ᠨᠡᠪᠲᠡᠷᠡᠨ ᠤᠷᠤᠬᠤ
ᠬᠠᠩᠰᠢ ᠶᠢᠨ ᠡᠳᠦᠷ ᠳᠡᠭ᠍ᠷᠢ ᠪᠦᠷᠭᠦᠭ᠍ᠰᠢᠯ᠎ᠡ

᠊᠊᠊᠊᠊᠊᠊ ᠠᠴᠢᠳᠤ ᠠᠪᠣ ᠶᠢᠨ ᠶᠢᠡᠨ ᠳᠠᠯᠠᠢ᠌ᠭᠴᠢ ᠪᠣᠯᠤᠭᠰᠠᠨ ᠳᠦᠴᠢᠨ ᠳᠠᠪᠤᠨ ᠵᠢᠯ ᠳᠤ


ᠬᠠᠭᠢᠷ ᠡᠪᠦᠯ ᠤᠨ ᠪᠠᠷᠭᠡᠭᠡᠨ ᠠᠶᠠᠨ ᠢ ᠳᠤᠭᠤᠯᠤᠭᠰᠠᠨ

ᠬᠠᠩᠭ᠋ᠠᠢ ᠨᠤᠳᠤᠭ ᠤᠨ ᠳᠠᠷᠠ ᠵᠢᠯ ᠤᠨ ᠬᠠᠪᠣᠷ

ᠬᠠᠢ᠌ᠯᠠᠰᠤᠨ ᠨᠠᠮᠠᠭᠠᠨ ᠡᠴᠡ ᠭᠠᠰᠢᠭᠤᠨ ᠨᠢᠯᠪᠣᠰᠤ ᠳᠤᠰᠤᠯᠵᠤ

ᠬᠠᠩᠰᠢ ᠶᠢᠨ ᠡᠳᠦᠷ ᠤᠨ ᠳᠡᠭ᠍ᠷᠢ ᠪᠦᠷᠭᠦᠭ᠍ᠰᠢᠯ᠎ᠡ᠃


ᠬᠠᠵᠠᠭᠤ ᠡᠩᠭᠡᠷ ᠳᠤᠨᠢ ᠣᠷᠭᠤᠭᠰᠠᠨ ᠨᠠᠭᠢᠶ᠎ᠠ

ᠬᠠᠶᠠ ᠬᠠᠶᠠ ᠨᠢᠯᠪᠣᠰᠤᠨ ᠳᠤ ᠳᠠᠪᠳᠤᠵᠤ ᠨᠠᠢ᠌ᠭᠤᠯᠵᠠᠨ

ᠬᠠᠢ᠌ᠷ ᠡᠯᠡᠰᠤ ᠠᠴᠢᠭᠰᠠᠨ ᠣᠷᠣᠢ᠌ᠤᠨ ᠶᠢᠡᠷ ᠨᠢ

ᠬᠠᠶᠠ ᠬᠠᠶᠠ ᠡᠮᠭᠡᠨᠢᠯ ᠴᠠᠷᠴᠠᠵᠤ ᠬᠠᠷᠠᠭᠳᠠᠨ᠎ᠠ᠃


ᠢᠰᠢᠭᠡ ᠶᠢᠨ ᠮᠠᠢ᠌ᠯᠠᠭ᠎ᠠ᠂ ᠳᠤᠭᠤᠯ ᠤᠨ ᠮᠥᠭᠡᠷᠡᠭᠡ

ᠢᠭᠡᠷ᠎ᠡ ᠨᠠᠰᠤᠨ ᠤ ᠬᠡᠦᠬᠡᠳ ᠤᠨ ᠴᠢᠷᠠᠯᠠᠯ

ᠡᠨᠡ ᠪᠠᠶ᠎ᠠ ᠶᠢᠨ ᠮᠢᠨᠢ ᠦᠨᠦᠴᠢᠷᠠᠯ ᠢ ᠳᠤᠭᠠᠴᠢᠨ

ᠡᠷᠭᠢᠴᠡᠭᠦᠯᠦᠯ ᠳᠤ ᠮᠥᠩᠭᠡ ᠰᠡᠢ᠌ᠯᠦᠭ᠍ᠳᠡᠵᠤ ᠪᠢᠯᠠ᠃


ᠣᠯᠠᠨ ᠨᠠᠢ᠌ᠳᠠ ᠶᠢᠨ ᠠᠰᠢᠭ ᠳᠤᠰᠠ ᠭᠡᠵᠤ

ᠣᠳᠠᠭᠠᠨ ᠬᠤᠨᠤᠭ ᠶᠢᠡᠷ ᠡᠪᠡᠳᠴᠢᠨ ᠶᠢᠡᠨ ᠮᠠᠷᠳᠠᠵᠤ ᠵᠢᠦᠡᠭᠦᠳᠡᠭ᠌

ᠣᠠᠴᠠ ᠳᠤᠷᠠᠳᠬᠠᠯᠳᠠᠢ ᠡᠨᠡ ᠭᠦᠮᠤᠨ ᠊᠊᠊᠊᠊᠊ ᠮᠢᠨᠤ ᠠᠪᠣ ᠶᠢ

ᠣᠩᠭ᠋ᠤᠨ ᠤ ᠭᠢᠨᠢ ᠳᠡᠷᠭᠡᠳᠡ ᠵᠠᠢ᠌ᠯᠠᠭᠰᠠᠨ ᠮᠤᠳᠤ

ᠣᠯᠠᠨ ᠭᠦᠮᠤᠨ ᠤ ᠵᠢᠷᠦᠭᠡᠨ ᠳᠤ ᠳᠡᠦᠭᠡ ᠪᠣᠯᠭᠠᠵᠤ ᠪᠢᠴᠢᠨ᠎ᠠ᠃


ᠡᠭᠦᠯᠡᠳᠡᠵᠤ ᠪᠦᠷᠭᠦᠭ᠍ᠰᠢᠭ᠍ᠰᠡᠨ ᠬᠠᠪᠣᠷ ᠤᠨ ᠡᠨᠡ ᠡᠳᠦᠷ

ᠡᠴᠢᠭᠡ ᠶᠢᠨ ᠰᠥᠮᠡᠭᠡᠷ ᠪᠠᠷ᠎ᠠ ᠠᠯᠤᠰ ᠲᠤ ᠰᠦᠨᠳᠠᠷᠯᠠᠵᠤ ᠪᠣᠰᠤᠨᠠᠮ

ᠡᠯᠢᠭᠡ ᠵᠢᠷᠦᠭᠡᠨ ᠳ᠋ᠠᠭᠢ ᠡᠭᠦᠷᠢ ᠰᠦᠨᠤᠰᠢ ᠦᠭᠡᠶ ᠮᠥᠷᠦᠭᠡᠳᠦᠯ

ᠡᠵᠡᠭᠦᠢ ᠨᠤᠳᠤᠭ ᠲᠤ ᠣᠢ᠌ᠯᠠᠰ ᠨᠠᠮᠢᠷᠠᠭᠤᠯᠵᠤ ᠮᠥᠩᠭᠡᠷᠡᠨᠡᠮ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2010 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ