ᠨᠡᠪᠲᠡᠷᠡᠨ ᠤᠷᠤᠬᠤ
ᠰᠦᠷᠦᠭ᠍ᠴᠢᠨ ᠰᠡᠷᠡᠭᠦᠢ

ᠦᠨᠡᠨ ᠬᠤᠳᠠᠯ ᠳᠤᠩᠭ᠋ᠤᠷᠤᠭᠰᠠᠨ ᠶ‍ᠢᠷᠳᠢᠠᠴᠤ ᠳ᠋ᠤ

ᠦᠷᠦᠭᠡᠰᠤᠨ ᠨᠢᠳᠤ ᠢᠯᠡᠭᠦᠳᠡᠨ᠎ᠡ

ᠥᠩᠭᠡ ᠮᠥᠩᠭᠦ ᠬᠤᠤᠰᠯᠠᠭᠰᠠᠨ ᠬᠤᠷᠸ᠎ᠠ ᠳ᠋ᠤ

ᠦᠨᠦᠴᠢᠨ ᠵᠢᠷᠦᠭᠡ ᠬᠤᠮᠰᠠᠳᠠᠨ᠎ᠠ


ᠠᠪᠣ ᠡᠵᠢ ᠶᠢᠨ ᠭᠢᠨᠢ ᠠᠪᠳᠠᠷ᠎ᠠ ᠬᠤᠷᠭᠤ ᠳ᠋ᠤ

ᠠᠯᠳᠠ ᠮᠥᠩᠭᠦ ᠢᠯᠡᠭᠦᠳᠡᠨ᠎ᠡ

ᠠᠩᠭ᠋᠎ᠠ ᠬᠡᠦᠬᠡᠳ ᠤᠨ ᠭᠢᠨᠢ ᠣᠭᠤᠷᠠᠭ ᠳᠠᠷᠢᠭᠢᠨ ᠳ᠋ᠤ

ᠠᠷᠢᠭᠤᠨ ᠮᠡᠳᠡᠯᠭᠡ ᠬᠤᠮᠰᠠᠳᠠᠨ᠎ᠠ


ᠡᠷᠭᠢᠮ ᠵᠡᠷᠭᠡᠳᠡᠨ ᠤ ᠭᠦᠮᠦᠷᠭᠡ ᠰᠠᠩ ᠳ᠋ᠤ

ᠣᠯᠵᠠ ᠪᠠᠷᠢᠴᠠ ᠢᠯᠡᠭᠦᠳᠡᠨ᠎ᠡ

ᠡᠭᠡᠯ ᠠᠷᠠᠤᠨ ᠤᠨ ᠬᠠᠰᠢᠶ᠎ᠠ ᠬᠤᠷᠢᠶ᠎ᠠ ᠳᠤ

ᠣᠨ ᠤ ᠭᠦᠨᠡᠰᠤ ᠬᠤᠮᠰᠠᠳᠠᠨ᠎ᠠ


ᠠᠭᠯᠠᠭ ᠠᠭᠤᠯᠠ ᠶᠢᠨ ᠭᠦᠨ ᠪᠠᠯ ᠳ᠋ᠤ

ᠠᠩᠴᠢᠨ ᠤ ᠪᠠᠷ᠎ᠠ ᠢᠯᠡᠭᠦᠳᠡᠨ᠎ᠡ

ᠠᠳᠠᠷ ᠳᠠᠯ᠎ᠠ ᠶᠢᠨ ᠠᠭᠤᠳᠠᠮ ᠪᠠᠯᠴᠢᠭᠡᠷ ᠲᠤ

ᠠᠳᠤᠭᠤᠨ ᠰᠦᠷᠦᠭ᠌ ᠬᠤᠮᠰᠠᠳᠠᠨ᠎ᠠ


ᠠᠶᠤᠯᠳᠤ ᠭᠦᠮᠤᠨ ᠤ ᠬᠤᠤᠷᠳᠤ ᠮᠡᠭᠡ

ᠠᠶᠤᠯᠢᠬᠠᠢ ᠳᠡᠯᠡᠰᠦᠭᠡᠳ ᠢᠯᠡᠭᠦᠳᠡᠨ᠎ᠡ

ᠠᠰᠪᠣᠷᠢ ᠭᠦᠮᠤᠨ ᠤ ᠴᠠᠭᠠᠪᠣᠷ ᠥᠭᠡ

ᠠᠯᠤᠰ ᠴᠠᠭᠠᠨ᠎ᠠ ᠪᠠᠨ ᠬᠤᠮᠰᠠᠳᠠᠨ᠎ᠠ


ᠠᠠᠳᠠ ᠨᠠᠢ᠌ᠵᠠ ᠶᠢᠨ ᠬᠤᠷᠢᠮ ᠨᠠᠢ᠌ᠷ ᠳᠤ

ᠠᠷᠢᠭᠢ ᠳᠠᠷᠠᠰᠤ ᠢᠯᠡᠭᠦᠳᠡᠨ᠎ᠡ

ᠴᠢᠩ ᠰᠡᠳᠭᠢᠯ ᠤᠨ ᠦᠨᠡᠠᠴᠢ ᠨᠥᠭᠦᠷᠯᠡᠯ ᠳ᠋ᠤ

ᠴᠢᠭᠡᠴᠢ ᠵᠢᠷᠤᠮ ᠬᠤᠮᠰᠠᠳᠠᠨ᠎ᠠ


ᠢᠳᠡᠭ᠍ᠰᠡᠨ ᠡᠷᠡᠤ ᠰᠢᠮ᠎ᠠ ᠪᠠᠷ ᠳᠤᠰᠴᠤ

ᠥᠭᠡᠭᠦ ᠳᠤᠰᠤ ᠪᠠᠷ ᠢᠯᠡᠭᠦᠳᠡᠨ᠎ᠡ

ᠢᠳᠡᠭ᠍ᠳᠡᠭ᠍ᠰᠡᠨ ᠳᠤᠪᠣ ᠬᠤᠪᠠᠬᠠᠢ ᠴᠠᠢ᠌ᠵᠤ

ᠥᠭ᠍‍ᠭᠢᠶᠡᠮᠦᠷᠢ ᠳᠦᠷᠢ ᠪᠠᠷ ᠬᠤᠮᠰᠠᠳᠠᠨ᠎ᠠ


ᠢᠴᠢᠳᠡᠭ᠌ ᠦᠭᠡᠶ ᠭᠦᠮᠤᠨ ᠤ ᠬᠠᠴᠠᠷ ᠪᠦᠭᠡᠷᠡᠵᠤ

ᠢᠯᠭᠢ ᠠᠷᠠᠰᠤ ᠪᠠᠷ ᠢᠯᠡᠭᠦᠳᠡᠨ᠎ᠡ

ᠡᠷᠳᠡᠮ ᠲᠡᠶ ᠭᠦᠮᠤᠨ ᠤ ᠰᠠᠨᠠᠭ᠎ᠠ ᠳᠤᠷᠠᠵᠤ

ᠡᠳᠦᠷ ᠤᠨ ᠥᠭ᠍ᠯᠢᠭᠡ ᠪᠠᠷ ᠬᠤᠮᠰᠠᠳᠠᠨ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 10 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ