☆ ᠮᠤᠩᠭ᠋ᠤᠯᠰᠤᠶᠤᠯ
ᠪᠦᠰᠡᠭᠦᠢ
ᠬᠠᠭᠠᠰ ᠳᠡᠭ᠍ᠷᠢ ᠶᠢ ᠳᠤᠯᠭᠠᠭᠤᠷᠢᠯᠠᠵᠤ ᠪᠣᠰᠤᠭᠰᠠᠨ
ᠬᠠᠢ᠌ᠷ᠎ᠠ ᠶᠢᠨ ᠳᠦᠰᠢᠭ᠌ ᠪᠦᠰᠡᠭᠦᠢ ᠭᠦᠮᠤᠨ
ᠬᠠᠯᠠᠭᠤᠨ ᠭᠤᠯᠤᠮᠳᠠ ᠶᠢ ᠪᠠᠳᠠᠷᠠᠭᠠᠵᠤ ᠨᠤᠴᠤᠭᠠᠭᠰᠠᠨ
ᠬᠠᠨᠢ ᠶᠢᠨ ᠥᠮᠦᠭ᠌ ᠪᠦᠰᠡᠭᠦᠢ ᠭᠦᠮᠤᠨ ------
ᠥᠤᠷ ᠤᠨ ᠭᠡᠭᠡ ᠪᠠᠷ ᠦᠨᠢᠶᠠᠨ ᠵᠠᠯᠠᠨ ᠳᠤ
ᠰᠠᠭᠠᠯᠢ ᠶᠢᠨ ᠳᠠᠭᠤᠤ ᠲᠡᠶ ᠮᠠᠯᠴᠢᠨ ᠪᠦᠰᠡᠭᠦᠢ
ᠡᠳᠦᠷ ᠤᠨ ᠨᠠᠷᠠᠨ ᠶᠢᠡᠷ ᠳᠠᠷᠢᠶᠠᠨ ᠵᠤᠷᠬᠠᠨ ᠳᠤ
ᠠᠷᠴᠢᠭᠤᠷ ᠤᠨ ᠭᠢᠯᠪᠠᠭ᠎ᠠ ᠲᠡᠶ ᠳᠠᠷᠢᠶᠠᠴᠢᠨ ᠪᠦᠰᠡᠭᠦᠢ
ᠴᠡᠩᠭᠡᠷ ᠣᠷᠤᠨ ᠶᠢᠡᠨ ᠰᠠᠭᠢᠨ ᠬᠠᠮᠠᠭᠠᠯᠠᠳᠠᠭ
ᠴᠠᠭᠢᠷᠠᠭ ᠬᠠᠳᠠᠨ ᠭᠢᠯᠢᠴᠢᠨ ᠪᠦᠰᠡᠭᠦᠢ
ᠰᠢᠡᠵᠢᠯᠡᠭᠦ ᠮᠡᠷᠭᠡᠵᠢᠯ ᠶᠢᠡᠷ ᠰᠢᠨ᠎ᠠ ᠶᠢ ᠡᠭᠦᠳᠳᠡᠭ᠌
ᠴᠠᠴᠠᠨ ᠪᠢᠯᠢᠭ᠍ᠳᠤ ᠠᠵᠢᠯᠴᠢᠨ ᠪᠦᠰᠡᠭᠦᠢ
ᠰᠤᠶᠤᠯ ᠤᠨ ᠳᠠᠯᠠᠢ ᠪᠠᠷ ᠰᠤᠷᠤᠭᠴᠢᠳ ᠶᠢᠡᠨ ᠱᠤᠩᠪᠠᠭᠤᠯᠵᠤ
ᠰᠤᠷᠭᠠᠵᠤ ᠭᠦᠮᠦᠵᠢᠭᠦᠯᠦᠭ᠍ᠰᠡᠨ ᠪᠠᠭᠰᠢ ᠪᠦᠰᠡᠭᠦᠢ
ᠰᠤᠳᠤᠨ ᠣᠢ᠌ᠯᠠᠰ ᠶᠢᠡᠷ ᠶᠢᠡᠨ ᠨᠡᠢ᠌ᠭᠡᠮ ᠳᠤ ᠭᠢᠯᠠᠷᠠᠭᠰᠠᠨ
ᠰᠤᠤ ᠵᠠᠯᠢ ᠲᠡᠶ ᠪᠠᠶᠠᠨ ᠪᠦᠰᠡᠭᠦᠢ
ᠡᠪᠠᠦᠡᠴᠢᠳᠡᠨ ᠵᠤᠪᠠᠯᠠᠩᠳᠠᠨ ᠢ ᠠᠰᠠᠷᠠᠨ ᠬᠠᠷᠠᠭᠠᠯᠵᠠᠳᠠᠭ
ᠡᠩᠭᠡ ᠶᠢᠨ ᠡᠯᠴᠢ ᠰᠤᠪᠢᠯᠠᠭᠴᠢ ᠪᠦᠰᠡᠭᠦᠢ
ᠠᠶᠠᠠᠴᠢᠨ ᠵᠤᠴᠢᠳ ᠢ ᠬᠠᠪᠰᠤᠷᠤᠨ ᠳᠡᠮᠵᠢᠳᠡᠭ᠌
ᠠᠷᠢᠭᠤᠨ ᠰᠡᠳᠭᠢᠯᠳᠤ ᠥᠢᠯᠡᠴᠢᠯᠡᠭ᠍ᠴᠢ ᠪᠦᠰᠡᠭᠦᠢ
ᠣᠳᠠᠰᠤ ᠣᠷᠠᠯᠠᠯ ᠶᠢᠡᠷ ᠠᠪᠢᠶᠠᠰ ᠶᠢᠡᠨ ᠭᠠᠢ᠌ᠬᠠᠭᠤᠯᠤᠭᠰᠠᠨ
ᠣᠷᠠᠨ ᠰᠠᠨᠠᠭ᠎ᠠ ᠲᠡᠶ ᠣᠶᠤᠳᠠᠯᠴᠢᠨ ᠪᠦᠰᠡᠭᠦᠢ
ᠣᠶᠠᠩᠭ᠋᠎ᠠ ᠡᠭᠡᠰᠢᠭ᠌ ᠶᠢᠡᠷ ᠣᠯᠠᠨ ᠳᠤ ᠱᠠᠭᠰᠢᠭᠳᠠᠳᠠᠭ
ᠣᠷᠠᠯᠢᠭ ᠤᠨ ᠣᠳᠤᠨ ᠳᠠᠭᠤᠴᠢᠨ ᠪᠦᠰᠡᠭᠦᠢ
ᠭᠡᠭᠦᠳᠡᠭ᠌ ᠳᠤᠳᠤᠷ᠎ᠠ ᠪᠠᠨ ᠡᠷᠳᠡᠮ ᠪᠢᠰᠢᠯᠭᠠᠳᠠᠭ
ᠭᠦᠮᠤᠨ ᠤ ᠰᠤᠳᠤᠨ ᠵᠤᠬᠢᠶᠠᠯᠴᠢ ᠪᠦᠰᠡᠭᠦᠢ
ᠬᠠᠷᠠᠴᠠᠨ ᠳᠤᠮᠳᠠ ᠪᠠᠨ ᠬᠠᠢ᠌ᠷ᠎ᠠ ᠪᠢᠯᠬᠠᠭᠤᠯᠤᠭᠰᠠᠨ
ᠬᠠᠷ᠎ᠠ ᠨᠢᠳᠤᠨ ᠮᠤᠩᠭ᠋ᠤᠯ ᠪᠦᠰᠡᠭᠦᠢ
ᠪᠦᠮᠪᠦᠷᠴᠡᠭ᠌ ᠬᠤᠷᠸ᠎ᠠ ᠳᠤ ᠪᠦᠰᠡᠭᠦᠢ ᠭᠦᠮᠤᠨ
ᠪᠦᠭᠦᠨ ᠤ ᠬᠠᠢ᠌ᠷ᠎ᠠ ᠶᠢ ᠮᠠᠨᠠᠳᠠᠭ ᠶᠤᠮ
ᠪᠦᠯᠢᠶᠡᠨ ᠠᠮᠢᠳᠤᠷᠠᠯ ᠳᠤ ᠪᠦᠰᠡᠭᠦᠢ ᠭᠦᠮᠤᠨ
ᠪᠦᠳᠤᠨ ᠵᠢᠷᠭᠠᠯ ᠢ ᠣᠷᠢᠳᠠᠭ ᠶᠤᠮ
ᠨᠠᠷᠠᠳᠤ ᠶᠢᠨ ᠵᠠᠢ ᠳᠤ ᠪᠦᠰᠡᠭᠦᠢ ᠭᠦᠮᠤᠨ
ᠨᠠᠪᠴᠢ ᠰᠢᠭ ᠳᠡᠯᠭᠡᠷᠡᠵᠤ ᠮᠥᠰᠢᠶᠡᠳᠡᠭ᠌ ᠶᠤᠮ
ᠨᠠᠷᠮᠠᠢ ᠳᠡᠯᠡᠭᠡᠢ ᠳᠤ ᠪᠦᠰᠡᠭᠦᠢ ᠭᠦᠮᠤᠨ
ᠨᠠᠷᠠ ᠰᠢᠭ ᠳᠤᠯᠠᠢ᠌ᠵᠤ ᠭᠡᠷᠡᠯᠳᠦᠳᠡᠭ᠌ ᠶᠤᠮ ᠡ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ