠬᠤ᠃

⑶᠂ ᠴᠢᠳᠠᠪᠭᠢ ᠶᠢᠨ ᠦᠪᠡᠷᠮᠢᠴᠠ ᠳᠠᠯ᠎ᠠ ᠡᠴᠡ ᠣᠢ᠌ᠯᠠᠭᠠᠭᠤᠯᠬᠤ᠃

⑷᠂ ᠣᠷᠤᠰᠢᠯ ᠳᠤᠭᠳᠠᠯ ᠠᠮᠢᠳᠤᠷᠠᠯ ᠤᠨ ᠳᠠᠯ᠎ᠠ ᠡᠴᠡ ᠣᠢ᠌ᠯᠠᠭᠠᠭᠤᠯᠬᠤ᠃

⑸᠂ ᠭᠦᠰᠡᠯ ᠭᠦᠭᠡᠭᠡᠴᠡᠯᠳᠦᠯ ᠤᠨ ᠳᠠᠯ᠎ᠠ ᠡᠴᠡ ᠣᠢ᠌ᠯᠠᠭᠠᠭᠤᠯᠬᠤ᠃

2.ᠰᠤᠷᠤᠯᠭ᠎ᠠ ᠠᠨᠠᠢ ᠰᠤᠷᠤᠭᠴᠢ ᠶᠢᠨ ᠰᠤᠷᠤᠯᠭ᠎ᠠ ᠶᠢᠨ ᠪᠠᠢ᠌ᠳᠠᠯ ᠢ ᠳᠡᠭᠡᠭ᠍ᠰᠢᠯᠡᠭᠦᠯᠭᠦ ᠳᠤ ᠳᠤᠰ ᠰᠤᠷᠤᠭᠴᠢ ᠶᠢᠨ ᠪᠣᠳᠠᠳᠤ ᠪᠠᠢ᠌ᠳᠠᠯ ᠢ ᠭᠦᠡᠵᠡᠭᠡᠢ ᠣᠢ᠌ᠯᠠᠭᠠᠨ ᠡᠯ᠎ᠡ ᠳᠠᠯ᠎ᠠ ᠡᠴᠡ ᠭᠠᠷᠳᠠᠨ ᠳᠠᠭᠠᠭᠤᠯᠬᠤ ᠭᠡᠷᠡᠭ᠍ᠳᠡᠢ᠃

⑴᠂ ᠰᠤᠷᠬᠤ ᠵᠤᠷᠢᠯᠭ᠎ᠠ ᠳᠤᠳᠤ ᠦᠭᠡᠶ ᠄ ᠵᠠᠷᠢᠮ ᠰᠤᠷᠤᠭᠴᠢ ᠳᠤ ᠠᠪᠴᠤ ᠭᠡᠯᠡᠪᠠᠯ ᠪᠢᠴᠢᠭ᠌ ᠰᠤᠷᠴᠤ ᠪᠠᠢ᠌ᠭ᠎ᠠ ᠶᠢᠨ ᠵᠤᠷᠢᠯᠭ᠎ᠠ ᠳᠤᠳᠤ ᠪᠢᠰᠢ᠂ ᠭᠡᠷ ᠤᠨ ᠠᠬᠠᠮᠠᠤᠨ ᠤᠨ ᠠᠯᠪᠠᠳᠠᠯᠭ᠎ᠠ ᠪᠣᠶᠤ ᠨᠠᠭᠠᠳᠴᠤ ᠳᠤᠭᠯᠠᠬᠤ ᠡᠭᠦᠳᠡᠨ ᠡᠴᠡ ᠰᠤᠷᠭᠠᠭᠤᠯᠢ ᠶᠢᠨ ᠱᠠᠳᠤ ᠶᠢ ᠥᠩᠭᠡᠷᠡᠭᠡᠵᠤ ᠪᠠᠢ᠌ᠭ᠎ᠠ ᠪᠠᠢ᠌ᠳᠠᠯ ᠪᠤᠢ᠂ ᠡᠳᠡᠭᠡᠷ ᠰᠤᠷᠤᠭᠴᠢ ᠳᠤ ᠬᠠᠠᠳᠤᠬᠤ ᠳᠠᠭᠠᠨ ᠰᠤᠷᠤᠯᠴᠠᠬᠤ ᠶᠢᠨ ᠵᠤᠷᠢᠯᠭ᠎ᠠ ᠬᠠᠷᠠᠯᠳᠠ ᠶᠢ ᠨᠢ ᠳᠤᠳᠤᠷᠬᠠᠢ ᠪᠤᠯᠭᠠᠨ᠂ ᠭᠦᠰᠡᠯ ᠳᠠᠮᠠᠤᠯᠠᠯ ᠵᠥᠭ᠌ ᠨᠢ ᠭᠦᠳᠦᠯᠵᠤ ᠳᠠᠭᠠᠭᠤᠯᠤᠨ ᠬᠠᠷᠠᠭᠠᠯᠵᠠᠨ ᠡᠭᠦᠨ ᠶᠢᠡᠷ ᠬᠠᠯᠠᠮᠵᠢᠯᠠᠬᠤ ᠠᠵᠢᠯ ᠤᠨ ᠶᠢᠡᠨ ᠡᠭᠢᠯᠡᠯᠳᠡ ᠪᠣᠯᠭᠠᠬᠤ ᠭᠡᠷᠡᠭ᠍ᠳᠡᠢ᠃

⑵᠂ ᠰᠠᠳᠭᠢᠴᠠ ᠶᠢᠨ ᠭᠦᠭ᠍ᠵᠢᠯᠳᠡ ᠭᠡᠪ ᠪᠣᠰᠤ᠄ ᠵᠠᠷᠢᠮ ᠰᠤᠷᠤᠭᠴᠢ ᠶᠢᠨ ᠰᠠᠳᠭᠢᠴᠠ ᠶᠢᠨ ᠭᠦᠭ᠍ᠵᠢᠯᠳᠡ ᠳᠤᠳᠠᠮᠠᠭ ᠪᠣᠶᠤ ᠠᠭᠠᠵᠢᠮ ᠪᠠᠢ᠌ᠵᠤ᠂ ᠬᠤᠷᠠᠭ ᠨᠠᠰᠤᠨ ᠤ ᠢᠵᠢᠯ ᠠᠯᠬᠤᠮᠳᠤ ᠰᠤᠷᠤᠯᠴᠠᠯᠭ᠎ᠠ ᠳᠠᠭᠠᠨ ᠭᠦᠴᠢᠷᠳᠡᠵᠤ᠂ ᠲ᠋ᠠᠭᠠᠵᠤ ᠠᠮᠵᠢᠬᠤ ᠦᠭᠡᠶ ᠪᠠᠢ᠌ᠳᠠᠭ᠃ ᠡᠳᠡᠭᠡᠷ ᠰᠤᠷᠤᠭᠴᠢ ᠶᠢᠨ ᠰᠤᠷᠤᠯᠭ᠎ᠠ ᠳᠤ ᠬᠠᠪᠰᠤᠷᠬᠤ ᠳᠠᠭᠠᠨ ᠰᠠᠳᠭᠢᠴᠠ ᠶᠢᠨ ᠭᠦᠭ᠍ᠵᠢᠯᠳᠡ ᠶᠢᠨ ᠳᠠᠯ᠎ᠠ ᠪᠠᠷ ᠢᠯᠡᠭᠦᠭᠡᠨ ᠬᠠᠷᠠᠭᠠᠯᠵᠠᠬᠤ ᠶᠤᠰᠤᠳᠠᠢ᠃

⑶᠂ ᠰᠡᠳᠭᠢᠯ ᠰᠠᠨᠠᠭᠠᠨ ᠤ ᠳᠠᠷᠤᠭᠠᠰᠤ ᠲᠡᠶ᠄ ᠵᠠᠷᠢᠮ ᠰᠤᠷᠤᠭᠴᠢ ᠶᠢᠨ ᠠᠷᠤ ᠭᠡᠷ ᠤᠨ ᠠᠮᠢᠳᠤᠷᠠᠯ ᠭᠦᠴᠢᠷᠳᠡᠢ ᠪᠣᠶᠤ ᠮᠠᠬᠠᠪᠣᠤᠨ ᠤᠨ ᠭᠦᠭ᠍ᠵᠢᠯᠳᠡ ᠶᠢᠨ ᠠᠰᠠᠭᠤᠳᠠᠯ ᠡᠰᠡᠪᠠᠯ ᠰᠠᠳᠭᠢᠴᠠ ᠶᠢᠨ ᠡᠮᠵᠡᠭ᠌ ᠲᠡᠶ ᠡᠴᠡ ᠪᠣᠯᠵᠤ ᠰᠤᠷᠤᠯᠭ᠎ᠠ ᠶᠢᠨ ᠳᠠᠯ᠎ᠠ ᠪᠠᠷ ᠪᠣᠰᠤᠳ ᠡᠴᠡ ᠬᠤᠴᠤᠷᠠᠭᠰᠠᠨ ᠪᠠᠢ᠌ᠳᠠᠭ᠃ ᠡᠳᠡᠭᠡᠷ ᠰᠤᠷᠤᠭᠴᠢ ᠳᠤ ᠦᠵᠡᠯ ᠰᠡᠳᠬᠢᠯᠭᠡ ᠶᠢᠨ ᠳᠠᠯ᠎ᠠ ᠪᠠᠷ ᠢᠯᠡᠭᠦᠭᠡᠨ ᠬᠠᠮᠵᠢᠯᠴᠠᠵᠤ᠂ ᠲ᠋ᠠᠳᠠᠨ ᠤ ᠪᠣᠰᠤᠳ ᠡᠴᠡ ᠦᠪᠡᠷ ᠲᠤ ᠪᠠᠨ ᠢᠯᠭᠠᠬᠤ᠂ ᠭᠤᠳᠤᠷᠡᠬᠤ᠂ ᠢᠯᠡᠭᠦᠴᠡ ᠰᠠᠨᠠᠭᠠᠰᠢᠷᠠᠬᠤ᠂ ᠪᠣᠰᠤᠳ ᠡᠴᠡ ᠵᠡᠢ᠌ᠳᠡᠬᠤ᠂ ᠭᠡᠯᠡᠭ᠍ᠳᠡᠭᠦ ᠡᠴᠡ ᠵᠤᠪᠠᠬᠤ ᠵᠡᠷᠭᠡ ᠰᠠᠳᠭᠢᠴᠠ ᠶᠢᠨ ᠰᠠᠭᠠᠤᠨ ᠬᠠᠷᠰᠢ ᠳᠤ ᠳᠠᠢ᠌ᠤᠠᠬᠠᠷᠠᠭᠤᠯᠤᠯ ᠪᠣᠶᠤ ᠵᠤᠷᠢᠭᠵᠢᠭᠤᠯᠤᠯ ᠭᠢᠭᠦ ᠭᠡᠷᠡᠭ᠍ᠳᠡᠢ᠃

⑷᠂ ᠮᠤᠷᠠᠯ ᠰᠤᠷᠳᠠᠯ ᠠᠨᠠᠢ᠄ ᠵᠠᠷᠢᠮ ᠰᠤᠷᠤᠭᠴᠢ ᠶᠢᠨ ᠶᠤᠰᠤ ᠰᠤᠷᠳᠠᠬᠤᠨ ᠠᠨᠠᠢ᠂ ᠦᠵᠡᠯ ᠰᠡᠳᠬᠢᠯᠭᠡ ᠭᠠᠵᠢᠭᠤ᠂ ᠡᠳᠡᠭᠡᠳ ᠵᠥᠷᠢᠭᠦᠤᠨ ᠵᠠᠩ ᠲᠡᠶ ᠡᠴᠡ ᠪᠣᠯᠵᠤ ᠰᠤᠷᠤᠯᠭ᠎ᠠ ᠭᠢᠴᠢᠶᠠᠯ ᠳᠡᠭᠡᠨ ᠰᠢᠮᠳᠡᠭᠦ ᠦᠭᠡᠶ ᠪᠠᠢ᠌ᠳᠠᠭ᠃ ᠡᠳᠡᠭᠡᠷ ᠰᠤᠷᠤᠭᠴᠢ ᠳᠤ ᠬᠠᠠᠳᠤᠬᠤ ᠳᠠᠭᠠᠨ ᠮᠤᠷᠠᠯ ᠤᠨ ᠭᠦᠮᠦᠵᠢᠯ ᠢ ᠳᠡᠷᠢᠭᠦᠨ ᠪᠠᠢ᠌ᠷᠢᠨ ᠳᠤ ᠠᠳᠬᠤᠵᠤ᠂ ᠮᠤᠷᠠᠯ ᠤᠨ ᠣᠬᠠᠭᠠᠷᠠᠯ ᠶᠢᠡᠷ ᠰᠢᠵᠢᠮᠯᠡᠭᠦ ᠶᠤᠰᠤᠳᠠᠢ᠃

⑸᠂ ᠰᠤᠷᠤᠯᠴᠠᠬᠤ ᠣᠷᠮ᠎ᠠ ᠳᠤᠳᠠᠮᠠᠭ᠄ ᠵᠠᠷᠢᠮ ᠰᠤᠷᠤᠭᠴᠢ ᠰᠤᠷᠤᠯᠴᠠᠯᠭ᠎ᠠ ᠳᠠᠭᠠᠨ ᠬᠠᠰᠢ ᠶᠠᠰᠢ ᠬᠠᠠᠳᠤᠯᠭ᠎ᠠ ᠲᠡᠶ ᠪᠠᠢ᠌ᠵᠤ᠂ ᠰᠤᠷᠤᠯᠴᠠᠯᠭ᠎ᠠ ᠶᠢᠨ ᠳᠤᠮᠳᠠ ᠡᠴᠡ ᠦᠪᠡᠷ ᠤᠨ ᠣᠯᠤᠯᠳᠠ ᠭᠡᠳᠡᠭ᠌ ᠢ ᠣᠯᠵᠤ ᠮᠡᠳᠡᠷᠡᠭ᠍ᠰᠡᠨ ᠦᠭᠡᠶ ᠡᠴᠡ ᠴᠠᠭ ᠢ ᠠᠰᠢᠭᠯᠠᠨ ᠰᠤᠷᠤᠯᠴᠠᠬᠤ᠂ ᠰᠢᠮᠳᠠᠢ ᠰᠤᠷᠤᠯᠴᠠᠬᠤ᠂ ᠣᠷᠮᠠᠳᠠᠢ ᠰᠡᠳᠭᠢᠭᠦ ᠵᠡᠷᠭᠡ ᠳᠠᠯ᠎ᠠ ᠪᠠᠷ ᠭᠦᠷᠦᠯᠴᠡᠭᠦ ᠦᠭᠡᠶ ᠪᠠᠢ᠌ᠳᠠᠭ᠃ ᠡᠳᠡᠭᠡᠷ ᠰᠤᠷᠤᠭᠴᠢ ᠳᠤ ᠬᠠᠠᠳᠤᠬᠤ ᠳᠠᠭᠠᠨ ᠰᠤᠷᠤᠯᠴᠠᠯᠭ᠎ᠠ ᠶᠢᠨ ᠪᠠᠶᠠᠷ ᠪᠠᠶᠠᠰᠤᠯ ᠢ ᠶᠡᠭᠡᠭᠡᠨ ᠣᠯᠭᠤᠵᠤ᠂ ᠣᠷᠮ᠎ᠠ ᠵᠤᠷᠢᠭ ᠢ ᠨᠢ ᠭᠦᠪᠴᠢᠯᠡᠨ᠂ ᠰᠤᠷᠦᠯᠴᠡᠯᠭ᠎ᠠ ᠶᠢᠨ ᠳᠠᠯ᠎ᠠ ᠶᠢᠨ ᠱᠠᠭᠠᠷᠳᠠᠯᠭ᠎ᠠ ᠶᠢ ᠶᠡᠭᠡᠭᠡᠨ ᠳᠠᠯᠪᠢᠬᠤ ᠭᠡᠷᠡᠭ᠍ᠳᠡᠢ᠃

3.ᠡᠯ᠎ᠡ ᠭᠢᠴᠢᠶᠠᠯ ᠲᠦᠷᠦᠯ ᠶᠢᠡᠨ ᠢᠯᠭᠠᠯ ᠦᠭᠡᠶ ᠰᠤᠷᠤᠯᠴᠠᠬᠤ ᠳᠠᠳᠬᠠᠯ ᠲᠡᠶ ᠪᠣᠯᠭᠠᠬᠤ

ᠰᠤᠷᠤᠭᠴᠢᠳ ᠤᠨ ᠣᠷᠮ᠎ᠠ ᠰᠤᠨᠢᠷᠬᠠᠯ᠂ ᠲ᠋ᠤᠷ᠎ᠠ ᠪᠠᠬ᠎ᠠ᠂ ᠣᠢ᠌ᠯᠠᠭᠠᠬᠤ ᠴᠢᠳᠠᠪᠣᠷᠢ᠂ ᠦᠪᠡᠷᠮᠢᠴᠠ ᠣᠠᠴᠠᠯᠢᠭ ᠡᠴᠡ ᠪᠣᠯᠵᠤ ᠳᠠᠳᠠᠨ ᠤ ᠠᠯᠢ ᠨᠢᠭᠡᠨ ᠭᠢᠴᠢᠶᠠᠯ ᠳᠤ ᠠᠪᠣᠭᠰᠠᠨ ᠰᠤᠷᠤᠯᠴᠠᠬᠤ ᠣᠪᠣᠷ ᠨᠢ ᠵᠤᠭᠢᠬᠤ ᠭᠡᠮᠵᠢᠶ᠎ᠡ ᠪᠠᠷ ᠠᠳᠠᠯᠢ ᠦᠭᠡᠶ ᠪᠠᠢ᠌ᠳᠠᠭ᠃ ᠨᠢᠭᠡ ᠰᠤᠷᠤᠭᠴᠢ ᠶᠢᠨ ᠰᠤᠷᠤᠯᠭ᠎ᠠ ᠶᠢᠨ ᠪᠠᠢ᠌ᠳᠠᠯ ᠤᠨ ᠳᠡᠭᠡᠭ᠍ᠰᠢᠯᠡᠯᠳᠡ ᠨᠢ ᠡᠯ᠎ᠡ ᠭᠢᠴᠢᠶᠠᠯ ᠤᠨ ᠮᠡᠳᠡᠯᠭᠡ ᠶᠢᠨ ᠪᠦᠷᠭᠦᠴᠡ ᠶᠢᠨ ᠳᠡᠭᠡᠭ᠍ᠰᠢᠯᠡᠯᠳᠡ ᠪᠠᠢ᠌ᠬᠤ ᠡᠰᠡᠭᠦ ᠪᠠᠷ ᠮᠡᠳᠡᠷᠡᠭ᠍ᠳᠡᠨ᠎ᠡ᠃ ᠡᠡᠯᠢ ᠨᠢᠭᠡᠨ ᠭᠢᠴᠢᠶᠠᠯ ᠲᠦᠷᠦᠯ ᠳᠡᠭᠡᠨ ᠠᠨᠠᠢ ᠪᠠᠢ᠌ᠵᠤ ᠳᠤᠰ ᠭᠢᠴᠢᠶᠠᠯ ᠳᠡᠭᠡᠨ ᠣᠷᠤᠯᠳᠤᠯᠭ᠎ᠠ ᠴᠢᠷᠮᠠᠢ᠌ᠯᠠᠭ᠎ᠠ ᠠᠪᠬᠤ ᠦᠭᠡᠶ ᠪᠣᠯ ᠡᠨᠡᠭᠦ ᠰᠤᠷᠤᠭᠴᠢ ᠶᠢᠨ ᠪᠦᠭᠦᠢᠯᠡ ᠮᠡᠳᠡᠯᠭᠡ ᠶᠢᠨ ᠪᠦᠷᠭᠦᠴᠡ ᠴᠤ ᠭᠢᠵᠠᠭᠠᠷᠳᠠᠮᠠᠯ ᠪᠠᠢ᠌ᠳᠠᠯ ᠳᠤ ᠣᠶᠠᠭᠳᠠᠵᠤ ᠪᠠᠢ᠌ᠳᠠᠭ᠃ ᠪᠣᠳᠠᠳᠤ ᠠᠮᠢᠳᠤᠷᠠᠯ ᠳᠤᠮᠳᠠ ᠨᠢᠭᠡᠨ ᠮᠡᠳᠡᠯᠭᠡ ᠶᠢᠨ ᠣᠯᠠᠨ ᠭᠡᠷᠡᠭ᠍ᠴᠡᠭᠡᠳᠤ ᠴᠢᠨᠠᠷ ᠪᠠᠢ᠌ᠬᠤ ᠪᠦᠭᠡᠳ ᠣᠯᠠᠨ ᠮᠡᠳᠡᠯᠭᠡ ᠶᠢᠨ ᠨᠢᠭᠡᠨ ᠶᠠᠪᠣᠳᠠᠯ ᠳ᠋ᠠᠭᠢ ᠠᠭᠤᠰᠤᠯᠴᠠᠭ᠎ᠠ ᠴᠤ ᠣᠷᠤᠰᠢᠳᠠᠭ᠃ ᠠᠯᠢ ᠴᠤ ᠭᠢᠴᠢᠶᠠᠯ ᠲᠦᠷᠦᠯ ᠭᠡᠳ ᠦᠪᠡᠷ ᠤᠨ ᠭᠢᠨᠢ ᠳᠤᠳᠠᠭᠳᠠᠵᠤ ᠪᠣᠯᠤᠰᠢ ᠦᠭᠡᠶ ᠦᠪᠡᠷᠮᠢᠴᠠ ᠴᠢᠬᠤᠯᠠ ᠭᠡᠷᠡᠭ᠍ᠴᠡᠭᠡ ᠪᠠᠢ᠌ᠳᠠᠭ᠃ ᠲ᠋ᠤᠭᠤᠯᠠᠩ ᠭᠦᠮᠤᠨ ᠭᠡᠵᠢᠶ᠎ᠡ ᠴᠤ ᠡᠷᠡᠭᠦᠯ ᠭᠦᠮᠤᠨ ᠤ ᠬᠤᠷᠳᠤᠴᠠ ᠶᠢ ᠭᠦᠢᠴᠡᠭᠦ ᠦᠭᠡᠶ ᠲᠡᠶ ᠠᠳᠠᠯᠢ ᠳᠤᠭᠤᠯᠠᠩ ᠰᠤᠷᠤᠯᠴᠠᠯᠭ᠎ᠠ ᠭᠡᠵᠢᠶ᠎ᠡ ᠴᠤ ᠰᠢᠯᠢᠳᠡᠭ᠌ ᠦᠷ᠎ᠡ ᠪᠦᠳᠦᠮᠵᠢ ᠶᠢ᠌ ᠠᠪᠴᠢᠷᠠᠵᠤ ᠴᠢᠳᠠᠬᠤ ᠦᠭᠡᠶ ᠶᠤᠮ᠃

ᠲ᠋ᠠᠪᠤ᠂ ᠠᠩᠭᠢ ᠡᠷᠭᠢᠯᠡᠭ᠍ᠴᠢ ᠪᠠᠭᠰᠢ ᠪᠣᠯᠤᠭᠰᠠᠤᠨ ᠤᠨ ᠴᠢᠳᠠᠪᠭᠢ ᠶᠢᠨ ᠳᠠᠯ᠎ᠠ

ᠭᠦᠮᠤᠨ ᠪᠣᠯᠭᠠᠨ ᠳᠤᠰᠬᠠᠢ ᠪᠠᠭᠰᠢ ᠶᠢᠨ ᠠᠵᠢᠯ ᠳᠤ ᠳᠤᠭᠢᠷᠠᠬᠤ ᠪᠢᠰᠢ᠂ ᠪᠠᠭᠰᠢ ᠪᠣᠯᠭᠠᠨ ᠠᠩᠭᠢ ᠡᠷᠭᠢᠯᠡᠭ᠍ᠴᠢ ᠶᠢᠨ ᠠᠵᠢᠯ ᠢ ᠭᠢᠵᠤ ᠳᠤᠭᠢᠷᠠᠬᠤ ᠪᠢᠰᠢ᠃ ᠪᠠᠭᠰᠢ ᠭᠦᠮᠤᠨ ᠢ ᠶᠠᠭᠤᠨ ᠳᠤ ᠡᠷᠭᠢᠮ ᠳᠡᠭᠡᠳᠤ ᠳᠤ ᠥᠵᠡᠳᠡᠭ᠌ ᠪᠣᠢ︖ ᠶᠠᠭᠤᠨ ᠳᠤ ᠪᠠᠭᠰᠢ ᠶᠢᠨ ᠠᠵᠢᠯ ᠢ ᠵᠥᠳᠡᠭᠦᠷᠢᠳᠡᠢ ᠭᠡᠵᠤ ᠶᠠᠷᠢᠳᠠᠭ ᠪᠣᠢ︖

1.ᠲ᠋ᠠ ᠰᠤᠷᠤᠭᠴᠢᠳ ᠲᠡᠶ ᠣᠢ᠌ᠷᠠᠳᠤᠯᠴᠠᠵᠤ ᠴᠢᠳᠠᠬᠤ ᠡᠰᠡᠭᠦ ᠶᠢᠨ ᠳᠤᠬᠠᠢ ᠪᠣᠳᠤᠯᠭᠢᠯᠠ︕

ᠠᠪᠣ ᠶᠢᠨ ᠬᠡᠦᠬᠡᠳ ᠠᠳᠠᠯᠢ ᠦᠭᠡᠶ᠂ ᠠᠷᠪᠠᠨ ᠬᠤᠷᠤᠭᠤ ᠳᠡᠭ᠍ᠰᠢ ᠦᠭᠡᠶ᠃ ᠬᠡᠦᠬᠡᠳ ᠰᠤᠷᠤᠭᠴᠢ ᠶᠢᠨ ᠳᠤᠮᠳᠠ ᠦᠪᠡᠷ ᠤᠨ ᠵᠠᠢ ᠶᠢ ᠥᠭ᠍ᠴᠤ ᠴᠢᠳᠠᠬᠤ ᠡᠰᠡᠭᠦ ᠨᠢ ᠠᠩᠭᠢ ᠡᠷᠭᠢᠯᠡᠭ᠍ᠴᠢ ᠪᠣᠯᠤᠭᠰᠠᠤᠨ ᠤᠨ ᠨᠢᠭᠡᠨ ᠣᠷᠢᠳᠠᠴᠠ ᠨᠥᠭᠦᠴᠡᠯ ᠪᠠᠢ᠌ᠬᠤ ᠶᠤᠰᠤᠳᠠᠢ᠃ ᠰᠤᠷᠤᠭᠴᠢ ᠪᠠᠭᠰᠢ ᠣᠢ᠌ᠷᠠᠳᠤᠯᠴᠠᠵᠤ ᠴᠢᠳᠠᠪᠠᠯ ᠰᠠ‍‌ᠶᠢ ᠳᠤᠰ ᠰᠤᠷᠤᠭᠴᠢ ᠶᠢᠨ ᠪᠦᠭᠦᠢᠯᠡ ᠪᠠᠢ᠌ᠳᠠᠯ ᠳ᠋ᠤ ᠣᠢ᠌ᠯᠠᠭᠠᠯᠳᠠ ᠲᠡᠶ ᠪᠣᠯᠵᠤ ᠴᠢᠳᠠᠬᠤ ᠮᠥᠷᠳᠡᠭᠡᠨ ᠳᠤᠰ ᠰᠤᠷᠤᠭᠴᠢ ᠶᠢᠨ ᠬᠤᠪᠢ ᠳᠤ ᠴᠤ ᠠᠪᠴᠤ ᠭᠡᠯᠡᠪᠠᠯ ᠠᠯᠢᠪᠠ ᠭᠦᠴᠤᠨ ᠴᠢᠳᠠᠪᠭᠢ ᠨᠢ ᠪᠣᠳᠠᠳᠤ ᠢᠯᠠᠷᠠᠯ ᠪᠠ ᠳᠡᠭᠡᠭ᠍ᠰᠢᠯᠡᠯᠳᠡ ᠭᠦᠭ᠍ᠵᠢᠯᠳᠡ ᠲᠡᠶ ᠪᠣᠯᠵᠤ ᠴᠢᠳᠠᠨ᠎ᠠ᠃

2.ᠲ᠋ᠠ ᠰᠤᠷᠤᠭᠴᠢ ᠶᠢᠨ ᠭᠦᠨ ᠭᠦᠡᠳᠦᠳᠭᠡᠯ ᠪᠢᠰᠢᠷᠠᠯ ᠢ ᠣᠯᠵᠤ ᠴᠢᠳᠠᠬᠤ ᠡᠰᠡᠭᠦ᠃

ᠲ᠋ᠠᠭᠤᠷᠢᠶᠠᠯ ᠴᠢᠳᠠᠪᠭᠢ ᠪᠣᠯ ᠬᠡᠦᠬᠡᠳ ᠨᠠᠰᠤᠨ ᠤ ᠨᠡᠢ᠌ᠳᠡᠯᠢᠭ᠌ ᠣᠠᠴᠠᠯᠢᠭ ᠪᠠᠢ᠌ᠵᠤ᠂ ᠰᠤᠷᠤᠭᠴᠢ ᠶᠢᠨ ᠠᠬᠠᠮᠠᠤᠨ ᠶᠢᠡᠷ ᠭᠡᠪ ᠳᠠᠭᠤᠷᠢᠶᠠᠯ ᠪᠣᠯᠭᠠᠬᠤ᠂ ᠪᠠᠭᠰᠢ ᠪᠠᠷ ᠭᠡᠪ ᠳᠠᠭᠤᠷᠢᠶᠠᠯ ᠪᠣᠯᠭᠠᠬᠤ ᠦᠵᠡᠯ ᠨᠢ ᠶᠠᠷᠤᠳᠠ ᠶᠢᠨ ᠪᠠᠢ᠌ᠳᠠᠯ ᠪᠤᠯᠤᠨ᠎ᠠ᠃ ᠡᠭᠦᠨ ᠳᠤ ᠠᠩᠭᠢ ᠡᠷᠭᠢᠯᠡᠭ᠍ᠴᠢ ᠪᠠᠭᠰᠢ ᠪᠣᠯᠤᠭᠰᠠᠤᠨ ᠪᠣᠯ ᠳᠤᠰ ᠠᠩᠭᠢ ᠶᠢᠨ ᠰᠤᠷᠤᠭᠴᠢᠳ ᠤᠨ ᠡᠳᠦᠷ ᠳᠤᠳᠤᠮ ᠤᠨ ᠠᠮᠢᠳᠤᠷᠠᠯ ᠰᠤᠷᠤᠯᠴᠠᠯᠭ᠎ᠠ ᠶᠢᠨ ᠳᠤᠮᠳᠠᠭᠢ ᠥᠷᠭᠦᠯᠵᠢ ᠶᠢᠨ ᠳᠠᠭᠠᠭᠤᠯᠤᠭᠴᠢ ᠭᠦᠳᠦᠯᠦᠭ᠍ᠴᠢ ᠪᠦᠭᠡᠳ ᠳᠠᠭᠤᠷᠢᠶᠠᠯ ᠥᠵᠡᠭᠦᠯᠦᠭ᠍ᠴᠢ ᠮᠦᠨ ᠣᠴᠢᠷ ᠡᠴᠡ ᠴᠢᠨᠤ ᠣᠢ᠌ᠯᠠ ᠭᠦᠳᠡᠯᠦᠯ᠂ ᠡᠡᠵᠢᠯ ᠭᠢᠳᠡᠯ᠂ ᠥᠭᠡ ᠶᠠᠷᠢᠶ᠎ᠠ᠂ ᠦᠵᠡᠯ ᠰᠡᠳᠬᠢᠯᠭᠡ ᠴᠢᠨᠢ ᠪᠦᠭᠦ ᠰᠤᠷᠤᠭᠴᠢ ᠶᠢᠨ ᠭᠦᠡᠳᠦᠳᠭᠡᠯ ᠪᠢᠰᠢᠷᠠᠯ ᠪᠠᠬᠠᠷᠬᠠᠯ ᠢ ᠣᠯᠤᠭᠰᠠᠨ ᠪᠠᠢ᠌ᠬᠤ ᠭᠡᠷᠡᠭ᠍ᠳᠡᠢ᠃

3.ᠲ᠋ᠠ ᠠᠵᠢᠯ ᠤᠨ ᠣᠷᠭᠢᠯᠤᠮ᠎ᠠ ᠬᠠᠯᠠᠭᠤᠨ ᠰᠡᠳᠬᠢᠯᠭᠡ ᠪᠠᠢ᠌ᠬᠤ ᠡᠰᠡᠭᠦ᠃

ᠣᠷᠭᠢᠯᠤᠮ᠎ᠠ ᠬᠠᠯᠠᠭᠤᠨ ᠵᠤᠷᠢᠭ ᠰᠡᠳᠬᠢᠯᠭᠡ ᠪᠠᠢ᠌ᠬᠤ ᠨᠢ ᠠᠯᠢᠪᠠ ᠠᠵᠢᠯ ᠣᠢ᠌ᠯᠠᠰ ᠤᠨ ᠠᠮᠵᠢᠯᠳᠠ ᠪᠦᠳᠦᠮᠵᠢ ᠣᠯᠬᠤ ᠶᠢᠨ ᠡᠭᠢ ᠪᠣᠯᠠᠭ ᠪᠠᠢ᠌ᠬᠤ ᠶ‍ᠦᠰᠦᠳᠡᠢ᠃ ᠡᠳᠦᠷᠵᠢᠨ ᠰᠤᠷᠤᠭᠴᠢ ᠶᠢᠨ ᠠᠰᠠᠭᠤᠳᠠᠯ ᠤᠨ ᠵᠠᠳᠠᠯᠤᠯ ᠭᠢᠵᠤ ᠡᠳᠦᠷᠵᠢᠨ ᠰᠤᠷᠤᠭᠴᠢ ᠶᠢᠨ ᠳᠤᠮᠳᠠ ᠭᠦᠡᠵᠡᠭᠡᠢ᠌ᠷᠡᠵᠤ᠂ ᠡᠳᠦᠷᠵᠢᠨ ᠰᠤᠷᠤᠭᠴᠢ ᠶᠢᠨ ᠡᠳᠦᠷ ᠳᠤᠳᠤᠮ ᠤᠨ ᠠᠵᠢᠯ ᠳᠤ ᠭᠢᠨᠠᠯᠳᠠ ᠳᠡᠯᠪᠢᠵᠤ᠂ ᠡᠳᠦᠷᠵᠢᠨ ᠰᠤᠷᠤᠭᠴᠢ ᠶᠢᠨ ᠬᠤᠭᠤᠷᠤᠠᠳᠠᠭᠢ ᠠᠰᠠᠭᠤᠳᠠᠯ ᠳᠤ ᠰᠢ᠌ᠤᠠᠪᠣᠷᠢ ᠥᠭ᠍ᠴᠤ᠂ ᠡᠳᠦᠷᠵᠢᠨ ᠬᠤᠪᠢ ᠰᠤᠷᠤᠭᠴᠢ ᠳᠤ ᠳᠤᠰᠬᠠᠯ ᠳᠡᠯᠪᠢᠵᠤ᠂ ᠡᠳᠦᠷᠵᠢᠨ ᠭᠢᠴᠢᠶᠠᠯ ᠰᠤᠷᠤᠯᠭ᠎ᠠ ᠳ᠋ᠤᠨᠢ ᠳᠤᠳᠤᠮᠳᠠᠯᠭ᠎ᠠ ᠦᠭ‍ᠭᠦ ᠵᠡᠷᠭᠡ ᠣᠯᠠᠨ ᠠᠵᠢᠯ ᠢ ᠭᠢᠭᠦ ᠬᠠᠯᠠᠭᠤᠨ ᠵᠤᠷᠢᠭ ᠤᠨ ᠡᠷᠴᠢ ᠪᠠᠢ᠌ᠬᠤ ᠴᠢᠬᠤᠯᠠᠳᠠᠢ᠃

4.ᠲ᠋ᠠᠨ ᠤ ᠰᠠᠳᠭᠢᠴᠠ ᠵᠦᠢ᠌ ᠶᠢᠨ ᠮᠡᠳᠡᠯᠭᠡ ᠶᠢᠨ ᠪᠦᠷᠭᠦᠴᠡ ᠦᠨᠳᠦᠷ ᠪᠠᠢ᠌ᠬᠤ ᠡᠰᠡᠭᠦ᠃

ᠰᠤᠷᠤᠭᠴᠢ ᠶᠢᠨ ᠰᠠᠳᠭᠢᠴᠠ ᠶᠢᠨ ᠭᠦᠭ᠍ᠵᠢᠯ ᠪᠠ ᠣᠠᠴᠠᠯᠢᠭ ᠢ ᠭᠦᠢᠴᠡᠳ ᠵᠠᠳᠠᠯᠵᠤ ᠴᠢᠳᠠᠬᠤ ᠨᠢ ᠠᠩᠭᠢ ᠡᠷᠭᠢᠯᠡᠭ᠍ᠴᠢ ᠪᠣᠯᠤᠭᠰᠠᠤᠨ ᠤᠨ ᠡᠷᠭᠡᠪᠰᠢ ᠪᠠᠶᠡᠯᠡᠭᠦᠯᠵᠤ ᠴᠢᠳᠠᠬᠤ ᠠᠵᠢᠯ ᠪᠠᠢ᠌ᠬᠤ ᠶᠤᠰᠤᠳᠠᠢ᠃ ᠲ᠋ᠠᠢ᠌ᠮᠤ ᠪᠢᠰᠢ ᠪᠣᠯ ᠵᠠᠷᠢᠮ ᠦᠶᠡᠰ ᠴᠢᠨᠤ ᠠᠯᠢᠪᠠ ᠴᠢᠷᠮᠠᠢ᠌ᠵᠤ ᠭᠢᠭ᠍ᠰᠡᠨ ᠠᠵᠢᠯ ᠴᠢᠨᠢ ᠳᠠᠯᠠᠭᠠᠷᠳᠠᠵᠤ ᠮᠡᠳᠡᠨ᠎ᠡ᠃ ᠡᠪᠡᠳᠴᠢᠨ ᠳ᠋ᠤᠨᠢ ᠳᠤᠭᠢᠷᠠᠭᠤᠯᠤᠨ ᠡᠮᠨᠡᠨ ᠵᠠᠰᠠᠬᠤ ᠶᠢᠨ ᠡᠷᠭᠢᠮ ᠴᠢᠨᠠᠷ ᠡᠭᠦᠨ ᠳᠤ ᠪᠣᠢ᠃

5.ᠲ᠋ᠠᠨ ᠳᠤ ᠭᠡᠯᠡ ᠶᠠᠷᠢᠶᠠᠨ ᠤ ᠠᠪᠢᠶᠠᠰ ᠴᠢᠳᠠᠪᠭᠢ ᠲᠡᠶ ᠪᠠᠢ᠌ᠬᠤ᠃

ᠥᠭᠡ ᠶᠠᠷᠢᠶᠠᠨ ᠤ ᠬᠠᠷᠢᠯᠴᠠᠭ᠎ᠠ ᠨᠢ ᠭᠦᠮᠦᠰ ᠤᠨ ᠬᠤᠭᠤᠷᠤᠠᠳᠠᠭᠢ ᠶᠠᠪᠣᠯᠴᠠᠭᠠᠨ ᠤ ᠴᠢᠬᠤᠯᠠ ᠪᠠᠭᠠᠵᠢ᠃ ᠰᠠᠢ᠌ᠬᠠᠨ ᠭᠡᠯᠡᠵᠤ ᠴᠢᠳᠠᠬᠤ᠂ ᠣᠷᠠᠯᠢᠭ ᠭᠡᠯᠡᠵᠤ ᠴᠢᠳᠠᠬᠤ᠂ ᠯᠤᠭᠢᠭ ᠶᠠᠷᠢᠵᠤ ᠴᠢᠳᠠᠬᠤ ᠨᠢ ᠡᠰᠡᠷᠭᠦ ᠡᠳᠡᠭᠡᠳ ᠳ᠋ᠠᠭᠢ ᠳᠤᠰᠬᠠᠯ ᠨᠢ ᠢᠳᠠᠪᠭᠢ ᠪᠠᠢ᠌ᠳᠠᠭ᠃ ᠪᠣᠳᠤᠭᠠᠤᠨ ᠭᠡᠯᠡᠵᠤ ᠴᠢᠳᠠᠬᠤ ᠦᠭᠡᠶ᠂ ᠰᠠᠨᠠᠭᠰᠠᠨ ᠶᠢᠡᠨ ᠢᠯᠡᠳᠭᠡᠵᠤ ᠳᠡᠢ᠌ᠯᠭᠦ ᠦᠭᠡᠶ ᠪᠣᠯ ᠶᠠᠪᠠ ᠭᠦᠮᠤᠨ ᠳᠦᠯᠡᠢ ᠳᠤ ᠥᠭᠡ ᠰᠤᠨᠤᠰᠬᠠᠭᠰᠠᠨ ᠲᠡᠶ ᠥᠭᠡᠷ᠎ᠡ ᠶᠠᠭᠤ ᠪᠣᠢ︕

6.ᠲ᠋ᠠᠨ ᠤ ᠮᠡᠳᠡᠯᠭᠡ ᠴᠢᠳᠠᠪᠣᠷᠢ ᠪᠣᠯᠪᠠᠰᠤᠷᠠᠯ ᠦᠨᠳᠦᠷ ᠪᠠᠢ᠌ᠬᠤ ᠡᠰᠡᠭᠦ᠃

ᠣᠯᠠᠨ ᠳᠠᠯ᠎ᠠ ᠶᠢᠨ ᠮᠡᠳᠡᠯᠭᠡ ᠪᠠ ᠰᠤᠷᠤᠭᠴᠢ ᠶᠢᠨ ᠰᠤᠷᠤᠯᠴᠠᠬᠤ ᠭᠢᠴᠢᠶᠠᠯ ᠲᠦᠷᠦᠯ ᠤᠨ ᠣᠶᠠᠯᠳᠤᠴᠠ᠂ ᠣᠯᠠᠨ ᠳᠠᠯ᠎ᠠ ᠶᠢᠨ ᠴᠢᠳᠠᠪᠣᠷᠢ ᠪᠠ ᠰᠤᠷᠤᠭᠴᠢ ᠶᠢᠨ ᠦᠪᠡᠷᠮᠢᠴᠠ ᠴᠢᠳᠠᠪᠭᠢ ᠶᠢᠨ ᠣᠶᠠᠯᠳᠤᠴᠠ ᠶᠢ ᠠᠳᠬᠤᠵᠤ ᠴᠢᠳᠠᠬᠤ ᠪᠣᠯ ᠠᠩᠭᠢ ᠡᠷᠭᠢᠯᠡᠭ᠍ᠴᠢ ᠪᠣᠯᠤᠭᠰᠠᠤᠨ ᠤᠨ ᠰᠤᠷᠤᠭᠴᠢ ᠶᠢ ᠭᠦᠢᠴᠡᠳ ᠭᠦᠮᠦᠵᠢᠭᠦᠯᠵᠤ ᠴᠢᠳᠠᠬᠤ ᠶᠢᠨ ᠴᠢᠬᠤᠯᠠ ᠨᠥᠭᠦᠴᠡᠯ ᠮᠥᠨ᠃ ᠪᠢᠴᠢᠭ᠌ ᠢ ᠵᠢᠭᠠᠵᠤ ᠴᠢᠳᠠᠬᠤ ᠪᠦᠭᠡᠳ ᠭᠦᠮᠤᠨ ᠢ ᠭᠦᠮᠦᠵᠢᠭᠦᠯᠵᠤ ᠴᠢᠳᠡᠬᠤ᠂ ᠮᠡᠳᠡᠯᠭᠡ ᠶᠢ ᠣᠯᠠᠮᠵᠢᠯᠠᠵᠤ ᠴᠢᠳᠠᠬᠤ ᠪᠦᠭᠡᠳ ᠴᠢᠳᠠᠪᠭᠢ ᠶᠢ ᠨᠢ ᠪᠠᠳᠠᠷᠠᠭᠤᠯᠵᠤ ᠴᠢᠳᠠᠬᠤ ᠪᠣᠯ ᠠᠩᠭᠢ ᠡᠷᠭᠢᠯᠡᠭ᠍ᠴᠢ ᠪᠣᠯᠤᠭᠰᠠᠤᠨ ᠤᠨ ᠦᠨᠳᠦᠰᠦᠨ ᠮᠡᠷᠭᠡᠰᠢᠯ ᠪᠠᠢ᠌ᠬᠤ ᠭᠡᠷᠡᠭ᠍ᠳᠡᠢ᠃

ᠮᠠᠨ ᠤ ᠠᠩᠭᠢ ᠡᠷᠭᠢᠯᠡᠭ᠍ᠴᠢ ᠪᠣᠯᠤᠭᠰᠠᠤᠨ ᠦᠪᠡᠷ ᠤᠨ ᠠᠵᠢᠯ ᠶᠢᠡᠨ ᠢᠯᠡᠭᠦᠭᠡᠨ ᠡᠷᠭᠢᠴᠡᠭᠦᠯᠤᠨ ᠳ᠋ᠦ᠋ᠩᠨᠡᠵᠤ᠂ ᠭᠦᠷᠦᠯᠴᠡᠭᠦ ᠦᠭᠡᠶ ᠳᠠᠯ᠎ᠠ ᠪᠠᠨ ᠳᠡᠭᠡᠭ᠍ᠰᠢᠯᠡᠭᠦᠯᠭᠦ ᠪᠣᠶᠤ ᠰᠤᠷᠤᠯᠴᠠᠬᠤ ᠴᠢᠬᠤᠯᠠᠳᠠᠢ ᠪᠠᠢ᠌ᠭ᠎ᠠ᠃

ᠶᠡᠷᠦᠩᠭᠡᠢ᠌ᠯᠡᠪᠠᠯ᠂ ᠭᠦᠮᠤᠨ ᠢ ᠭᠦᠮᠦᠵᠢᠭᠦᠯᠭᠦ ᠠᠵᠢᠯ ᠤᠨ ᠬᠤᠰᠢᠭᠤᠴᠢ ᠣᠢ᠌ᠯᠠᠳᠤᠯ ᠢ ᠪᠠᠳᠠᠷᠠᠭᠤᠯᠵᠤ ᠪᠠᠢ᠌ᠭ᠎ᠠ ᠠᠩᠭᠢ ᠡᠷᠭᠢᠯᠡᠭ᠍ᠴᠢ ᠶᠢᠨ ᠠᠵᠢᠯ ᠤᠨ ᠭᠦᠡᠳᠦᠴᠡ ᠦᠨᠳᠦᠷ᠂ ᠠᠵᠢᠯ ᠤᠨ ᠣᠪᠣᠷ ᠰᠤᠷᠳᠠᠯ ᠦᠨᠳᠦᠷ᠂ ᠠᠯᠢᠪᠠ ᠪᠦᠭᠦᠨ ᠤ ᠬᠠᠠᠳᠤᠯᠭ᠎ᠠ ᠵᠤᠷᠢᠯᠭ᠎ᠠ ᠨᠢ ᠬᠡᠦᠬᠡᠳ ᠰᠤᠷᠤᠭᠴᠢ ᠶᠢᠨ ᠳᠤᠰ ᠪᠠᠶ᠎ᠠ ᠳᠤ ᠳᠦᠭᠡᠵᠤ ᠪᠠᠢ᠌ᠬᠤ ᠶᠤᠰᠤᠳᠠᠢ᠃ ᠠᠰ ᠤᠨ ᠠᠮᠢᠳᠤᠷᠠᠯ ᠶᠢᠡᠨ ᠠᠷᠭᠠᠴᠠᠶ᠎ᠠ᠂ ᠠᠮᠠᠷᠬᠠᠨ ᠠᠵᠢᠯ ᠭᠢᠶ᠎ᠠ ᠭᠡᠵᠤ ᠪᠣᠳᠤᠭᠰᠠᠨ ᠭᠦᠮᠤᠨ ᠠᠩᠭᠢ ᠡᠷᠭᠢᠯᠡᠭ᠍ᠴᠢ ᠪᠢᠳᠡᠭᠡᠢ ᠪᠣᠯᠤᠭᠠᠷᠠᠢ᠂ ᠬᠡᠦᠬᠡᠳ ᠤᠨ ᠶ‍ᠢᠷᠳᠢᠠᠴᠤ ᠳᠤ ᠬᠤᠭ ᠪᠣᠯᠵᠤ ᠪᠣᠢ ᠭᠡᠵᠤ ᠰᠡᠳᠭᠢᠭᠡᠷᠡᠢ︕ ᠮᠡᠳᠡᠯᠭᠡ ᠮᠡᠭᠦᠰ᠂ ᠰᠤᠷᠳᠠᠯ ᠳᠤᠳᠠᠭᠤ ᠭᠦᠮᠦᠰ ᠠᠩᠭᠢ ᠡᠷᠭᠢᠯᠡᠭ᠍ᠴᠢ ᠪᠢᠳᠡᠭᠡᠢ ᠪᠤᠯᠤᠭᠠᠷᠠᠢ᠂ ᠭᠦᠭᠡᠷᠦᠭᠦᠢ ᠬᠣᠢ᠌ᠴᠢᠰ ᠲᠠᠭᠠᠨ ᠭᠠᠢ ᠳᠠᠷᠢᠵᠤ ᠪᠠᠢ᠌ᠨ᠎ᠠ ᠭᠡᠵᠤ ᠪᠣᠳᠤᠭᠠᠷᠠᠢ︕ ᠣᠷᠭᠢᠯᠤᠮ᠎ᠠ ᠰᠡᠳᠬᠢᠯᠭᠡ᠂ ᠡᠡᠵᠢᠯᠴᠢ ᠬᠠᠷᠢᠭᠤᠴᠠᠯᠠᠭ᠎ᠠ ᠦᠭᠡᠶ ᠭᠦᠮᠦᠰ ᠠᠩᠭᠢ ᠡᠷᠭᠢᠯᠡᠭ᠍ᠴᠢ ᠪᠢᠳᠡᠭᠡᠢ ᠪᠤᠯᠤᠭᠠᠷᠠᠢ᠂ ᠭᠦᠮᠤᠨ ᠤ ᠢᠷᠡᠭᠡᠳᠦᠢ ᠳᠤ ᠭᠦᠯ ᠢ ᠨᠢ ᠳᠤᠱᠠᠵᠤ ᠪᠠᠢ᠌ᠨ᠎ᠠ ᠭᠡᠵᠤ ᠮᠡᠳᠡᠭᠡᠷᠡᠢ︕ ᠮᠡᠳᠡᠭᠦ ᠦᠭᠡᠶ᠂ ᠴᠢᠳᠠᠬᠤ ᠦᠭᠡᠶ ᠶᠢ ᠠᠮᠠᠨ ᠡᠴᠡ ᠪᠠᠨ ᠰᠠᠯᠭᠠᠳᠠᠭ ᠦᠭᠡᠶ ᠭᠦᠮᠦᠰ ᠠᠩᠭᠢ ᠡᠷᠭᠢᠯᠡᠭ᠍ᠴᠢ ᠪᠢᠳᠡᠭᠡᠢ ᠪᠣᠯᠤᠭᠠᠷᠠᠢ᠂ ᠲ᠋ᠠ ᠪᠠᠭᠰᠢ ᠪᠣᠯᠬᠤ ᠭᠢᠷᠢ ᠭᠡᠮ ᠴᠤ ᠦᠭᠡᠶ ᠭᠡᠳᠡᠭ᠌ ᠶᠢᠡᠨ ᠣᠬᠠᠭᠠᠷᠠᠢ︕

ᠵᠤᠬᠢᠶᠠᠭᠴᠢ᠄ ᠨᠠᠰᠤᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 7284
ᠴᠠᠭ᠄ 2009 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ