ᠨᠡᠪᠲᠡᠷᠡᠨ ᠤᠷᠤᠬᠤ
ᠡᠵᠢ ᠶᠢᠨ ᠳᠠᠭᠤᠤ ᠲᠡᠶ ᠬᠤᠷᠸ᠎ᠠ

ᠨᠠᠷᠠ ᠬᠤᠷ᠎ᠠ ᠲᠡᠶ ᠰᠠᠢ᠌ᠬᠠᠨ ᠪᠠᠢ᠌ᠭᠠᠯᠢ ᠶᠢᠨ ᠶᠢᠡᠨ ᠡᠯᠢᠭᠡᠨ ᠳᠤ ᠡᠪᠠᠰᠤ ᠨᠤᠭᠤᠭᠠᠨ ᠤ ᠠᠩᠭᠢᠯᠤᠮ᠎ᠠ ᠦᠨᠦᠷ ᠲᠤ ᠰᠤᠭᠳᠤᠭᠤᠷᠠᠨ ᠴᠡᠭᠡᠵᠢ ᠬᠠᠩᠬᠤᠯᠤᠭᠤᠨ ᠠᠯᠬᠤᠯᠠᠬᠤ ᠳᠤ ᠭᠦᠭᠡᠷᠦᠭᠦᠨ ᠵᠢᠷᠭᠢᠭᠦ ᠪᠣᠯᠵᠤᠮᠤᠷ ᠡᠵᠢ ᠶᠢᠨ ᠮᠢᠨᠢ ᠳᠠᠭᠤᠤ ᠲᠡᠶ ᠳᠠᠪᠳᠠᠷᠢᠨ᠎ᠡ᠃ ᠦᠷᠤᠪᠴᠢ ᠣᠶᠠᠬᠠᠨ ᠵᠠᠩ ᠶᠢᠡᠷ ᠶᠢᠡᠨ ᠦᠷ᠎ᠡ ᠪᠠᠨ ᠪᠦᠪᠠᠢ᠌ᠯᠠᠵᠤ᠂ ᠦᠷᠤ ᠵᠥᠭᠡᠯᠡᠨ ᠬᠠᠢ᠌ᠷ᠎ᠠ ᠪᠠᠷ ᠶᠢᠡᠨ ᠰᠦ᠋ ᠪᠠᠨ ᠢᠪᠢᠯᠦᠭᠦᠯᠳᠡᠭ᠌ ᠡᠵᠢ ᠭᠦᠮᠤᠨ ᠡᠨᠡ ᠬᠤᠷᠸ᠎ᠠ ᠶᠢᠨ ᠮᠥᠩᠭᠡ ᠶᠢᠨ ᠢᠷᠠᠭᠤ ᠳᠠᠭᠤᠤ ᠪᠢᠯᠠ᠃ ᠡᠯᠢᠭᠡ ᠪᠦᠳᠤᠨ ᠠᠮᠢᠳᠤᠷᠠᠯ ᠢ ᠦᠷ᠎ᠡ ᠳᠤ ᠪᠠᠨ ᠡᠳ᠋ᠯᠡᠭᠦᠯᠭᠦ ᠭᠡᠵᠤ ᠡᠵᠢ ᠭᠦᠮᠤᠨ ᠦᠪᠡᠷ ᠢ ᠪᠠᠨ ᠣᠮᠠᠷᠳᠠᠨ ᠵᠢᠦᠡᠭᠦᠭᠦ ᠳᠡᠭᠡᠨ ᠪᠦᠰᠡᠭᠦᠢ ᠭᠦᠮᠤᠨ ᠤ ᠰᠤᠳᠤᠨ ᠦᠨᠦᠷ ᠶᠢᠡᠷ ᠶᠢᠡᠨ ᠪᠦᠮᠪᠦᠷᠴᠡᠭ᠌ ᠤᠨ ᠬᠠᠳᠠᠭᠤ ᠡᠯᠢᠭᠡ ᠶᠢ ᠪᠦᠯᠢᠶᠡᠰᠦᠭᠦᠯᠤᠨ ᠳᠡᠪᠳᠦᠭᠡᠵᠤ ᠪᠠᠢ᠌ᠳᠠᠭ᠃

ᠡᠷᠭᠢᠵᠤ ᠣᠷᠴᠢᠬᠤ ᠡᠳᠦᠷ ᠬᠤᠨᠤᠭ ᠡᠵᠢ ᠶᠢᠨ ᠳᠠᠭᠤᠤ ᠪᠠᠷ ᠭᠡᠯᠭᠢᠶᠡᠷᠡᠨ᠎ᠡ᠃ ᠠᠯᠤᠨ ᠭᠤᠸ᠎ᠠ ᠡᠭᠡ ᠶᠢᠨ ᠳᠠᠪᠤᠨ ᠮᠦᠰᠤ᠂ ᠥᠭᠡᠯᠤᠨ ᠡᠭᠡ ᠶᠢᠨ ᠬᠠᠳᠠᠭᠤ ᠰᠤᠷᠭᠠᠯ᠂ ᠮᠠᠠᠳᠤᠬᠠᠢ ᠬᠠᠳᠤᠨ ᠤ ᠦᠨᠡᠠᠴᠢ ᠳᠠᠩᠭ᠋ᠠᠷᠢᠭ ᠲᠤ ᠳᠠᠯ᠎ᠠ ᠳᠠᠢ᠌ᠪᠣᠰᠢᠷᠠᠵᠤ᠂ ᠠᠭᠤᠯᠠᠰ ᠰᠦᠨᠳᠠᠷᠯᠠᠨ᠎ᠡ᠃ ᠮᠥᠩᠭᠡ ᠰᠠᠷᠢᠳᠠᠭ ᠤᠨ ᠨᠤᠶᠠᠨ ᠣᠷᠭᠢᠯ ᠶᠢᠡᠷ ᠬᠠᠯᠢᠨ ᠳᠡᠭᠦᠯᠢᠳᠡᠭ᠌ ᠡᠷᠡᠯᠭᠡᠭ᠌ ᠪᠦᠷᠭᠦᠤᠨ ᠰᠢᠭ᠌ ᠢᠳᠠᠷ ᠳᠤᠭᠰᠢᠨ ᠡᠷ᠎ᠡ ᠰᠢᠭ᠌ ᠡᠷᠡᠴᠦᠳ ᠴᠤ ᠡᠵᠢ ᠶᠢᠨ ᠶᠢᠡᠨ ᠡᠨᠡᠷᠢᠩᠭᠦᠢ ᠳᠠᠭᠤᠨ ᠳᠤ ᠣᠶᠠᠰᠤᠨ ᠵᠥᠭᠡᠯᠡᠷᠡᠵᠤ᠂ ᠡᠵᠢ ᠶᠢᠨ ᠶᠢᠡᠨ ᠬᠠᠯᠠᠭᠤᠨ ᠡᠯᠢᠭᠡᠨ ᠳᠤ ᠡᠷᠭᠡᠯᠡᠨ ᠨᠢᠯᠬᠠᠷᠠᠳᠠᠭ ᠶᠤᠮ ᠳ᠋ᠠ︕ ᠡᠵᠢ ᠭᠦᠮᠤᠨ ᠡᠷᠭᠢᠭᠦ ᠬᠤᠷᠸ᠎ᠠ ᠳᠤ ᠳᠠᠭᠢᠵᠤ ᠣᠯᠳᠠᠬᠤ ᠦᠭᠡᠶ ᠡᠨᠡᠷᠢᠯ ᠤᠨ ᠳᠡᠭ᠍ᠷᠢ᠃ ᠡᠢ᠌ᠮᠤ ᠳᠤ ᠪᠠᠨ ᠭᠦᠮᠤᠨ ᠡᠵᠢ ᠪᠠᠨ ᠳᠠᠭᠤᠯᠠᠭᠠᠤᠨ ᠪᠠᠢ᠌ᠳᠠᠭ᠂ ᠡᠢ᠌ᠮᠤ ᠳᠤ ᠪᠠᠨ ᠭᠦᠮᠤᠨ ᠡᠵᠢ ᠪᠠᠨ ᠮᠦᠷᠦᠭᠡᠳᠦᠭᠡᠳ ᠪᠠᠢ᠌ᠳᠠᠭ᠃

ᠮᠦᠷᠦᠭᠡᠳᠦᠯ ᠳᠤ ᠮᠥᠩᠭᠡᠷᠡᠭᠦ ᠡᠵᠢ ᠮᠢᠨᠢ᠂ ᠠᠯᠤᠰ ᠲᠤ ᠰᠠᠭᠤᠭ᠎ᠠ ᠦᠷ᠎ᠡ ᠴᠢᠨᠢ ᠪᠣᠳᠤᠯ ᠠᠯᠭᠠᠰᠠᠨ ᠵᠤᠨ ᠤ ᠳᠡᠭ᠍ᠷᠢ ᠳᠤ ᠨᠡᠭᠦᠭᠦ ᠡᠭᠦᠯᠡᠰ ᠢ ᠰᠢᠷᠳᠡᠭᠦ ᠳᠤ ᠰᠠᠢ᠌ᠬᠠᠨ ᠪᠣᠷᠤ ᠴᠢᠷᠠᠢ ᠴᠢᠨᠢ ᠨᠢᠳᠤᠨ ᠳᠤ ᠳᠤᠳᠤᠷᠠᠭᠠᠤᠨ ᠪᠠᠢ᠌ᠬᠤ ᠶᠤᠮ᠃ ᠡᠵᠢ ᠮᠢᠨᠢ ᠳᠠ ᠬᠠᠯᠠᠭᠤᠨ ᠵᠤᠨ ᠤ ᠰᠢᠳᠠᠮ᠎ᠠ ᠬᠠᠯᠠᠭᠤᠨ ᠨᠠᠷᠠᠨ ᠳᠤ ᠶᠠᠭᠠᠭᠢᠵᠤ ᠯᠠ ᠴᠢᠷᠮᠠᠢ᠌ᠨ ᠠᠵᠢᠯᠯᠠᠳᠠᠭ ᠪᠠᠢ᠌ᠪᠠ ᠳ᠋ᠠ︖ ᠭᠡᠦᠭᠡᠨ ᠤ ᠪᠠᠨ ᠶᠡᠭᠡ ᠰᠤᠷᠭᠠᠭᠤᠯᠢ ᠳᠤ ᠡᠯᠰᠡᠭ᠍ᠳᠡᠭ᠍ᠰᠡᠨ ᠳᠠᠷᠠ ᠵᠤᠨ᠂ ᠡᠵᠢ ᠮᠢᠨᠢ ᠳᠠ ᠬᠠᠢ᠌ᠷᠠᠳᠤ ᠦᠷ᠎ᠡ ᠶᠢᠨ ᠶᠢᠡᠨ ᠰᠤᠷᠤᠯᠭ᠎ᠠ ᠶᠢᠨ ᠣᠪᠣᠭ᠎ᠠ ᠮᠦᠩᠭᠦ ᠶᠢ ᠴᠤᠭᠯᠠᠭᠤᠯᠬᠤ ᠭᠡᠵᠤ ᠦᠷᠯᠦᠭᠡ ᠦᠳᠡᠰᠢ ᠶᠢ ᠳᠠᠮᠠᠴᠠᠨ ᠦᠳᠡ ᠶᠢᠨ ᠠᠮᠠᠷᠠᠯᠳᠠ ᠶᠢ ᠴᠤ ᠠᠰᠢᠭᠯᠠᠨ ᠠᠭᠠᠭᠢᠮ᠎ᠠ ᠬᠠᠯᠠᠭᠤᠨ ᠠᠭᠠᠳᠠᠷ ᠪᠣᠷᠤᠭᠠᠨ ᠢ ᠬᠠᠢ᠌ᠬᠤᠷᠤᠯ ᠦᠭᠡᠶ ᠭᠡᠭᠡᠷ᠎ᠡ ᠶᠢᠨ ᠭᠦᠢᠯᠡᠰᠤ ᠶᠢ ᠠᠳᠬᠤ ᠪᠢᠳᠡᠭᠦᠤ ᠪᠠᠷ ᠳᠡᠭᠦᠨ ᠣᠭᠤᠳᠠ ᠱᠤᠤᠳᠠᠢ ᠪᠠᠨ ᠳᠦᠭᠦᠷᠭᠡᠭᠦ ᠭᠡᠵᠤ ᠨᠢᠭᠡ ᠨᠢᠭᠡ ᠡᠳᠦᠷ ᠶᠢᠡᠷ ᠰᠤᠷᠭᠠᠭᠤᠯᠢ ᠡᠭᠢᠯᠡᠭᠦ ᠬᠤᠨᠤᠭ ᠳᠤᠭᠠᠯᠠᠨ ᠶᠠᠳᠠᠷᠠᠨ ᠲᠤᠢ᠌ᠯᠳᠠᠳᠠᠯ᠎ᠠ ᠴᠢᠷᠮᠠᠢ᠌ᠵᠤ ᠪᠠᠢ᠌ᠭᠰᠠᠨ ᠢ ᠴᠢᠨᠢ ᠮᠡᠭᠤ ᠭᠡᠦᠭᠡᠨ ᠴᠢᠨᠢ ᠶᠠᠭᠠᠭᠢᠭᠰᠠᠨ ᠴᠤ ᠮᠠᠷᠳᠠᠵᠤ ᠴᠢᠳᠠᠬᠤ ᠦᠭᠡᠶ᠃ ᠣᠳᠤ ᠡᠵᠢ ᠮᠨᠢ ᠵᠢᠷᠠ ᠭᠦᠷᠴᠤ ᠵᠠᠵᠢᠨ ᠦᠰᠦ ᠴᠠᠢ᠌ᠭᠠᠤᠨ ᠡᠭᠢᠯᠡᠵᠡᠢ᠃ ᠭᠦᠮᠤᠨ ᠪᠣᠯᠤᠭᠰᠠᠨ ᠭᠡᠦᠭᠡᠨ ᠤ ᠪᠠᠨ ᠳᠡᠷᠭᠡᠳᠡ ᠢᠷᠠᠵᠤ ᠬᠣᠢ᠌ᠮᠤᠷ ᠡᠵᠡᠯᠡᠨ ᠭᠡᠳᠡᠢ᠌ᠵᠤ ᠰᠠᠭᠤᠬᠤ ᠨᠠᠰᠤ ᠪᠣᠯᠵᠠᠢ᠃ ᠭᠡᠪᠠᠴᠤ ᠡᠵᠢ ᠮᠢᠨᠢ ᠪᠠᠰᠠ ᠯᠠ ᠭᠦᠳᠡᠭᠡ ᠭᠡᠷ ᠲᠤ ᠪᠠᠨ ᠣᠤᠯ ᠭᠡᠪ ᠶᠢᠡᠷ ᠶᠢᠡᠨ ᠵᠢᠦᠡᠭᠦᠨ ᠴᠢᠷᠮᠠᠢ᠌ᠭᠰᠠᠭᠠᠷ᠃


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ