ᠨᠡᠪᠲᠡᠷᠡᠨ ᠤᠷᠤᠬᠤ
ᠪᠠᠶᠠᠨ ᠦᠨᠳᠦᠷ ᠳᠡᠭᠡᠨ

ᠪᠣᠷᠬᠠᠨ ᠬᠠᠯᠳᠤᠨ ᠨᠢ ᠮᠢᠨᠢ ᠰᠠᠯᠳᠠᠷ

ᠪᠣᠭᠤᠷᠤᠯ ᠳᠡᠦᠭᠡ ᠶᠢᠨ ᠮᠢᠨᠢ ᠳᠤᠮᠤᠭ

ᠪᠠᠶᠠᠨ ᠦᠨᠳᠦᠷ ᠲᠡᠭᠡᠨ ᠪᠢ ᠰᠥᠭᠦᠳᠡᠯ᠎ᠡ

ᠪᠠᠢ᠌ᠳᠠᠭ ᠴᠢᠳᠠᠯ ᠶᠢᠡᠷ ᠶᠢᠡᠨ ᠪᠢ ᠮᠥᠷᠭᠦᠯ᠎ᠡ︕

ᠮᠥᠷᠭᠦᠯ᠎ᠡ ᠪᠢ ᠰᠥᠭᠦᠳᠡᠯ᠎ᠡ ᠪᠢ

ᠰᠥᠭᠦᠮ ᠪᠠᠶ᠎ᠠ ᠪᠠᠨ ᠰᠤᠨᠠᠳᠠᠯ᠎ᠠ

ᠰᠥᠰᠦᠭ᠌ ᠪᠢᠰᠢᠷᠠᠯ ᠶᠢᠡᠨ ᠳᠠᠭᠠᠳᠬᠠᠯ᠎ᠠ︕

ᠠᠳᠬᠤ ᠣᠯᠠᠭᠠᠨ ᠵᠢᠷᠦᠭᠡ ᠪᠠᠨ

ᠳᠡᠯᠭᠡᠵᠤ ᠪᠠᠢ᠌ᠭᠠᠤᠨ ᠰᠥᠭᠦᠳᠡᠯ᠎ᠡ ᠪᠢ

ᠠᠯᠳᠠᠷ ᠵᠠᠩᠭ᠋ᠠᠷ ᠤᠨ ᠳᠤᠤᠯᠢ ᠵᠢ

ᠬᠠᠢ᠌ᠯᠠᠵᠤ ᠪᠠᠢ᠌ᠭᠠᠤᠨ ᠮᠥᠷᠭᠦᠯ᠎ᠡ ᠪᠢ︕

ᠡᠨ᠂ ᠪᠣᠷᠬᠠᠨ ᠠᠭᠤᠯᠠ ᠪᠠᠶᠠᠨ ᠦᠨᠳᠦᠷ ᠮᠢᠨᠢ

ᠴᠥᠭᠦ᠂ ᠬᠠᠢ᠌ᠷᠠᠬᠠᠨ︕ ᠬᠤᠷᠤᠢ ᠬᠤᠷᠤᠢ︕

ᠠᠷᠪᠠᠨ ᠳᠦᠷᠪᠡᠨ ᠰᠤᠮᠤᠨ ᠨᠢ ᠮᠢᠨᠢ ᠳᠠᠭᠢᠯ

ᠠᠷᠤ ᠶᠡᠭᠡ ᠬᠤᠪᠣᠭᠰᠠᠢ᠌ᠷᠢ ᠶᠢᠨ ᠮᠢᠨᠢ ᠰᠠᠭᠢᠭᠤᠯ

ᠪᠠᠶᠠᠨ ᠦᠨᠳᠦᠷ ᠲᠡᠭᠡᠨ ᠪᠢ ᠰᠥᠭᠦᠳᠡᠯ᠎ᠡ

ᠪᠠᠷᠠᠭᠠᠨ ᠤ ᠭᠠᠵᠠᠷ ᠡᠴᠡ ᠪᠢ ᠮᠥᠷᠭᠦᠯ᠎ᠡ︕

ᠮᠥᠷᠭᠦᠯ᠎ᠡ ᠪᠢ ᠰᠥᠭᠦᠳᠡᠯ᠎ᠡ ᠪᠢ

ᠰᠠᠪᠠᠳᠠᠭ ᠰᠢᠪᠠᠳᠡᠭ᠌ ᠨᠢ ᠳᠠᠨᠢ᠌ᠳᠠᠯ᠎ᠠ

ᠰᠠᠪᠠᠨ ᠰᠠᠪᠠᠨ ᠣᠨᠠᠯ᠎ᠠ ᠪᠢ

ᠰᠠᠨᠠᠭ᠎ᠠ ᠰᠡᠳᠭᠢᠯ ᠶᠢᠡᠨ ᠠᠭᠤᠳᠠᠯᠠᠵᠤ

ᠵᠢᠦᠡᠭᠦᠨ ᠵᠢᠦᠡᠭᠦᠨ ᠰᠥᠭᠦᠳᠡᠯ᠎ᠡ ᠪᠢ

ᠰᠠᠢ᠌ᠷᠢ ᠶᠢᠨ ᠠᠭᠤᠯᠠ ᠶᠢᠨ ᠠᠯᠳᠠᠷ ᠢ

ᠳᠠᠭᠤᠳᠠᠨ ᠪᠠᠢ᠌ᠵᠤ ᠮᠥᠷᠭᠦᠯ᠎ᠡ ᠪᠢ

ᠡᠨ᠂ ᠠᠷᠢᠶ᠎ᠠ ᠰᠠᠮᠫᠢᠯ ᠳᠤᠷᠵᠢ ᠴᠤᠭᠤᠳᠤᠪ ᠮᠢᠨᠢ

ᠴᠥᠭᠦ᠂ ᠬᠠᠢ᠌ᠷᠠᠬᠠᠨ︕ ᠬᠤᠷᠤᠢ ᠬᠤᠷᠤᠢ︕

ᠳᠤᠤᠯᠢ ᠵᠠᠩᠭ᠋ᠠᠷ ᠤᠨ ᠮᠢᠨᠢ ᠳᠠᠰᠤᠷᠬᠠᠢ ᠭᠡᠵᠤ

ᠳᠡᠦᠭᠡ ᠱᠠᠰᠳᠢᠷ ᠤᠨ ᠥᠭᠦᠷᠭᠡᠢ ᠭᠡᠵᠤ

ᠪᠠᠶᠠᠨ ᠦᠨᠳᠦᠷ ᠲᠡᠭᠡᠨ ᠪᠢ ᠰᠥᠭᠦᠳᠡᠯ᠎ᠡ

ᠪᠠᠶᠠᠨ ᠭᠦᠩᠭᠡᠢ ᠶᠢᠨ ᠰᠢᠭ᠌ ᠮᠥᠷᠭᠦᠯ᠎ᠡ︕

ᠮᠥᠷᠭᠦᠯ᠎ᠡ ᠪᠢ ᠰᠥᠭᠦᠳᠡᠯ᠎ᠡ ᠪᠢ

ᠵᠠᠩᠭ᠋ᠠᠷ ᠠᠳᠤᠭᠤᠳ ᠤᠨ ᠳᠤᠷᠤᠭᠤ ᠡᠴᠡ

ᠮᠦᠷᠳᠤᠷᠴᠤ ᠣᠨᠠᠭᠰᠠᠨ ᠭᠡᠵᠤ ᠪᠢ ᠪᠢᠰᠢᠷᠠᠯ᠎ᠠ︕

ᠳᠦᠷᠪᠡᠨ ᠠᠯᠳᠠ ᠵᠠᠠᠽᠠᠨ ᠳ᠋ᠤᠨᠢ

ᠭᠡᠢ ᠮᠤᠷᠢ ᠳᠡᠯᠰᠡᠭᠡᠵᠤ ᠰᠥᠭᠦᠳᠡᠯ᠎ᠡ ᠪᠢ

ᠳᠦᠷᠪᠡᠨ ᠵᠥᠭ᠌ ᠤᠨ ᠣᠪᠣᠭ᠎ᠠ ᠡᠴᠡ

ᠭᠡᠰᠢᠭ᠌ ᠪᠣᠶᠠ ᠬᠤᠷᠣᠢ᠌ᠯᠠᠵᠤ ᠮᠥᠷᠭᠦᠯ᠎ᠡ ᠪᠢ︕

ᠡᠨ᠂ ᠴᠠᠭᠰᠢᠪ᠂ ᠭᠤᠠᠴᠢᠭ ᠰᠤᠮᠤ ᠮᠢᠨᠢ

ᠴᠥᠭᠦ᠂ ᠬᠠᠢ᠌ᠷᠠᠬᠠᠨ︕ ᠬᠤᠷᠤᠢ ᠬᠤᠷᠤᠢ︕


2009.6.18

ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2655
ᠴᠠᠭ᠄ 2009 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ