☆ ᠡᠰᠡᠨᠢᠯ
ᠨᠣᠢ᠌ᠷ ᠬᠤᠯᠵᠢᠭᠰᠠᠨ ᠦᠳᠡᠰᠢ
ᠨᠢᠭᠤᠴᠠᠬᠠᠨ ᠭᠤᠨᠢᠭ ᠲᠤ ᠭᠦᠳᠦᠯᠦᠭ᠍ᠳᠡᠨ
ᠨᠣᠢ᠌ᠷ ᠵᠢᠮ᠎ᠠ ᠪᠠᠨ ᠠᠯᠳᠠᠵᠤ
ᠨᠣᠢ᠌ᠳᠠᠨ ᠪᠣᠳᠤᠯ ᠲᠡᠶ ᠬᠠᠮᠳᠤ
ᠨᠦᠰᠠᠷ ᠨᠤᠷᠠᠨ᠎ᠠ
ᠨᠠᠮᠤᠷ ᠤᠨ ᠥᠩᠭᠡ ᠪᠠᠷ ᠰᠢᠷᠭᠠᠯᠳᠤᠭᠰᠠᠨ
ᠨᠠᠰᠤᠨ ᠤ ᠳᠠᠪᠠᠭᠠᠨ ᠳᠤ ᠪᠠᠨ
ᠨᠠᠷᠠᠳᠤ ᠶᠢᠨ ᠳᠠᠪᠢᠯᠠᠩ ᠢ
ᠨᠠᠢ᠌ᠷᠠᠭ ᠠᠢ᠌ᠷᠠᠭ ᠶᠢᠡᠷ ᠭᠡᠯᠭᠢᠨᠡ
ᠰᠠᠪ ᠦᠭᠡᠶ ᠰᠡᠳᠭᠢᠯ ᠮᠢᠨᠢ
ᠰᠡᠵᠢᠭᠦᠷ ᠦᠭᠡᠶ ᠬᠠᠳᠠ ᠲᠡᠶ ᠮᠦᠷᠭᠦᠵᠤ
ᠰᠦᠪᠡ ᠪᠦᠷᠢ ᠡᠴᠠ ᠪᠠᠨ
ᠰᠦᠨ ᠴᠠᠭᠠᠨ ᠭᠡᠢ᠌ᠷᠭᠡᠯ ᠳᠤᠰᠤᠯᠭᠠᠨᠠ
ᠰᠥᠭᠦᠷᠡᠭ᠍ᠰᠡᠨ ᠭᠠᠵᠠᠷ ᠡᠴᠠ ᠪᠠᠨ ᠦᠨᠳᠠᠢ᠌ᠨ ᠪᠣᠰᠬᠤ ᠳ᠋ᠤ
ᠰᠦᠷᠦᠭ᠌ ᠭᠡᠷᠢᠶ᠎ᠡ ᠳᠤᠯᠤᠭᠠᠢ ᠳᠡᠭᠡᠭᠦᠷ ᠡᠷᠭᠢᠴᠡᠨ᠎ᠡ
ᠰᠦᠨᠠᠰᠤ ᠭᠢᠯᠢᠰ ᠶᠢᠡᠷ ᠣᠷᠤᠩᠨᠠᠵᠤ
ᠰᠦᠨᠢ ᠶᠢᠨ ᠬᠠᠷᠠᠩᠭ᠋ᠤᠢ ᠳᠤ ᠳᠠᠮᠳᠠᠴᠢᠨᠡ
ᠨᠣᠢ᠌ᠷ ᠵᠢᠮ᠎ᠠ ᠪᠠᠨ ᠠᠯᠳᠠᠯ᠎ᠠ
ᠨᠣᠢ᠌ᠳᠠᠨ ᠪᠣᠳᠤᠯ ᠪᠠᠶ᠎ᠠ ᠶᠢ ᠣᠷᠢᠶᠠᠯᠠ
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤ
ᠵᠤᠬᠢᠶᠠᠭᠴᠢ᠄ ᠡᠰᠡᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12091
ᠴᠠᠭ᠄ 2013 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ