ᠨᠡᠪᠲᠡᠷᠡᠨ ᠤᠷᠤᠬᠤ
ᠰᠦᠪᠧᠢ ᠨᠤᠳᠤᠭ ᠶᠢᠠᠷ ᠠᠶᠠᠯᠠᠭᠰᠠᠨ ᠲᠡᠮᠳᠡᠭᠯᠡᠯ

2009 ᠣᠨ ᠤ 7 ᠰᠠᠷ᠎ᠠ ᠶᠢᠨ 9 ᠊ᠤ ᠡᠳᠦᠷ ᠪᠢ ᠨᠤᠳᠤᠭ ᠤᠨ ᠭᠡᠳᠤᠨ ᠭᠦᠮᠤᠨ ᠶᠢᠡᠷ ᠬᠠᠨᠢ ᠭᠢᠨ ᠣᠯᠠᠭᠠᠨ ᠰᠢᠶᠠᠨ ᠡᠴᠡ ᠮᠤᠷᠳᠠᠵᠤ ᠬᠠᠷᠢᠴᠠᠭ᠎ᠠ ᠬᠤᠯᠪᠣᠭ᠎ᠠ ᠳᠠᠰᠤᠷᠠᠭᠠᠤᠨ ᠵᠠᠭᠤᠭᠠᠤᠨ ᠵᠢᠯ ᠪᠣᠯᠵᠤ ᠪᠠᠢ᠌ᠭ᠎ᠠ ᠲᠦᠷᠦᠯ ᠡᠯᠢᠭᠡᠨ ᠶᠢᠡᠨ ᠬᠠᠢ᠌ᠬᠤ ᠪᠠᠷ ᠨᠤᠳᠤᠭ ᠤᠨ ᠠᠬ᠎ᠠ ᠶᠢᠨ ᠳᠡᠷᠭᠡ ᠪᠠᠷ ᠰᠠᠨᠠᠭᠠᠤᠨ ᠭᠦᠰᠡᠭᠡᠤᠨ ᠣᠳᠠᠭᠰᠠᠨ ᠰᠠᠢ᠌ᠬᠠᠨ ᠨᠤᠳᠤᠭ - ᠰᠦᠪᠧᠢ ᠵᠥᠭ᠌ ᠮᠤᠷᠳᠠᠵᠤ ᠪᠢᠯᠠ᠃ ᠶᠠᠷᠤ ᠨᠢ ᠭᠡᠷ ᠤᠨ ᠮᠤᠬᠤᠷ ᠡᠴᠡ ᠵᠠᠢ᠌ᠳᠠᠵᠤ᠂ ᠭᠠᠳᠠᠭᠰᠢ ᠭᠠᠷᠴᠤ ᠨᠢᠳᠤ ᠨᠡᠭᠡᠭᠡᠨ᠎ᠡ ᠭᠡᠭᠦᠯᠡᠷ ᠰᠠᠤᠠᠭᠢᠯ ᠭᠦᠭ᠍ᠰᠡᠭᠡᠤᠨ ᠶᠠᠪᠣᠴᠢᠬᠠᠳᠠᠭ ᠨᠢ ᠮᠢᠨᠤ ᠮᠠᠭᠤ ᠡᠪᠠᠦᠡᠴᠢᠨ᠃ ᠨᠠᠷᠢᠨ ᠬᠠᠷ᠎ᠠ ᠵᠠᠮ ᠶᠢᠡᠷ ᠰᠠᠭᠤᠭᠰᠠᠨ ᠳᠡᠷᠭᠡ ᠰᠠᠯᠭᠢ ᠳᠠᠳᠠᠨ ᠬᠤᠷᠳᠤᠯᠠᠬᠤ ᠳᠤ ᠰᠠᠨᠠᠭ᠎ᠠ ᠪᠣᠳᠤᠯ ᠵᠢᠭᠦᠷ ᠣᠷᠭᠤᠨ ᠭᠦᠪᠦᠯᠵᠡᠵᠤ᠂ ᠬᠠᠮᠳᠤ ᠶᠠᠪᠤᠭᠰᠠᠳ ᠲᠡᠶ ᠪᠠᠨ ᠬᠠᠯᠠᠭᠤᠨ ᠵᠤᠭᠤᠭ ᠳᠡᠯᠭᠡᠨ ᠨᠠᠭᠠᠳᠤᠮ ᠢᠨᠢᠶᠠᠳᠤᠮ ᠬᠤᠶᠠᠷ ᠶᠢᠡᠷ ᠳᠡᠷᠭᠡ ᠳᠦᠭᠦᠷᠭᠡᠨ ᠶᠠᠪᠣᠯ᠎ᠠ᠃

ᠳᠡᠷᠭᠡ ᠣᠨᠤᠭ᠎ᠠ ᠪᠠᠨ ᠪᠠᠯᠠᠤᠠᠭᠡᠨ ᠪᠠᠯᠡᠭ᠌ ᠰᠠᠯᠳᠠ ᠪᠠᠨ ᠳᠦᠭᠦᠭᠡᠷᠴᠤ᠂ ᠪᠠᠰᠠ ᠡᠨᠡ ᠳᠠᠷᠠ ᠭᠡᠮᠡᠨ ᠭᠡᠳᠡᠷᠭᠦ ᠡᠷᠭᠢᠴᠡᠭ᠍ᠰᠡᠭᠡᠷ ᠭᠡᠷ ᠡᠴᠡ ᠭᠠᠷᠬᠤ ᠳᠠᠭᠠᠨ ᠪᠠᠬᠠᠨ ᠣᠷᠣᠢ᠌ᠳᠠᠭᠰᠠᠨ ᠪᠣᠯᠬᠤᠷ ᠪᠢᠳᠠ ᠭᠡᠳᠦᠭᠦᠯᠡ ᠵᠠᠮ ᠳᠠᠭᠠᠨ ᠶᠡᠭᠡ ᠴᠠᠢ᠌ᠳᠠᠮ ᠳᠡᠭᠡᠷ᠎ᠡ ᠴᠢᠯᠡᠭᠡ ᠳᠠᠢ᠌ᠯᠤᠨ ᠠᠮᠠᠷᠠᠵᠤ ᠬᠤᠨᠤᠭᠠᠤᠨ ᠮᠠᠷᠭᠠᠰᠢ ᠥᠷᠯᠦᠭᠡ ᠨᠢ ᠡᠷᠳᠡᠯᠡᠨ ᠮᠤᠷᠳᠠᠪᠠ᠃ ᠴᠠᠢ᠌ᠳᠠᠮ ᠡᠴᠡ ᠭᠠᠷᠬᠤ ᠳᠤ ᠣᠰᠤᠨ ᠬᠠᠷ᠎ᠠ ᠡᠭᠦᠯᠡ ᠳᠤᠯᠤᠭᠠᠢ ᠳᠡᠭᠡᠷ᠎ᠡ ᠡᠴᠡ ᠭᠦᠮᠦᠷᠢᠨ ᠪᠣᠳᠤᠭᠤᠨ ᠤ ᠨᠢᠯᠪᠣᠰᠤ ᠰᠢᠭ ᠪᠣᠷᠤᠭᠠᠨ ᠤ ᠳᠤᠰᠤᠯ ᠤᠳ ᠳᠡᠷᠭᠡᠨ ᠤ ᠴᠤᠩᠬᠤᠨ ᠳᠡᠭᠡᠷ᠎ᠡ ᠢᠷᠠᠵᠤ ᠪᠢᠴᠠᠷᠠᠬᠤ ᠳᠤ ᠭᠡᠨ ᠨᠢᠭᠡ ᠮᠠᠨᠢ 《ᠰᠦᠪᠧᠢ ᠨᠤᠳᠤᠭ ᠡᠨᠡ ᠵᠢᠯ ᠭᠠᠩ ᠲᠡᠶ ᠭᠡᠯ᠎ᠡ᠂ ᠪᠢᠳᠠ ᠪᠣᠷᠤᠭ᠎ᠠ ᠪᠠᠨ ᠠᠪᠣᠭᠠᠤᠨ ᠭᠦᠷᠴᠢᠭᠡᠶ᠎ᠡ》 ᠭᠡᠤᠨ ᠢᠨᠢᠶᠡᠯᠭᠡᠯ᠎ᠡ᠃ ᠡᠨᠡ ᠥᠭᠡ ᠶᠢ ᠰᠤᠨᠤᠰᠤᠭᠠᠤᠨ ᠨᠤᠳᠤᠭ ᠶᠢᠡᠨ ᠭᠠᠩᠳᠠᠭᠠᠬᠤ ᠦᠭᠡᠶ᠂ ᠨᠠᠭᠤᠷ ᠶᠢᠡᠨ ᠬᠠᠳᠠᠭᠠᠬᠤ ᠦᠭᠡᠶ ᠭᠡᠳᠡᠭ᠌ ᠮᠤᠩᠭ᠋ᠤᠯ ᠭᠦᠮᠤᠨ ᠤ ᠠᠭᠤᠳᠠᠮ ᠪᠠᠶᠠᠨ ᠰᠠᠤᠠᠭᠢᠯ ᠭᠡᠵᠢᠶᠡᠳᠡ ᠳᠡᠭᠷᠢ ᠲᠡᠶ ᠪᠠᠨ ᠬᠠᠮᠳᠤ ᠣᠶᠠᠷᠠᠨ ᠳᠤᠭᠳᠤᠯᠠᠳᠠᠭ ᠪᠢᠯᠠ ᠦᠦ ᠭᠡᠵᠤ ᠨᠠᠳᠠ ᠦᠪᠡᠷ ᠤᠨ ᠡᠷᠭᠡ ᠦᠭᠡᠶ ᠪᠣᠳᠤᠭᠳᠠᠵᠤ ᠪᠢᠯᠠ᠃ ᠬᠠᠷᠠᠮᠰᠠᠯᠳᠠᠢ ᠨᠢ ᠡᠨᠡ ᠪᠤᠷᠤᠭ᠎ᠠ ᠪᠢᠳᠠᠨ ᠢ ᠣᠳᠠᠭᠠᠨ ᠳᠠᠭᠠᠵᠤ ᠴᠢᠳᠠᠭ᠎ᠠ ᠦᠭᠡᠶ᠂ ᠬᠠᠭᠠᠰ ᠵᠠᠮ ᠡᠴᠡ ᠪᠣᠴᠠᠴᠢᠬᠠᠯ᠎ᠠ᠃ ᠭᠠᠭᠴᠠ ᠭᠦᠡᠳᠡᠯᠡᠨ ᠡᠪᠠᠰᠤ ᠦᠭᠡᠶ ᠬᠠᠯᠴᠠᠭᠠᠢ ᠭᠦᠭᠡ ᠱᠠᠯᠠ ᠪᠠᠷ ᠳᠤᠰᠤ ᠨᠠᠮᠠᠨ ᠵᠢᠷᠡᠢ᠌ᠯᠭᠡᠵᠤ᠂ ᠳᠡᠭᠡᠰᠤ ᠬᠠᠶᠠᠭᠰᠠᠨ ᠠᠳᠠᠯᠢ ᠨᠠᠷᠢᠨ ᠬᠠᠷ᠎ᠠ ᠵᠠᠮ ᠢ ᠥᠵᠦᠭᠦᠷ ᠡᠴᠡ ᠨᠢ ᠡᠪᠭᠡᠨ ᠠᠶᠠᠯᠠᠬᠤ ᠳᠠᠭᠠᠨ ᠪᠢ 《ᠰᠠᠨᠠᠭᠠᠤᠨ ᠭᠦᠰᠡᠭᠡᠤᠨ ᠣᠳᠠᠭᠰᠠᠨ ᠰᠠᠢ᠌ᠬᠠᠨ ᠮᠤᠩᠭ᠋ᠤᠯ ᠨᠤᠳᠤᠭ ᠰᠦᠪᠧᠢ ᠳᠤ ᠳᠡᠭᠷᠢ ᠶᠢᠨ ᠪᠣᠷᠤᠭ᠎ᠠ ᠪᠠᠨ ᠠᠪᠣᠭᠠᠤᠨ ᠣᠴᠢᠵᠤ ᠴᠢᠳᠠᠬᠤ ᠦᠭᠡᠶ ᠴᠤ ᠰᠠᠤᠠᠭᠢᠯ ᠤᠨ ᠪᠣᠷᠤᠭ᠎ᠠ ᠪᠠᠨ ᠠᠪᠣᠭᠠᠤᠨ ᠣᠴᠢᠴᠢᠬᠠᠶ᠎ᠠ》 ᠭᠡᠤᠨ ᠵᠠᠮ ᠤᠨ ᠪᠣᠳᠤᠯ ᠳᠠᠭᠠᠨ ᠳᠠᠪᠳᠤᠨ ᠶᠠᠪᠣᠪᠠ᠃

ᠦᠳᠡ ᠶᠢᠨ ᠪᠠᠷᠤᠭ ᠶᠢᠡᠷ ᠪᠢᠳᠠ ᠳᠠᠩᠴᠤ ᠦᠨᠳᠦᠷ ᠳ᠋ᠠᠩ ᠤᠨ ᠠᠭᠤᠯᠠ ᠶᠢᠨ ᠭᠦᠳᠦᠯ ᠢ ᠳᠠᠪᠠᠯ᠎ᠠ᠃ ᠭᠦᠳᠦᠯ ᠳᠡᠭᠡᠷ᠎ᠡ ᠵᠢᠷᠤᠭ ᠳᠤᠷᠠᠰᠬᠠᠯ ᠶᠢᠡᠨ ᠥᠯᠡᠳᠡᠭᠡᠴᠢᠭᠡᠭᠡᠤᠨ ᠴᠠᠭᠠᠰᠢ ᠨᠢ ᠪᠠᠭᠤᠬᠤ ᠳᠤ ᠭᠦᠭᠡᠨᠠᠭᠤᠷ ᠤᠨ ᠭᠢᠯᠢ ᠡᠴᠡ ᠭᠠᠷᠤᠯ᠎ᠠ ᠭᠡᠳᠡᠭ᠌ ᠪᠣᠳᠤᠯ ᠭᠦᠮᠤᠨ ᠪᠦᠷᠢ ᠶᠢᠨ ᠳᠤᠳᠤᠷ᠎ᠠ ᠣᠷᠤᠪᠠᠴᠤ᠂ ᠠᠳᠠᠯᠢᠬᠠᠨ ᠮᠤᠩᠭ᠋ᠤᠯ ᠨᠤᠳᠤᠭ ᠤᠨ ᠬᠠᠯᠠᠭᠤᠨ ᠰᠢᠷᠤᠢ ᠳᠡᠭᠡᠷ᠎ᠡ ᠭᠢᠰᠭᠡᠨ᠎ᠡ ᠭᠡᠳᠡᠭ᠌ ᠪᠠᠰᠠ ᠨᠢᠭᠡ ᠪᠦᠯᠢᠶᠡᠨ ᠪᠣᠳᠤᠯ ᠪᠦᠭᠦᠳᠡ ᠶᠢᠨ ᠵᠢᠷᠦᠭᠡ ᠶᠢ ᠢᠯᠪᠠᠨ ᠪᠠᠢ᠌ᠭᠰᠠᠨ᠃ ᠮᠠᠨᠤᠰ ᠭᠠᠵᠠᠷ ᠣᠷᠤᠭᠤ ᠡᠷᠭᠢᠭ᠍ᠰᠡᠨ ᠨᠠᠯᠠᠤ ᠵᠠᠮ ᠶᠢᠡᠷ ᠰᠠᠯᠭᠢ ᠲᠡᠶ ᠣᠷᠤᠯᠳᠤᠨ ᠵᠢᠷᠡᠢ᠌ᠯᠭᠡᠵᠤ ᠣᠳᠠᠭᠰᠠᠨ ᠳᠦᠳᠡᠭ᠍ᠰᠡᠨ ᠦᠭᠡᠶ ᠰᠢᠠᠵᠢᠶᠠᠩ᠂ ᠭᠠᠠᠰᠤ᠂ ᠭᠦᠭᠡᠨᠡᠭᠦᠷ ᠭᠤᠷᠪᠠᠨ ᠮᠤᠵᠢ ᠶᠢᠨ ᠠᠭᠤᠯᠵᠠᠷ ᠳᠡᠭᠡᠷ᠎ᠡ ᠪᠠᠢ᠌ᠭ᠎ᠠ ᠵᠢᠵᠢᠭ᠌ ᠪᠠᠯᠭᠠᠰᠤ - ᠠᠺᠠᠰᠠᠢ ᠳᠡᠭᠡᠷ᠎ᠡ ᠢᠷᠠᠪᠠ᠃ ᠬᠠᠮᠢᠭᠠᠰᠢ ᠬᠠᠷᠠᠭᠰᠠᠨ ᠴᠤ ᠵᠢᠭ᠌ᠳᠡ ᠳᠠᠷᠢᠭᠰᠠᠨ ᠳᠠᠷᠢᠮᠠᠯ ᠮᠤᠳᠤᠳ ᠬᠠᠷᠠᠭ᠎ᠠ ᠦᠨᠦᠰᠴᠤ᠂ ᠵᠡᠭᠡᠯᠢ ᠭᠤᠳᠤᠮᠵᠢ ᠪᠠᠷ ᠨᠢ ᠭᠢᠯᠠ ᠴᠢᠯᠠ ᠣᠢ᠌ᠭᠠᠤᠨ ᠰᠢᠯᠤᠰᠤ ᠬᠠᠶᠠᠬᠤ ᠴᠤ ᠭᠠᠵᠠᠷ ᠣᠯᠳᠠᠮᠠᠷ ᠦᠭᠡᠶ ᠴᠡᠪᠠᠷᠭᠡᠨ ᠪᠠᠢ᠌ᠯ᠎ᠠ᠃ ᠮᠢᠨᠤ ᠪᠠᠢ᠌ᠭ᠎ᠠ ᠭᠠᠵᠠᠷ ᠪᠣᠭ ᠰᠢᠷᠤᠢ᠂ ᠬᠤᠭ ᠨᠤᠪᠰᠢ ᠶᠢ ᠨᠢ ᠡᠳᠦᠷ ᠡᠳᠦᠷ ᠵᠥᠭᠡᠭᠡᠭᠡᠤᠨ ᠬᠠᠶᠠᠭᠠᠤᠨ ᠪᠠᠢ᠌ᠬᠤ ᠳᠤ ᠮᠦᠨ ᠪᠣᠯᠤᠯ ᠦᠭᠡᠶ ᠪᠣᠳᠠᠷᠠᠭᠠᠤᠨ ᠪᠠᠢ᠌ᠳᠠᠭ ᠪᠢᠯᠠ᠃ ᠴᠠᠪᠠᠷ ᠭᠠᠩᠭ᠋ᠠᠩ ᠨᠠᠢ᠌ᠳᠠ ᠶᠢᠨ ᠣᠷᠴᠢᠨ ᠳᠤᠭᠤᠷᠢᠨ ᠢ ᠪᠠᠢ᠌ᠭᠤᠯᠬᠤ ᠳᠤ ᠵᠥᠪᠭᠡᠨ ᠭᠦᠮᠤᠨ ᠤ ᠭᠦᠴᠤᠨ᠂ ᠪᠣᠳᠠᠰ ᠤᠨ ᠭᠦᠴᠤᠨ ᠳᠤ ᠳᠦᠰᠢᠭᠯᠡᠭᠡᠤᠨ ᠪᠣᠯᠬᠤ ᠪᠢᠰᠢ ᠬᠠᠷᠢᠨ ᠭᠦᠮᠦᠰ ᠤᠨ ᠦᠵᠡᠯ ᠣᠬᠠᠮᠰᠠᠷ ᠳᠡᠭᠡᠷ᠎ᠡ ᠨᠠᠭᠠᠯᠳᠤᠨ ᠪᠠᠢ᠌ᠭ᠎ᠠ ᠨᠢᠮᠭᠡᠨ ᠭᠬᠢᠷ ᠢ ᠠᠷᠴᠢᠨ ᠠᠷᠢᠯᠭᠠᠬᠤ ᠡᠴᠡ ᠭᠠᠷᠳᠠᠬᠤ ᠨᠢ ᠵᠦᠪ ᠪᠤᠶᠤ᠃

ᠠᠺᠠᠰᠠᠢ ᠡᠴᠡ ᠴᠢᠨᠠᠭᠰᠢ ᠠᠶᠠᠨ ᠤ ᠵᠢᠯᠤᠭᠤ ᠪᠠᠨ ᠰᠤᠩᠭ᠋ᠠᠬᠤ ᠳᠤ ᠳᠠᠩᠨᠠᠢ᠌ᠷᠠᠨ ᠥᠷᠭᠦᠯᠵᠢᠯᠡᠭ᠍ᠰᠡᠨ ᠠᠯᠳᠠᠨ ᠰᠢᠷᠠᠭᠠᠯ ᠡᠯᠡᠰᠤ ᠲᠡᠶ ᠭᠤᠤᠯ᠂ ᠰᠠᠯᠭᠢᠨ ᠳᠤ ᠢᠳᠡᠭᠳᠡᠨ ᠡᠷᠢᠶ᠎ᠡ ᠭᠠᠷᠤᠭᠰᠠᠨ ᠠᠰᠠᠷ ᠳᠠᠭᠳᠤ ᠠᠳᠠᠯᠢ ᠦᠨᠳᠦᠷ ᠡᠷᠭᠢ ᠨᠥᠭᠦᠤᠨ ᠵᠠᠮ ᠤᠨ ᠬᠠᠵᠠᠭᠤ ᠳᠤ ᠳᠠᠭᠠᠷᠢᠯᠳᠤᠵᠤ ᠬᠠᠷᠠᠭ᠎ᠠ ᠬᠤᠵᠢᠷᠯᠠᠨ ᠰᠤᠨᠢᠷᠬᠠᠯ ᠭᠦᠡᠳᠡᠨ᠎ᠡ᠃ ᠰᠠᠯᠭᠢ ᠨᠢ ᠭᠦᠷᠳᠡᠯ᠎ᠡ ᠪᠠᠢ᠌ᠭᠠᠯᠢ ᠶᠢᠨ ᠣᠷᠠᠨ ᠰᠠᠢ᠌ᠯᠤᠮᠠᠯᠴᠢᠨ ᠰᠢᠭ᠌ ᠶᠠᠭᠤ ᠪᠦᠭᠦᠨ ᠶᠢᠡᠨ ᠵᠠᠰᠠᠨ ᠭᠤᠶᠤᠵᠤ ᠪᠠᠢ᠌ᠳᠠᠭ ᠮᠤᠩᠭ᠋ᠤᠯ ᠨᠤᠳᠤᠭ ᠤᠨ ᠰᠤᠳᠤᠨ ᠭᠠᠢ᠌ᠬᠠᠮᠰᠢᠭ ᠲᠤ ᠰᠤᠭᠳᠤᠭᠤᠷᠠᠬᠤ ᠦᠭᠡᠶ ᠪᠠᠢ᠌ᠬᠤ ᠶᠢᠨ ᠠᠷᠭ᠎ᠠ ᠦᠭᠡᠶ ᠠᠵᠢ᠃

ᠰᠦᠪᠧᠢ ᠨᠤᠳᠤᠭ ᠤᠨ ᠳᠠᠭᠤᠤ ᠳᠤ ᠳᠠᠭᠤᠯᠠᠭᠳᠠᠳᠠᠭ ᠶᠠᠪᠣᠭᠠᠤᠨ ᠪᠠᠷᠠᠭᠳᠠᠰᠢ ᠦᠭᠡᠶ ᠱᠠᠯᠠ ᠪᠠᠷ ᠨᠢ ᠳᠡᠷᠭᠡᠨ ᠤ ᠭᠦᠷᠳᠤ ᠦᠰᠦᠷᠳᠠᠯ᠎ᠠ ᠱᠤᠤᠭᠢᠭᠤᠯᠵᠤ ᠪᠠᠢ᠌ᠭᠠᠤᠨ ᠳᠠᠩᠳᠠ ᠪᠠᠨ ᠵᠡᠭᠦᠳᠤᠨ ᠳᠤ ᠡᠷᠢᠭ᠌ᠳᠡᠭᠡᠤᠨ ᠪᠠᠢ᠌ᠳᠠᠭ ᠳ᠋ᠠᠩ ᠤᠨ ᠭᠤᠤᠯ ᠢ ᠭᠠᠳᠤᠯᠤᠨ ᠰᠦᠪᠧᠢ ᠰᠢᠶᠠᠨ ᠳᠡᠭᠡᠷ᠎ᠡ ᠭᠦᠷᠴᠤ ᠢᠷᠠᠯ᠎ᠠ᠃ ᠰᠦᠪᠧᠢ ᠮᠤᠩᠭ᠋ᠤᠯᠴᠤᠳ ᠤᠨ ᠰᠤᠳᠠᠯ ᠤᠨ ᠴᠢᠰᠤ᠂ ᠰᠠᠤᠠᠭᠢᠯ ᠤᠨ ᠣᠮᠳᠠ ᠪᠣᠯᠤᠭᠰᠠᠨ ᠳ᠋ᠠᠩ ᠤᠨ ᠭᠤᠤᠯ ᠨᠠᠮᠤᠭᠤᠬᠠᠨ ᠣᠷᠤᠰᠴᠤ ᠪᠠᠢ᠌ᠨ᠎ᠠ᠃ ᠡᠪᠦᠯ ᠤᠨ ᠣᠯᠠᠷᠢᠯ ᠢ ᠭᠠᠷᠭᠠᠪᠠᠯ ᠪᠣᠰᠤᠳ ᠭᠤᠷᠪᠠᠨ ᠣᠯᠠᠷᠢᠯ ᠳᠤ ᠥᠷᠭᠦᠯᠵᠢ ᠪᠤᠯᠡᠩᠭᠡᠷ ᠲᠡᠶ ᠣᠷᠤᠰᠳᠠᠭ ᠭᠡᠨ᠎ᠡ᠃ ᠣᠷᠤᠰᠳᠠᠭ ᠶᠠᠩᠵᠤ ᠪᠠᠷ ᠨᠢ ᠣᠷᠤᠰᠬᠠᠬᠤ ᠦᠭᠡᠶ ᠵᠥᠭ᠌ ᠪᠣᠯᠭᠠᠨ ᠳᠤ ᠳᠠᠰᠤᠴᠠᠵᠤ᠂ ᠵᠢᠷᠦᠭᠡ ᠭᠤᠤᠯ ᠡᠴᠡ ᠨᠢ ᠮᠠᠯᠳᠠᠭᠠᠤᠨ ᠪᠠᠢ᠌ᠬᠤᠯᠠᠷ ᠠᠭᠤᠷ ᠭᠢᠯᠢᠩ ᠨᠢ ᠪᠣᠴᠠᠯᠵᠤ ᠣᠯᠠᠭᠠᠨ ᠶᠢᠡᠷ ᠡᠷᠭᠢᠯᠳᠤᠨ ᠥᠶᠡᠷᠯᠡᠳᠡᠭ᠌ ᠪᠢᠯᠠ ᠦᠦ ᠭᠡᠵᠤ ᠨᠠᠳᠠ ᠪᠣᠳᠤᠭᠳᠠᠯ᠎ᠠ᠃ ᠰᠦᠪᠧᠢ ᠰᠢᠶᠠᠨ ᠤ ᠲᠦᠪ - ᠳ᠋ᠠᠩ ᠴᠸᠩ ᠸᠠᠨ ᠪᠠᠯᠭᠠᠰᠤ ᠭᠡᠵᠤ ᠣᠢ ᠮᠤᠳᠤ᠂ ᠴᠡᠴᠡᠭ᠌ ᠨᠠᠪᠴᠢ ᠪᠠᠷ ᠬᠤᠴᠢᠭᠳᠠᠭᠰᠠᠨ ᠴᠡᠴᠡᠷᠯᠢᠭ᠌ ᠭᠡᠮᠡᠷ ᠴᠡᠮᠴᠡᠭᠡᠷ ᠭᠤᠶᠤ ᠪᠠᠯᠭᠠᠰᠤ ᠪᠠᠢ᠌ᠨ᠎ᠠ᠃ ᠮᠠᠨᠤᠰ ᠢ ᠴᠡᠩᠭᠡᠭ᠌ ᠠᠭᠠᠷ᠂ ᠴᠠᠪᠠᠷ ᠰᠠᠯᠭᠢ ᠪᠠᠷ ᠶᠢᠡᠨ ᠳᠠᠭᠠᠯᠠᠨ ᠳᠤᠰᠴᠤ ᠠᠪᠣᠯ᠎ᠠ᠃

ᠪᠢᠳᠠ ᠰᠢᠭᠤᠳ ᠣᠷᠢᠳᠠ ᠨᠢ ᠬᠠᠷᠢᠴᠠᠭ᠎ᠠ ᠬᠤᠯᠪᠣᠭ᠎ᠠ ᠠᠪᠣᠭᠠᠤᠨ ᠪᠠᠢ᠌ᠭᠰᠠᠨ ᠶᠡᠭᠡᠮ᠎ᠡ ᠠᠬ᠎ᠠ ᠶᠢᠨ ᠳᠤ ᠪᠠᠭᠤᠵᠠᠢ᠃ ᠮᠠᠯᠴᠢᠨ ᠠᠢ᠌ᠯ ᠭᠡᠭᠦ ᠶᠢᠨ ᠠᠷᠭ᠎ᠠ ᠦᠭᠡᠶ ᠬᠤᠳᠠ ᠶᠢᠨ ᠶᠠᠩᠵᠤ ᠪᠠᠷ ᠵᠠᠰᠠᠵᠤ ᠴᠢᠮᠡᠭ᠍ᠰᠡᠨ ᠡᠷ᠎ᠡ ᠡᠮ᠎ᠡ ᠬᠤᠶᠠᠭᠤᠯᠠ ᠪᠠᠨ ᠮᠠᠨᠤᠰ ᠢ ᠲᠤᠩ ᠬᠠᠯᠠᠭᠤᠮᠰᠤᠭ ᠶᠢᠡᠷ ᠣᠭᠳᠤᠨ ᠠᠪᠤᠪᠡ᠃ ᠰᠥ᠋ ᠲᠡᠶ ᠰᠢᠷᠭᠠᠯ ᠴᠠᠢ ᠪᠠᠷ ᠴᠠᠩᠭ᠋ᠠᠭ᠎ᠠ ᠪᠠᠨ ᠭᠠᠷᠭᠠᠵᠤ᠂ ᠰᠢᠷᠡᠭᠡ ᠳᠦᠭᠦᠷᠡᠩ ᠥᠷᠦᠭ᠍ᠰᠡᠨ ᠰᠢᠭᠢᠷ ᠪᠣᠭᠤᠷᠰᠤᠭ ᠶᠢᠡᠷ ᠱᠠᠯᠠᠭᠤᠯᠵᠤ ᠰᠠᠭᠤᠬᠤ ᠳᠤ ᠵᠠᠮ ᠤᠨ ᠴᠢᠯᠡᠭᠡ ᠳᠤᠤᠷ᠎ᠠ ᠪᠠᠨ ᠳᠠᠢ᠌ᠯᠭᠠᠷᠠᠵᠤ ᠢᠷᠠᠨ᠎ᠠ᠃ ᠶᠡᠭᠡᠮ᠎ᠡ ᠠᠬ᠎ᠠ ᠶᠢᠨ ᠪᠦᠰᠡᠭᠦᠢ ᠨᠢ ᠭᠦᠭᠡᠨᠡᠭᠤᠷ ᠤᠨ ᠸᠠᠩ ᠤᠨ ᠬᠤᠰᠢᠭᠤᠨ ᠤ ᠭᠦᠮᠤᠨ᠃ ᠡᠨᠡ ᠣᠳᠠᠭ᠎ᠠ ᠪᠢᠳᠠ ᠰᠦᠪᠧᠢ ᠡᠴᠡ ᠲᠦᠷᠦᠯ ᠡᠯᠢᠭᠡᠨ ᠶᠢᠡᠨ ᠬᠠᠢ᠌ᠬᠤ ᠳᠤ ᠬᠠᠯᠠᠭᠤᠨ ᠰᠠᠤᠠᠭᠢᠯ ᠲᠡᠶ ᠡᠷ᠎ᠡ ᠡᠮ᠎ᠡ ᠬᠤᠶᠠᠭᠤᠯᠠ ᠡᠰᠢ ᠳᠠᠰᠢ ᠭᠦᠶᠤᠨ ᠡ᠊ᠨᠳᠡ ᠳᠠᠠᠳᠠ ᠣᠳᠠᠰᠤᠳᠠᠵᠤ ᠪᠠᠢ᠌ᠭᠠᠤᠨ ᠲᠦᠷᠦᠯ ᠤᠨ ᠰᠤᠷᠠᠭ ᠢ ᠭᠠᠷᠭᠠᠵᠤ᠂ ᠮᠠᠨ ᠤ ᠠᠵᠢᠯ ᠳᠤ ᠲᠤᠩ ᠳᠦᠭᠦᠮ ᠥᠵᠡᠭᠦᠯᠦᠭ᠍ᠰᠡᠨ ᠪᠢᠯᠠ᠃

ᠭᠦᠭᠡᠨᠡᠭᠤᠷ ᠡᠴᠡ ᠭᠡᠢ᠌ᠴᠢᠨ ᠢᠷᠠᠯ᠎ᠠ ᠭᠡᠭᠦ ᠶᠢ ᠰᠤᠨᠤᠰᠤᠭᠠᠤᠨ ᠭᠦᠷᠰᠢ ᠵᠡᠷᠭᠡᠯᠡᠳᠡᠭᠡ ᠰᠠᠭᠤᠭ᠎ᠠ ᠠᠢ᠌ᠯ ᠬᠤᠳᠠᠨ ᠤ ᠣᠯᠤᠰ ᠤᠳ ᠬᠣᠢ᠌ᠨ᠎ᠠ ᠬᠣᠢ᠌ᠨ᠎ᠠ ᠡᠴᠡ ᠪᠠᠨ ᠵᠤᠯᠭᠠᠨ ᠢᠷᠠᠵᠤ ᠭᠡᠷ ᠳᠦᠭᠦᠷᠭᠡᠨ᠎ᠡ᠃ ᠨᠢᠭᠡᠨ ᠤ ᠭᠢᠨᠢ ᠭᠡᠷ ᠲᠤ ᠭᠡᠢ᠌ᠴᠢᠨ ᠬᠠᠷ᠎ᠠ ᠢᠷᠡᠭᠦ ᠳᠤ ᠨᠠᠳᠠ ᠶᠠᠮᠠᠷ ᠬᠠᠮᠢᠭ᠎ᠠ ᠭᠡᠰᠡᠨ ᠶᠠᠩᠵᠤ ᠭᠠᠷᠤᠭᠠᠤᠨ ᠵᠠᠢ᠌ᠯᠤᠭᠠᠤᠨ ᠶᠠᠪᠣᠳᠠᠭ ᠮᠠᠭᠤᠬᠠᠢ ᠳᠠᠤᠠᠬᠠᠯ ᠡ᠊ᠨᠳᠡ ᠦᠭᠡᠶ ᠶᠤᠮ ᠪᠠᠢ᠌ᠨ᠎ᠠ᠃ ᠬᠠᠷᠢᠨ ᠠᠯᠢ ᠨᠢ ᠪᠣᠯᠪᠠᠴᠤ ᠠᠢ᠌ᠯ ᠤᠨ ᠵᠤᠴᠢᠨ ᠶᠢᠡᠨ ᠦᠪᠡᠷ ᠤᠨ ᠵᠤᠴᠢᠨ ᠶᠢᠡᠨ ᠰᠢᠭ᠌ ᠭᠦᠡᠳᠦᠦᠡᠭᠡᠨ ᠭᠦᠯᠢᠶᠡᠵᠤ᠂ ᠶᠠᠷᠢᠶ᠎ᠠ ᠵᠤᠭᠤᠭ ᠳᠡᠯᠭᠡᠨ ᠨᠠᠢ᠌ᠷ ᠨᠠᠭᠠᠳᠤᠮ ᠡᠭᠦᠰᠭᠡᠳᠡᠭ᠌ ᠨᠢ ᠰᠠᠢ᠌ᠬᠠᠨ ᠠᠵᠢ᠃ ᠳᠡᠭᠡᠭᠡᠤᠨ ᠪᠠᠰᠠ ᠭᠡᠯᠡᠭᠦ ᠥᠭᠡ ᠪᠠᠨ ᠭᠡᠯᠡᠵᠤ ᠶᠠᠳᠠᠭᠠᠤᠨ ᠳᠤᠭᠤᠷᠢᠭᠤᠯᠵᠤ ᠳᠤᠭᠰᠢᠭᠠᠤᠨ ᠪᠠᠢ᠌ᠬᠤ ᠪᠢᠰᠢ ᠬᠠᠷᠢᠨ ᠣᠯᠠᠰ ᠴᠠᠢ᠌ᠰ ᠭᠡᠳᠡᠯ᠎ᠡ ᠰᠢᠭᠤᠳ ᠳᠠᠯᠪᠢᠴᠢᠬᠠᠳᠠᠭ ᠨᠢ ᠰᠠᠤᠠᠭᠢᠯ ᠳᠤ ᠬᠠᠯᠠᠭᠤᠬᠠᠨ᠃ ᠰᠦᠪᠧᠢ ᠶᠢᠨ ᠮᠤᠩᠭ᠋ᠤᠯᠴᠤᠳ ᠲᠤ ᠳᠠᠭᠤᠤ ᠮᠡᠳᠡᠭᠦ ᠦᠭᠡᠶ ᠪᠣᠶᠤ ᠳᠠᠭᠤᠯᠠᠵᠤ ᠮᠡᠳᠡᠭᠦ ᠦᠭᠡᠶ ᠭᠦᠮᠤᠨ ᠲᠤᠩ ᠬᠤᠪᠣᠷ᠃ ᠨᠠᠢ᠌ᠷ ᠤᠨ ᠳᠤᠭᠤᠷ᠎ᠠ ᠡᠷᠭᠢᠭᠦ ᠳᠤ ᠭᠦᠭ᠍ᠰᠢᠨ ᠵᠠᠯᠠᠭᠤ ᠢᠯᠭᠠᠯ ᠦᠭᠡᠶ ᠭᠡᠨ ᠨᠢ ᠪᠣᠯᠪᠠᠴᠤ ᠪᠣᠰᠤᠭᠠᠤᠨ ᠳᠠᠭᠤᠯᠠᠴᠢᠬᠠᠨ᠎ᠠ᠃ 《ᠰᠢᠷᠭᠠᠯᠵᠠᠨ ᠮᠢᠨᠢ》 ᠭᠡᠤᠨ ᠰᠦᠪᠧᠢ ᠮᠤᠩᠭ᠋ᠤᠯᠴᠤᠳ ᠤᠨ ᠨᠤᠳᠤᠭ ᠤᠨ ᠳᠠᠭᠤᠤ ᠪᠠᠨ ᠭᠡᠨ ᠨᠢᠭᠡ ᠨᠢ ᠡᠭᠢᠯᠡᠪᠠᠯ ᠪᠦᠭᠦᠳᠡᠭᠡᠷ ᠬᠤᠭᠤᠯᠠᠢ ᠨᠡᠢ᠌ᠯᠡᠭᠦᠯᠤᠨ ᠳᠦᠷᠢᠵᠤ᠂ ᠨᠠᠢ᠌ᠷ ᠤᠨ ᠵᠥᠭᠡᠯᠡᠨ ᠡᠭᠡᠰᠢᠭ᠌ ᠶᠢᠡᠷ ᠶᠢᠡᠨ ᠬᠤᠯᠠ ᠶᠢᠨ ᠵᠤᠴᠢᠳ ᠶᠢᠡᠨ ᠪᠠᠶᠠᠰᠬᠠᠨ᠎ᠠ᠃ ᠰᠤᠶᠤᠯ ᠶᠢᠡᠨ ᠳᠡᠭᠡᠳᠦᠯᠡᠭᠦ᠂ ᠨᠤᠳᠤᠭ ᠣᠰᠤ ᠪᠠᠨ ᠮᠠᠭᠳᠠᠨ ᠮᠥᠩᠭᠡᠷᠡᠭᠦᠯᠭᠦ ᠭᠡᠰᠡᠨ ᠵᠢᠷᠦᠭᠡᠨ ᠤ ᠠᠷᠢᠭᠤᠨ ᠴᠤᠤᠷᠢᠶ᠎ᠠ ᠭᠦᠮᠤᠨ ᠪᠣᠯᠭᠠᠨ ᠤ ᠰᠠᠤᠠᠭᠢᠯ ᠡᠴᠡ ᠣᠠᠳᠤᠷᠳᠠᠭ ᠨᠢ ᠥᠨᠡᠭᠡᠷ ᠭᠠᠢ᠌ᠬᠠᠮᠰᠢᠭ ᠪᠢᠯᠠ᠃ ᠭᠡᠳᠥᠢᠪᠠᠷ ᠡᠨᠡ ᠵᠢᠯ ᠰᠦᠪᠧᠢ ᠨᠤᠳᠤᠭ ᠭᠠᠩᠳᠠᠯ᠎ᠠ ᠭᠡᠵᠤ ᠪᠠᠢ᠌ᠪᠠᠴᠤ ᠵᠤᠴᠢᠠᠰᠠᠭ ᠬᠠᠯᠠᠭᠤᠮᠰᠤᠭ ᠮᠥᠷᠳᠡᠭᠡᠨ ᠰᠠᠤᠠᠭᠢᠯ ᠤᠨ ᠭᠠᠩ ᠦᠭᠡᠶ ᠪᠠᠶᠠᠰᠴᠤ ᠨᠠᠢ᠌ᠷᠯᠠᠵᠤ ᠴᠢᠳᠠᠳᠠᠭ ᠴᠠᠰᠤᠳᠤ ᠶᠢᠨ ᠮᠤᠩᠭ᠋ᠤᠯᠴᠤᠳ ᠲᠤ ᠨᠤᠳᠤᠭ ᠤᠨ ᠭᠠᠩ ᠶᠠᠭᠤ ᠴᠤ ᠪᠢᠰᠢ ᠰᠠᠨᠠᠭᠳᠠᠯ᠎ᠠ᠃

ᠮᠠᠷᠭᠠᠰᠢ ᠨᠢ ᠮᠠᠨᠤᠰ ᠶᠡᠭᠡᠮ᠎ᠡ ᠠᠬ᠎ᠠ ᠶᠢᠨ ᠳᠡᠷᠭᠡ ᠪᠠᠷ ᠰᠢᠶᠠᠨ ᠤ ᠲᠦᠪ ᠡᠴᠡ ᠵᠠᠭᠤ ᠭᠠᠷᠤᠢ ᠺᠢᠯᠤᠮᠸᠲ᠋ᠷ ᠵᠠᠢ᠌ᠳᠠᠢ ᠪᠠᠢ᠌ᠭ᠎ᠠ ᠴᠢᠯᠠᠭᠤᠨ ᠬᠤᠳᠠ (ᠭᠢᠳᠠᠤᠨ ᠶᠢᠡᠷ ᠱᠢ ᠊ᠭ᠍ᠦᠤ ᠴᠸᠩ ᠭᠡᠨ᠎ᠡ᠃ ᠡ᠊ᠨᠳᠡᠭᠢ ᠶᠢᠨ ᠮᠤᠩᠭ᠋ᠤᠯᠴᠤᠳ ᠡᠨᠡ ᠨᠠᠷ᠎ᠠ ᠪᠠᠷ ᠨᠢ ᠳᠠᠭᠤᠳᠠᠭᠠᠤᠨ ᠵᠠᠩᠰᠢᠴᠢᠬᠠᠵᠠᠢ) ᠵᠢ ᠵᠤᠷᠢᠯ᠎ᠠ᠃ ᠦᠪᠡᠷ ᠤᠨ ᠠᠵᠢᠯ ᠶᠢᠡᠨ ᠬᠣᠢ᠌ᠰᠢ ᠳᠠᠯᠪᠢᠵᠤ᠂ ᠪᠢᠳᠠᠨ ᠤ ᠠᠵᠢᠯ ᠢ ᠬᠠᠯᠠᠭᠤᠨ ᠶᠢᠡᠷ ᠳᠡᠮᠵᠢᠭ᠍ᠰᠡᠨ ᠶᠡᠭᠡᠮ᠎ᠡ ᠠᠬ᠎ᠠ ᠶᠢᠨ ᠭᠢᠨ ᠤ ᠳᠤᠰᠠᠴᠢ ᠡᠯᠢᠭᠡᠰᠡᠭ᠌ ᠰᠠᠤᠠᠭᠢᠯ ᠰᠠᠢ᠌ᠬᠠᠨ ᠪᠠᠢ᠌ᠨ᠎ᠠ᠃ ᠪᠠᠰᠠ ᠢᠯᠡᠭᠦᠤ ᠳᠤᠳᠠᠭᠤ ᠵᠠᠩ ᠦᠭᠡᠶ᠂ ᠣᠴᠢᠷ ᠶᠤᠰᠤ ᠮᠡᠳᠡᠳᠡᠭ᠌ ᠰᠦᠪᠧᠢ ᠨᠤᠳᠤᠭ ᠤᠨ ᠢᠷᠦᠭᠡᠯᠴᠢ᠂ ᠳᠠᠭᠤᠴᠢᠨ ᠴᠢᠮᠠᠤᠨ ᠨᠠᠰᠤᠳᠠᠨ ᠴᠤ ᠰᠠᠤᠠᠭᠢᠯ ᠶᠢᠡᠷ ᠪᠠᠶᠠᠨ ᠨᠠᠰᠤᠳᠠᠨ ᠳ᠋ᠠ᠃ ᠦᠪᠡᠷ ᠤᠨ ᠰᠠᠢ᠌ᠨ ᠳᠤᠷ᠎ᠠ ᠡᠴᠡ ᠪᠠᠨ ᠮᠠᠨᠤᠰ ᠲᠤ ᠵᠠᠮ ᠤᠨ ᠬᠠᠨᠢ ᠪᠣᠯᠵᠤ ᠵᠠᠮ ᠳᠠᠭᠠᠭᠤᠯᠤᠯ᠎ᠠ᠃

ᠠᠮᠠᠭᠠᠢ ᠵᠠᠭᠤᠨ ᠳᠡᠮᠡᠤᠯᠭᠦ ᠠᠭᠰᠤᠮ ᠭᠦᠯᠦᠭ᠌ ᠰᠢᠭ᠌ ᠠᠶᠠᠨ ᠤ ᠳᠡᠷᠭᠡ ᠪᠠᠷ ᠳᠤᠭᠤᠰᠤ ᠳᠠᠳᠠᠨ ᠳᠠᠪᠬᠢᠭᠤᠯᠬᠤ ᠳᠤ ᠰᠦᠪᠧᠢ ᠨᠤᠳᠤᠭ ᠤᠨ ᠠᠭᠤᠯᠠ ᠣᠰᠤ᠂ ᠡᠪᠠᠰᠤ ᠣᠷᠭᠤᠮᠠᠯ ᠬᠠᠷᠠᠭᠠᠨ ᠳᠤ ᠳᠡᠯᠭᠡᠭᠳᠡᠨ ᠰᠠᠤᠠᠭᠢᠯ ᠤᠨ ᠶᠤᠩᠬᠤᠷ ᠡᠴᠡ ᠵᠥᠭᠡᠯᠡᠨ ᠨᠢᠳᠤᠷᠤᠨ᠎ᠠ᠃ ᠭᠡᠴᠢᠨᠡᠨ ᠶᠡᠭᠡ ᠦᠶᠡᠷ ᠣᠰᠤᠨ ᠢᠷᠠᠯ᠎ᠠ ᠭᠡᠤᠨ ᠵᠠᠶᠠᠭᠠᠨ ᠳᠠᠭᠠᠨ ᠭᠦᠭᠡᠭᠡᠭᠳᠡᠵᠤ ᠪᠣᠯᠭᠤᠷᠳᠠᠭ ᠦᠭᠡᠶ᠂ ᠶᠠᠮᠠᠷ ᠴᠢᠨᠡᠭᠡᠨ ᠭᠠᠩ ᠭᠠᠮᠰᠢᠭ ᠪᠣᠯᠤᠭᠰᠠᠨ ᠴᠤ ᠨᠤᠭᠤᠭᠠᠷᠠᠬᠤ ᠪᠠᠨ ᠪᠠᠢ᠌ᠳᠠᠭ ᠦᠭᠡᠶ ᠭᠠᠭᠴᠠ ᠮᠤᠳᠤᠨ - ᠰᠦᠪᠧᠢ ᠨᠤᠳᠤᠭ ᠤᠨ ᠰᠠᠭᠢᠭᠤᠰᠤ᠂ ᠠᠮᠢᠨ ᠰᠢᠳᠦᠭᠡᠨ ᠪᠣᠯᠤᠨ ᠬᠠᠭᠤᠷᠠᠢ ᠭᠤᠤᠯ ᠤᠨ ᠭᠦᠪᠠᠭᠡᠨ ᠳᠡᠭᠡᠷ᠎ᠡ ᠰᠦᠨᠳᠠᠷᠯᠠᠨ᠎ᠠ᠃ ᠬᠠᠭᠤᠴᠢᠨ ᠳᠤ ᠬᠠᠷ᠎ᠠ ᠳᠠᠮᠠᠭᠢ ᠳᠠᠷᠢᠵᠤ ᠪᠠᠢ᠌ᠭᠰᠠᠨ ᠬᠠᠳᠠᠨ ᠬᠠᠪᠴᠢᠯ ᠦᠶᠡᠷ ᠣᠰᠤᠨ ᠳᠤ ᠳᠠᠭᠤᠭᠳᠠᠨ ᠣᠤᠯ ᠤᠨ ᠥᠩᠭᠡ ᠵᠢᠰᠤ ᠪᠠᠨ ᠠᠯᠳᠠᠵᠤ᠂ ᠣᠷᠤᠮ ᠳᠡᠭᠡᠷ᠎ᠡ ᠨᠢ ᠵᠠᠭᠤᠭᠠᠤᠨ ᠰᠠᠭᠤᠷᠢ ᠮᠤᠳᠤ ᠨᠤᠭᠤᠭᠠᠷᠠᠨ ᠣᠷᠭᠤᠭᠠᠤᠨ ᠵᠠᠮ ᠤᠨ ᠴᠢᠮᠡᠭ᠌ ᠪᠣᠯᠤᠨ᠎ᠠ᠃ ᠬᠠᠮᠢᠭᠠᠭᠢ ᠭᠠᠵᠠᠷ ᠤᠨ ᠶᠠᠪᠣᠭᠤᠯ ᠢᠷᠭᠡᠨ ᠳᠠᠨᠤᠵᠤ ᠶᠠᠪᠣᠭᠠᠤᠨ ᠡ᠊ᠨᠳᠡ ᠢᠷᠠᠵᠤ ᠭᠠᠵᠠᠷ ᠤᠨ ᠭᠦᠷᠦᠰᠤ ᠶᠢ ᠡᠪᠳᠡᠭ᠍ᠰᠡᠨ ᠪᠣᠯ ᠭᠡᠵᠤ ᠪᠣᠳᠤᠬᠤ ᠳᠤ ᠬᠠᠷᠠᠮᠰᠠᠯ ᠲᠦᠷᠦᠭᠳᠡᠨ᠎ᠠ᠃ ᠪᠠᠰᠠ ᠵᠠᠮ ᠤᠨ ᠬᠠᠵᠠᠭᠤ ᠳᠤ ᠨᠢᠭᠡ ᠣᠷᠠᠯᠢᠭ ᠨᠠᠷᠢᠨ ᠭᠢᠴᠠ ᠲᠡᠶ ᠳᠤᠮᠤ ᠴᠢᠯᠠᠭᠤᠨ ᠪᠠᠴᠢᠨ ᠪᠠᠢ᠌ᠭᠰᠠᠨ ᠢ ᠬᠤᠯᠠᠭᠠᠢ᠌ᠯᠠᠨ ᠠᠴᠢᠭᠠᠤᠨ ᠶᠡᠪᠤᠪᠡ ᠭᠡᠤᠨ ᠶᠡᠭᠡᠮ᠎ᠡ ᠠᠬ᠎ᠠ ᠠᠮᠠ ᠪᠠᠨ ᠪᠠᠷᠢᠨ ᠭᠠᠰᠠᠯᠵᠤ ᠪᠠᠢ᠌ᠭᠰᠠᠨ᠃ ᠭᠠᠵᠠᠷ ᠳᠤᠤᠷᠠᠭᠢ ᠣᠰᠤ ᠳᠤᠰᠤ᠂ ᠠᠭᠤᠷᠬᠠᠢ ᠭᠠᠷᠤᠯᠳᠠ ᠶᠢ ᠠᠭᠤᠳᠠᠯᠵᠤ ᠰᠤᠷᠤᠬᠤ ᠪᠠᠷ ᠵᠤᠭᠰᠤᠬᠤ ᠦᠭᠡᠶ ᠭᠠᠵᠠᠷ ᠳᠡᠭᠡᠷᠡᠭᠢ ᠡᠳ᠋ ᠡᠷᠳᠡᠨᠢᠰ᠂ ᠡᠷᠳᠡᠨ ᠤ ᠶᠠᠭᠤᠮᠠᠰ ᠢ ᠴᠤ ᠥᠯᠡᠳᠡᠭᠡᠯ ᠦᠭᠡᠶ ᠴᠦᠯᠮᠤᠨ ᠳᠡᠭᠦᠵᠤ ᠶᠠᠪᠣᠳᠠᠭ ᠬᠠᠨᠤᠵᠤ ᠴᠠᠤᠠᠴᠤ ᠮᠡᠳᠡᠳᠡᠭ᠌ ᠦᠭᠡᠶ ᠭᠦᠮᠦᠰ ᠲᠤ ᠥᠨᠡᠭᠡᠷ ᠣᠴᠠᠭᠠᠷ ᠭᠦᠷᠴᠤ᠂ ᠰᠢᠷ᠎ᠠ ᠪᠤᠴᠡᠯᠦᠨ᠎ᠡ᠃

ᠪᠢᠳᠠᠨ ᠤ ᠠᠶᠠᠯᠠᠭᠰᠠᠨ ᠵᠠᠮ ᠶᠢᠡᠷ ᠭᠢ ᠪᠠᠯᠴᠢᠭᠡᠷ ᠭᠡᠳᠥᠢᠪᠠᠷ ᠡᠪᠠᠰᠤ ᠨᠤᠭᠤᠭ᠎ᠠ ᠳᠠᠴᠢᠷ ᠨᠢᠮᠭᠡᠨ᠂ ᠥᠩᠭᠡ ᠦᠵᠡᠮᠵᠢ ᠪᠠᠷ ᠡᠡᠭ᠌ ᠤᠨ ᠶᠡᠷᠦᠮᠳᠡᠭ᠌ ᠪᠣᠯᠪᠠᠴᠤ ᠦᠯ ᠬᠤᠭᠤᠯᠠ ᠲᠡᠶ᠂ ᠦᠩ ᠰᠢᠮᠡᠯᠡᠭ᠌ ᠰᠠᠢ᠌ᠬᠠᠨ ᠨᠤᠳᠤᠭ ᠭᠡᠨ᠎ᠡ᠃ ᠡᠪᠦᠯ ᠤᠨ ᠴᠠᠭ ᠲᠤ ᠪᠢᠳᠡᠭᠦᠤ ᠴᠠᠭᠠᠨ ᠴᠠᠰᠤᠨ ᠳᠤ ᠬᠤᠴᠢᠭᠳᠠᠭᠠᠤᠨ ᠪᠠᠢ᠌ᠭᠰᠠᠨ ᠴᠤ ᠮᠠᠯ ᠮᠦᠨ ᠠᠮᠢᠳᠤᠷᠠᠭᠠᠤᠨ ᠣᠠᠳᠤᠷᠤᠭᠠᠤᠨ ᠪᠣᠯᠳᠠᠭ ᠪᠦᠭᠡᠤᠨ ᠠᠷᠭᠠᠯᠢ ᠣᠭᠠᠯᠵᠠ᠂ ᠵᠡᠭᠡᠷ᠎ᠡ᠂ ᠭᠦᠭᠡ ᠢᠮᠠᠭ᠎ᠠ᠂ ᠥᠨᠡᠭᠡ ᠴᠢᠨᠤ᠎ᠠ ᠡᠴᠡ ᠡᠭᠢᠯᠡᠭᠡᠤᠨ ᠵᠡᠷᠯᠢᠭ᠌ ᠭᠦᠷᠦᠭᠡᠰᠤ᠂ ᠠᠷᠢᠶᠠᠳᠠᠨ ᠠᠮᠢᠳᠠᠨ ᠠᠷᠪᠢᠨ ᠪᠠᠢ᠌ᠳᠠᠭ ᠭᠡᠵᠤ ᠨᠤᠳᠤᠭ ᠤᠨ ᠭᠦᠮᠦᠰ ᠨᠢᠭᠤᠷ ᠪᠠᠷᠳᠠᠮ ᠳᠡᠢ᠌ᠯᠪᠤᠷᠢᠯᠡᠨ᠎ᠡ᠃ ᠳᠡᠭᠡᠭᠡᠤᠨ ᠥᠵᠡᠭᠦ ᠳᠤ ᠪᠤᠭᠤᠨᠢᠬᠠᠨ ᠪᠣᠯᠪᠠᠴᠤ ᠥᠡᠳᠦᠷᠯᠢᠭ᠌ ᠭᠠᠵᠠᠷ ᠭᠡᠳᠡᠭ᠌ ᠢ ᠰᠤᠨᠤᠰᠪᠠᠯ ᠮᠡᠳᠡᠴᠢᠭᠡᠨ᠎ᠡ᠃ ᠡᠪᠦᠯ ᠳᠡᠭᠡᠨ ᠭᠡᠵᠢᠶᠡᠳᠡ ᠪᠢᠳᠡᠭᠦᠤ ᠴᠠᠰᠤ ᠲᠡᠶ ᠪᠠᠢ᠌ᠳᠠᠭ ᠪᠦᠭᠡᠤᠨ ᠡᠭᠦᠯᠡ ᠮᠠᠨᠠᠨ ᠥᠷᠭᠦᠯᠵᠢ ᠠᠭᠤᠯᠠ ᠶᠢᠨ ᠣᠷᠤᠢ ᠪᠠᠯ ᠶᠢᠡᠷ ᠪᠠᠭᠤᠭᠠᠤᠨ ᠪᠠᠢ᠌ᠳᠠᠭ ᠭᠡᠰᠡᠨ᠃ ᠬᠠᠳᠠᠭᠤ ᠪᠠᠷᠭᠡ ᠨᠡᠭᠦᠳᠡᠯ ᠠᠮᠢᠳᠤᠷᠠᠯ ᠤᠨ ᠣᠷᠴᠢᠨ ᠨᠢ ᠡᠨᠡ ᠨᠤᠳᠤᠭ ᠤᠨ ᠭᠦᠷᠦᠰᠤᠨ ᠳᠡᠭᠡᠷ᠎ᠡ ᠭᠦᠯᠪᠠᠷᠢᠨ ᠣᠨᠠᠵᠤ᠂ ᠭᠦᠯᠯᠡᠨ ᠪᠣᠰᠳᠠᠭ ᠦᠷᠡᠰ ᠶᠢᠡᠨ ᠴᠠᠭ ᠥᠷᠭᠦᠯᠵᠢ ᠳᠠᠰᠪᠣᠷᠢ ᠳᠠᠪᠴᠢᠶᠠᠷᠢ ᠲᠡᠶ᠂ ᠬᠤᠭᠤᠷᠠᠬᠤ ᠡᠴᠡ ᠪᠢᠰᠢ ᠨᠤᠭᠤᠷᠠᠬᠤ ᠦᠭᠡᠶ ᠳᠤᠳᠤᠷ ᠳᠠᠮᠢᠷ ᠲᠡᠶ ᠪᠤᠯᠭᠠᠨ ᠳᠠᠪᠳᠠᠳᠠᠭ ᠪᠠᠢ᠌ᠵᠠᠢ᠃

ᠪᠢᠳᠠ 5 ᠴᠠᠭ ᠭᠡᠯᠳᠡᠢ ᠰᠤᠨᠤᠳᠠᠯ᠎ᠠ ᠳᠠᠪᠭᠢᠭᠤᠯᠵᠤ ᠪᠠᠢ᠌ᠭᠠᠤᠨ ᠴᠢᠯᠠᠭᠤᠨ ᠬᠤᠳᠠ ᠳᠡᠭᠡᠷ᠎ᠡ ᠢᠷᠠᠵᠤ᠂ ᠠᠬ᠎ᠠ ᠳᠡᠭᠦᠤ ᠡᠴᠡ ᠪᠠᠨ ᠰᠠᠯᠤᠭᠠᠤᠨ ᠵᠠᠭᠤᠭᠠᠤᠨ ᠵᠢᠯ ᠪᠣᠯᠤᠭ᠎ᠠ ᠲᠦᠷᠦᠯ ᠡᠵᠢ ᠪᠠᠨ ᠣᠯᠵᠤ ᠠᠪᠣᠯ᠎ᠠ᠃ ᠠᠬ᠎ᠠ ᠳᠡᠭᠦᠤ ᠡᠴᠡ ᠪᠠᠨ ᠰᠠᠯᠤᠨ ᠪᠣᠳᠠᠷᠠᠵᠤ ᠬᠠᠷᠢ ᠬᠤᠯᠠ ᠭᠠᠭᠴᠠᠭᠠᠷ ᠦᠨᠦᠴᠢᠷᠠᠨ᠎ᠠ ᠭᠡᠳᠡᠭ᠌ ᠠᠮᠠᠷ ᠦᠭᠡᠶ ᠳᠠᠪᠠᠭ᠎ᠠ᠃ ᠨᠠᠰᠤᠨ ᠰᠡᠭᠦᠳᠡᠷ ᠳᠠᠯᠠ ᠶᠢ ᠳᠠᠪᠠᠭᠠᠤᠨ ᠨᠠᠶᠠ ᠶᠢ ᠳᠡᠷᠡᠯᠡᠭᠡ ᠲᠦᠷᠦᠯ ᠡᠵᠢ ᠰᠠᠯᠵᠤ ᠰᠠᠷᠨᠢᠭᠰᠠᠨ ᠠᠬ᠎ᠠ ᠳᠡᠭᠦᠤ ᠪᠠᠨ ᠥᠵᠡᠭᠡᠤᠨ ᠵᠢᠷᠦᠭᠡᠨ ᠡᠴᠡ ᠪᠠᠨ ᠬᠠᠢ᠌ᠯᠤᠨ ᠳᠤᠭᠳᠤᠯᠵᠤ᠂ ᠭᠡᠯᠡᠭᠦ ᠥᠭᠡ ᠪᠠᠨ ᠣᠯᠬᠤ ᠦᠭᠡᠶ ᠪᠠᠶᠠᠷᠯᠠᠨ ᠭᠦᠭ᠍ᠰᠡᠵᠤ ᠪᠠᠢ᠌ᠯ᠎ᠠ᠃ ᠲᠦᠷᠦᠯ ᠡᠵᠢ ᠶᠢᠨ ᠶᠡᠭᠡ ᠭᠦᠤ ᠴᠢᠩᠵᠤᠷᠢᠭ ᠠᠬ᠎ᠠ᠂ ᠪᠦᠰᠡᠭᠦᠢ ᠲᠡᠶ ᠪᠠᠨ ᠬᠤᠶᠠᠭᠤᠯᠠ ᠭᠦᠯ ᠪᠣᠯᠤᠨ ᠪᠣᠳᠤᠯᠢᠵᠤ᠂ ᠬᠤᠯᠠ ᠶᠢᠨ ᠭᠡᠢ᠌ᠴᠢᠨ ᠶᠢᠡᠨ ᠥᠩᠭᠡ ᠲᠡᠶ ᠨᠢᠭᠤᠷ ᠲᠡᠶ ᠥᠩᠭᠡᠷᠡᠭᠡᠭᠦ ᠭᠡᠵᠤ ᠪᠦᠳᠤᠨ ᠡᠳᠦᠷ ᠭᠡᠯᠳᠡᠢ ᠪᠣᠷᠪᠢ ᠨᠤᠭᠤᠷᠠᠯ ᠦᠭᠡᠶ ᠶᠠᠭᠠᠷᠠᠪᠠ᠃ ᠠᠵᠢᠯ ᠣᠢ᠌ᠯᠠ ᠨᠠᠷᠢᠨ᠂ ᠠᠬ᠎ᠠ ᠳᠡᠭᠦᠤ ᠳᠡᠭᠡᠨ ᠡᠯᠢᠭᠡᠰᠡᠭ᠌ ᠭᠡᠴᠡᠭᠦᠤ ᠰᠠᠢ᠌ᠬᠠᠨ ᠠᠢ᠌ᠯ ᠪᠣᠯᠬᠤ ᠨᠢ ᠳᠤᠤᠷ᠎ᠠ ᠪᠠᠨ ᠮᠠᠳᠡᠭᠳᠡᠨ᠎ᠠ᠃

ᠮᠠᠨᠤᠰ ᠨᠠᠷᠠ ᠨᠢᠭᠤᠬᠤ ᠶᠢᠨ ᠡᠮᠦᠨᠡᠭᠡᠨ ᠪᠦᠭᠦᠳᠡᠭᠡᠷ ᠶᠢᠡᠨ ᠴᠢᠯᠠᠭᠤᠨ ᠬᠤᠳᠠ ᠶᠢᠨ ᠬᠠᠭᠤᠴᠢᠨ ᠪᠠᠭᠤᠷᠢ ᠪᠠᠷ ᠳᠤᠭᠤᠷᠢᠨ ᠦᠵᠡᠯ᠎ᠠ᠃ ᠠᠷᠪᠢᠨ ᠣᠯᠠᠨ ᠠᠷᠠᠤᠨ ᠢᠷᠭᠡᠤᠨ ᠤᠨ ᠭᠦᠴᠤ ᠭᠦᠯᠦᠰᠤ ᠶᠢ ᠪᠠᠷᠠᠵᠤ ᠴᠢᠯᠠᠭᠤ ᠮᠤᠳᠤ᠂ ᠰᠢᠪᠠᠷ ᠰᠢᠷᠤᠢ ᠵᠥᠭᠡᠭᠡᠨ ᠪᠠᠢ᠌ᠭᠤᠯᠤᠭᠰᠠᠨ ᠡᠨᠡ ᠴᠢᠯᠠᠭᠤᠨ ᠬᠤᠳᠠ ᠡᠷᠳᠡ ᠳᠤ ᠨᠢᠭᠡᠨ ᠳᠠᠢ᠌ᠨ ᠳᠤᠯᠤᠯᠳᠤᠭᠠᠨ ᠤ ᠰᠢᠪᠠᠭᠡ ᠪᠠᠢ᠌ᠭᠰᠠᠨ ᠨᠢ ᠳᠤᠳᠤᠬᠠᠨ ᠪᠠᠢ᠌ᠨ᠎ᠠ᠃ ᠬᠠᠪᠳᠠᠭᠠᠢ ᠬᠠᠪᠳᠠᠭᠠᠢ ᠬᠠᠢ᠌ᠷ ᠴᠢᠯᠠᠭᠤᠳ ᠢ ᠡᠪ ᠡᠭ᠍ᠴᠡ ᠬᠤᠷᠢᠶᠠᠨ ᠪᠣᠰᠬᠠᠭᠰᠠᠨ ᠪᠠᠢ᠌ᠰᠢᠩ ᠡᠴᠡ ᠦᠨᠳᠦᠷ ᠴᠢᠯᠠᠭᠤᠨ ᠪᠠᠭᠢᠯᠠᠯᠳᠠ ᠶᠢᠨ ᠥᠯᠡᠳᠡᠭ᠌ ᠢ ᠰᠤᠨᠢᠷᠬᠠᠵᠤ ᠵᠤᠭᠰᠤᠬᠤ ᠳᠤ ᠭᠡᠴᠢᠨᠡᠨ ᠠᠪᠣ ᠶᠢᠨ ᠣᠯᠠᠨ ᠭᠦᠤ ᠡ᠊ᠨᠳᠡ ᠢᠷᠠᠵᠤ ᠠᠶᠠᠭ᠎ᠠ ᠴᠢᠰᠤ ᠪᠠᠨ ᠣᠤᠭᠤᠯᠴᠠᠨ ᠠᠯᠳᠠᠨ ᠠᠮᠢ ᠪᠠᠨ ᠬᠤᠷᠤᠭᠠᠭᠰᠠᠨ ᠪᠣᠯ ᠭᠡᠰᠡᠨ ᠭᠠᠰᠢᠭᠤᠨ ᠪᠣᠳᠤᠯ ᠰᠠᠤᠠᠭᠢᠯ ᠬᠠᠵᠠᠨ᠎ᠠ᠃ ᠪᠣᠳᠤᠪᠠᠯ ᠡᠨᠡ ᠡᠵᠡᠭᠦᠢ ᠨᠤᠳᠤᠭ ᠲᠤ ᠭᠡᠷᠡᠭ᠌ ᠦᠭᠡᠶ ᠶᠡᠭᠡ ᠭᠦᠴᠤ ᠭᠦᠯᠦᠰᠤ ᠣᠷᠤᠰᠬᠠᠵᠤ᠂ ᠴᠢᠳᠠᠯ ᠣᠬᠠᠭᠠᠨ ᠶᠢᠡᠨ ᠰᠢᠪᠬᠠᠨ ᠡᠢ᠌ᠮᠤ ᠮᠤᠠᠳᠠᠭ ᠶᠠᠭᠤᠮ᠎ᠠ ᠪᠠᠢ᠌ᠭᠤᠯᠤᠭᠰᠠ ᠨᠢ ᠨᠠᠷ᠎ᠠ ᠲᠦᠷᠦ᠂ ᠪᠠᠢ᠌ᠷᠢ ᠰᠠᠭᠤᠷᠢ᠂ ᠠᠰᠢᠭ ᠣᠯᠵᠠ ᠶᠢᠨ ᠳᠦᠯᠦᠭᠡ ᠠᠮᠢ ᠪᠠᠷ ᠶᠢᠡᠨ ᠨᠠᠭᠠᠳᠤᠭᠰᠠᠤᠨ ᠤᠨ ᠴᠠᠭ ᠤᠨ ᠳᠤᠭᠯᠠᠮ ᠪᠠᠢ᠌ᠭᠰᠠᠨ ᠪᠠᠢ ᠯᠠ ᠦᠭᠡᠶ ᠲᠦᠷᠦᠯ ᠡᠯᠢᠭᠡᠨ ᠶᠢᠡᠨ ᠭᠡᠤᠨ ᠭᠠᠵᠠᠷ ᠤᠨ ᠬᠤᠯᠠ ᠡᠴᠡ ᠳᠠᠮᠠᠤᠯᠡᠵᠤ ᠢᠷᠡᠭ᠍ᠰᠡᠨ ᠮᠠᠨ ᠤ ᠭᠡᠳᠦᠭᠦᠯᠡ ᠶᠢᠨ ᠭᠦᠰᠡᠯ ᠬᠤᠭᠤᠰᠤᠳᠠᠭᠰᠠᠨ ᠦᠭᠡᠶ᠃

ᠬᠠᠢ᠌ᠵᠤ ᠢᠷᠡᠭ᠍ᠰᠡᠨ ᠲᠦᠷᠦᠯ ᠶᠢᠡᠨ ᠣᠯᠵᠤ᠂ ᠬᠠᠭᠠᠴᠠᠵᠤ ᠰᠠᠯᠤᠭᠰᠠᠨ ᠰᠠᠤᠠᠭᠢᠯ ᠤᠨ ᠬᠠᠭᠠᠷᠬᠠᠢ ᠪᠠᠨ ᠬᠠᠮᠳᠤᠷᠠᠵᠤ ᠵᠤᠯᠭᠠᠭᠰᠠᠨ ᠪᠠᠶᠠᠷ ᠤᠨ ᠢᠯᠴᠢ ᠪᠠᠷ ᠳᠦᠭᠦᠷᠭᠡᠯ᠎ᠡ᠃ ᠳᠡᠭᠡᠭᠡᠤᠨ ᠲᠦᠷᠦᠯ ᠡᠵᠢ ᠶᠢᠨ ᠭᠡᠷ ᠲᠤ ᠪᠣᠳᠤᠭᠰᠠᠨ ᠰᠠᠨᠠᠭᠰᠠᠨ ᠶᠢᠡᠨ ᠡᠷᠡᠭᠡ ᠦᠭᠡᠶ ᠭᠡᠯᠡᠯᠴᠡᠨ ᠪᠠᠶᠠᠷᠯᠠᠨ ᠳᠤᠭᠯᠠᠵᠤ ᠬᠤᠨᠤᠭᠠᠤᠨ ᠮᠠᠷᠭᠠᠰᠢ ᠨᠢ ᠠᠶᠠᠨ ᠤ ᠵᠢᠯᠤᠭᠤ ᠪᠠᠨ ᠭᠡᠳᠡᠷᠭᠦ ᠡᠷᠭᠢᠭᠦᠯᠪᠡ᠃ ᠡᠳᠦᠷ ᠤᠨ ᠨᠠᠷᠠ ᠲᠡᠶ ᠣᠷᠤᠯᠳᠤᠨ ᠴᠢᠯᠠᠭᠤᠨ ᠬᠤᠳᠠ ᠡᠴᠡ ᠮᠤᠷᠳᠠᠬᠤ ᠳᠤ ᠡᠯᠢᠭᠡᠨ ᠰᠠᠳᠤᠨ ᠶᠢᠡᠨ ᠡᠷᠢᠵᠤ ᠣᠯᠤᠭᠰᠠᠨ ᠪᠠᠶᠠᠷ ᠤᠨ ᠡᠭᠡᠰᠢᠭ᠌ ᠰᠠᠤᠠᠭᠢᠯ ᠳᠤ ᠪᠢᠯᠬᠠᠨ ᠳᠠᠪᠣᠭᠤᠯᠠ ᠪᠠᠨ ᠭᠠᠠᠵᠤᠭ᠎ᠠ ᠳᠦᠭᠦᠷᠡᠩ᠂ ᠭᠠᠷ ᠳᠤᠰᠤ ᠲᠡᠶ ᠪᠣᠴᠠᠵᠤ ᠪᠢᠯᠠ᠃

ᠰᠢᠶᠠᠨ ᠤ ᠲᠦᠪ ᠳᠡᠭᠡᠷ᠎ᠡ ᠪᠣᠴᠠᠵᠤ ᠢᠷᠡᠭᠡᠤᠨ ᠪᠢ ᠵᠠᠪ ᠴᠢᠯᠦᠭᠡ ᠪᠠᠨ ᠦᠵᠡᠨ ᠵᠠᠬ᠎ᠠ ᠵᠡᠭᠡᠯᠢ ᠪᠠᠷ ᠪᠠᠬᠠᠨ ᠡᠷᠭᠢᠪᠡ᠃ ᠲᠦᠪ ᠵᠡᠭᠡᠯᠢ ᠳᠡᠭᠡᠷ᠎ᠡ ᠪᠠᠨ ᠱᠤᠭᠤᠨ ᠪᠣᠰᠬᠠᠭᠰᠠᠨ ᠦᠰᠦᠷᠤᠨ ᠳᠡᠭᠦᠯᠢᠭᠡ ᠴᠠᠭᠠᠨ ᠮᠤᠷᠢᠨ ᠤ ᠬᠠᠵᠠᠭᠤ ᠳᠤ ᠳᠤᠷᠠᠰᠬᠠᠯ ᠤᠨ ᠰᠡᠭᠦᠳᠡᠷ ᠳᠠᠳᠠᠭᠤᠯᠤᠯ᠎ᠠ᠃ ᠣᠳᠤᠮ ᠣᠭᠰᠠᠭ᠎ᠠ ᠨᠢᠭᠡᠳᠡᠢ ᠰᠦᠪᠧᠢ ᠶᠢᠨ ᠮᠤᠩᠭ᠋ᠤᠯᠴᠤᠳ ᠮᠢᠨᠢ ᠴᠤᠬᠤᠮ ᠶᠠᠭᠤ ᠪᠣᠳᠤᠵᠤ᠂ ᠶᠠᠭᠤ ᠭᠦᠰᠡᠨ ᠰᠠᠭᠤᠳᠠᠭ ᠢ ᠡᠨᠡ ᠴᠠᠭᠠᠨ ᠮᠤᠷᠢ ᠨᠠᠳᠠ ᠳᠤ ᠭᠡᠯᠡᠭᠡᠤᠨ ᠦᠭ‍ᠭᠦ ᠰᠢᠭ᠌ ᠪᠣᠯᠤᠯ᠎ᠠ᠃ ᠪᠠᠰᠠ ᠰᠦᠪᠧᠢ ᠶᠢᠨ ᠮᠤᠩᠭ᠋ᠤᠯᠴᠤᠳ ᠮᠢᠨᠢ ᠭᠢᠷᠢ ᠵᠡᠷᠭᠡ ᠰᠠᠤᠠᠭᠢᠯ ᠤᠨ ᠳᠠᠮᠢᠷ ᠲᠡᠶ᠂ ᠵᠢᠷᠦᠭᠡᠨ ᠭᠠᠯ ᠲᠡᠶ ᠶᠠᠪᠣᠭ᠎ᠠ ᠶᠢ ᠪᠢ ᠡᠨᠡ ᠴᠠᠭᠠᠨ ᠮᠤᠷᠢᠨ ᠤ ᠰᠠᠢ᠌ᠯᠤᠮᠠᠯ ᠡᠴᠡ ᠣᠩᠰᠢᠭᠠᠤᠨ ᠣᠢ᠌ᠯᠠᠭᠠᠬᠤ ᠰᠢᠭ ᠪᠣᠯᠤᠭᠰᠠᠨ᠃ ᠭᠦᠰᠡᠯ ᠪᠣᠳᠤᠯ ᠶᠢᠡᠨ ᠣᠷᠠᠯᠢᠭ ᠤᠨ ᠦᠨᠡᠨ ᠶᠢᠡᠷ ᠳᠠᠮᠵᠢᠭᠤᠯᠤᠨ ᠭᠦᠨ ᠨᠢᠭᠤᠴᠠᠭᠠᠢ ᠢᠯᠡᠳᠭᠡᠵᠤ ᠴᠢᠳᠠᠳᠠᠭ ᠨᠢ ᠭᠦᠮᠦᠰ ᠤᠨ ᠪᠠᠰᠠ ᠨᠢᠭᠡ ᠭᠠᠢ᠌ᠬᠠᠮᠰᠢᠭ ᠠᠵᠢ᠃ ᠪᠢ ᠪᠠᠰᠠ ᠰᠦᠪᠧᠢ ᠰᠢᠶᠠᠨ ᠤ ᠨᠤᠮ ᠤᠨ ᠰᠠᠩ ᠳᠤ ᠭᠦᠷᠪᠡ᠃ ᠡ᠊ᠨᠳᠡ ᠮᠤᠩᠭ᠋ᠤᠯ ᠨᠤᠮ ᠨᠠᠯᠢᠶᠠᠤᠨ ᠬᠤᠳᠠᠯᠳᠤᠵᠤ ᠪᠠᠢ᠌ᠬᠤ ᠡᠴᠡ ᠰᠦᠪᠧᠢ ᠶᠢᠨ ᠮᠤᠩᠭ᠋ᠤᠯᠴᠤᠳ ᠰᠤᠶᠤᠯ ᠶᠢᠡᠨ ᠭᠤᠯᠤᠵᠤ᠂ ᠭᠡᠯᠡ ᠪᠠᠨ ᠬᠤᠯᠢᠭᠠᠤᠨ ᠦᠭᠡᠶ ᠪᠠᠢ᠌ᠬᠤ ᠨᠢ ᠰᠠᠤᠠᠭᠢᠯ ᠳᠤ ᠳᠠᠨᠢᠭᠳᠠᠵᠤ ᠪᠠᠢ᠌ᠨ᠎ᠠ᠃ ᠨᠢᠭᠡ ᠭᠠᠵᠠᠷ ᠣᠷᠤᠨ ᠤ ᠰᠤᠶᠤᠯ ᠤᠨ ᠭᠢᠷᠢ ᠲᠦᠪᠰᠢᠨ ᠢ ᠳᠠᠠᠳᠠᠭᠢ ᠶᠢᠨ ᠭᠦᠮᠦᠰ ᠤᠨ ᠦᠵᠡᠯ ᠣᠬᠠᠮᠰᠠᠷ᠂ ᠣᠢ᠌ᠯᠠ ᠭᠦᠳᠡᠯᠦᠯ᠂ ᠥᠭᠡ ᠶᠠᠷᠢᠶ᠎ᠠ ᠡᠴᠡ ᠣᠢ᠌ᠯᠠᠭᠠᠵᠤ ᠪᠣᠯᠤᠨ᠎ᠠ᠃ ᠰᠦᠪᠧᠢ ᠶᠢᠨ ᠮᠤᠩᠭ᠋ᠤᠯᠴᠤᠳ ᠤᠨ ᠣᠯᠠᠩᠭᠢ ᠨᠢ ᠴᠠᠪᠠᠷ ᠰᠠᠢ᠌ᠬᠠᠨ ᠮᠤᠩᠭ᠋ᠤᠯ ᠨᠠᠷ᠎ᠠ ᠲᠡᠶ ᠪᠦᠭᠡᠤᠨ ᠵᠡᠭᠡᠯᠢ ᠭᠤᠳᠤᠮᠵᠢ ᠨᠢ ᠭᠦᠷᠳᠡᠯ᠎ᠡ ᠮᠤᠩᠭ᠋ᠤᠯ ᠶᠢᠡᠷ ᠨᠡᠷᠡᠰᠢᠭ᠍ᠰᠡᠨ ᠨᠢ ᠪᠠᠬᠠᠷᠬᠠᠯ ᠲᠡᠶ᠃ ᠡᠳᠡᠭᠡᠷ ᠡᠡᠭ᠌ ᠤᠨ ᠵᠢᠵᠢᠭ᠌ ᠵᠣᠢ᠌ᠯᠠᠰ ᠡᠴᠡ ᠪᠢᠳᠠ ᠰᠦᠪᠧᠢ ᠶᠢᠨ ᠮᠤᠩᠭ᠋ᠤᠯᠴᠤᠳ ᠭᠡᠯᠡ ᠰᠤᠶᠤᠯ ᠶᠢᠡᠨ ᠭᠢᠷᠢ ᠵᠡᠷᠭᠡ ᠭᠦᠡᠳᠦᠦᠡᠭᠡᠨ ᠬᠠᠢ᠌ᠷᠠᠯᠠᠵᠤ᠂ ᠳᠡᠭᠡᠳᠦᠯᠡᠨ ᠰᠢᠳᠤᠵᠤ ᠶᠠᠪᠣᠳᠠᠭ ᠢ ᠦᠵᠡᠨ ᠭᠠᠷᠴᠤ ᠪᠣᠯᠬᠤ ᠶᠤᠮ᠃ ᠬᠠᠷᠠᠮᠰᠠᠯᠳᠠᠢ ᠨᠢ ᠡ᠊ᠨᠳᠡᠭᠢ ᠶᠢᠨ ᠮᠤᠩᠭ᠋ᠤᠯᠴᠤᠳ ᠥᠭᠡ ᠭᠡᠯᠡᠭᠦ ᠳᠡᠭᠡᠨ ᠵᠠᠪᠠᠯ ᠨᠢᠭᠡ ᠬᠤᠶᠠᠷ ᠭᠢᠳᠠᠤᠨ ᠥᠭᠡ ᠬᠠᠪᠴᠢᠭᠤᠯᠳᠠᠭ ᠨᠢ ᠵᠢᠷᠤᠮᠰᠢᠯ ᠪᠣᠯᠵᠠᠢ᠃ ᠭᠡᠶ᠎ᠠ ᠡᠳᠡᠨ ᠤ ᠪᠣᠷᠤᠭᠤ ᠭᠡᠭᠦ ᠶᠢᠨ ᠠᠷᠭ᠎ᠠ ᠦᠭᠡᠶ᠃ ᠬᠠᠮᠢᠭ᠎ᠠ ᠭᠠᠵᠠᠷ ᠤᠨ ᠮᠤᠩᠭ᠋ᠤᠯᠴᠤᠳ ᠭᠡᠤᠨ ᠪᠦᠷ ᠠᠳᠠᠯᠢᠬᠠᠨ ᠣᠷᠴᠢᠨ ᠳᠤᠭᠤᠷᠢᠨ ᠤ ᠰᠢᠬᠠᠯᠳᠠ᠂ ᠰᠤᠶᠤᠯ ᠤᠨ ᠳᠦᠷᠢᠯᠳᠠ ᠳᠤ ᠣᠴᠠᠷᠠᠨ ᠭᠡᠯᠡᠨ ᠤ ᠬᠠᠮᠠᠭᠤᠷᠠᠯ ᠳᠤ ᠠᠪᠳᠠᠨ ᠪᠠᠢ᠌ᠭ᠎ᠠ ᠶᠢ ᠪᠢᠳᠠ ᠥᠭᠡᠢ᠌ᠰᠭᠡᠵᠤ ᠴᠢᠳᠠᠬᠤ ᠦᠭᠡᠶ᠃ ᠭᠠᠭᠴᠠᠬᠦ ᠨᠢᠳᠤᠨ ᠡᠮᠦᠨ᠎ᠡ ᠳᠤᠯᠭᠠᠷᠠᠨ ᠪᠠᠢ᠌ᠭ᠎ᠠ ᠪᠣᠳᠠᠳᠤ ᠪᠠᠢ᠌ᠳᠠᠯ ᠢ ᠠᠷᠭᠠᠴᠠᠬᠤ ᠳᠤ ᠮᠤᠩᠭ᠋ᠤᠯ ᠭᠦᠮᠤᠨ ᠪᠦᠭᠦᠨ ᠳᠤ ᠭᠡᠯᠡ ᠰᠤᠶᠤᠯ ᠶᠢᠡᠨ ᠬᠠᠢ᠌ᠷᠠᠯᠠᠨ ᠳᠡᠭᠡᠳᠦᠯᠡᠭᠦ ᠰᠤᠶᠤᠯ ᠤᠨ ᠣᠬᠠᠮᠰᠠᠷ ᠯᠠ ᠰᠠᠭᠠᠷᠳᠠᠭᠳᠠᠨ᠎ᠠ᠃ ᠭᠦᠮᠤᠨ ᠤ ᠭᠡᠯᠡ ᠪᠠᠷ ᠭᠡᠯᠡᠵᠤ ᠪᠤᠢ ᠭᠡᠤᠨ ᠭᠡᠦᠭᠡᠤᠨ ᠤᠨ ᠨᠠᠭᠠᠳᠤᠮ ᠪᠤᠯᠵᠤ ᠰᠠᠭᠤᠳᠠᠭ ᠭᠦᠮᠦᠰ ᠲᠤ ᠦᠪᠡᠷ ᠤᠨ ᠭᠡᠯᠡ ᠪᠠᠨ ᠵᠦᠪ ᠭᠡᠯᠡᠴᠢᠭᠡᠭᠡᠤᠨ ᠥᠷᠦᠭᠡᠯ ᠤᠨ ᠭᠡᠯᠡ ᠪᠠᠷ ᠰᠠᠭᠰᠠᠭᠤᠷᠠ ᠭᠡᠮᠡᠨ ᠰᠠᠨᠠᠭᠤᠯᠤᠶ᠎ᠠ ᠶᠠᠳᠠᠬᠤ ᠳᠤ ᠣᠯᠠᠨ ᠳᠤ ᠳᠠᠭᠤᠳᠠᠭᠳᠠᠬᠤ ᠨᠠᠷ᠎ᠠ ᠪᠠᠨ ᠭᠦᠷᠳᠡᠯ᠎ᠡ ᠮᠤᠩᠭ᠋ᠤᠯ ᠶᠢᠡᠷ ᠶᠢᠡᠨ ᠠᠪᠴᠤ ᠴᠢᠳᠠᠬᠤ ᠦᠭᠡᠶ ᠪᠠᠢ᠌ᠭᠠᠤᠨ ᠴᠢᠩᠭᠢᠰ ᠤᠨ ᠬᠣᠢ᠌ᠴᠢᠰ ᠭᠡᠮᠡᠨ ᠡᠷᠳᠡᠢ᠌ᠭᠦ ᠭᠢᠷᠢ ᠭᠡᠮ ᠪᠠᠢ᠌ᠬᠤ ᠦᠭᠡᠶ ᠡ︕

ᠮᠦᠨ ᠣᠷᠤᠢ ᠨᠢ ᠪᠢ ᠰᠦᠪᠧᠢ ᠰᠢᠶᠠᠨ ᠳᠡᠭᠡᠷ᠎ᠡ ᠪᠠᠢ᠌ᠭ᠎ᠠ ᠬᠠᠭᠴᠢᠨ ᠰᠢᠨ᠎ᠠ ᠨᠠᠢ᠌ᠵᠠ ᠨᠡᠷ ᠤᠨ ᠶᠢᠡᠨ ᠭᠦᠡᠳᠦᠳᠤ ᠳᠠᠢ᠌ᠯᠠᠯᠠᠭ᠎ᠠ ᠳᠤ ᠰᠠᠭᠤᠪᠠ᠃ ᠨᠤᠳᠤᠭ ᠤᠨ ᠭᠢᠯᠢ ᠲᠡᠶ ᠴᠤ ᠰᠠᠤᠠᠭᠢᠯ ᠤᠨ ᠭᠢᠯᠢ ᠦᠭᠡᠶ ᠨᠠᠢ᠌ᠵᠠ ᠨᠡᠷ ᠤᠨ ᠦᠨᠡᠠᠴᠢ ᠣᠷᠢᠯᠭ᠎ᠠ ᠶᠢ ᠭᠦᠯᠢᠶᠡᠵᠤ᠂ ᠴᠠᠰᠤᠳᠤ ᠶᠢᠨ ᠮᠤᠩᠭ᠋ᠤᠯᠴᠤᠳ ᠤᠨ ᠡᠷᠡᠭᠡ ᠴᠡᠭᠡᠷ ᠦᠭᠡᠶ ᠡᠡᠰᠪᠤᠷ ᠴᠠᠢ᠌ᠯᠭᠠᠨ ᠠᠭᠠᠰᠢ ᠶᠢ ᠰᠠᠤᠠᠭᠢᠯ ᠶᠢᠡᠷ ᠶᠢᠡᠨ ᠮᠠᠳᠠᠷᠠᠨ ᠰᠠᠭᠤᠬᠤ ᠳᠤ ᠡᠭᠦᠨ ᠰᠢᠭ᠌ ᠵᠢᠷᠭᠠᠯ ᠨᠠᠳᠠ ᠥᠭᠡᠷ᠎ᠡ ᠪᠠᠢ᠌ᠭ᠎ᠠ ᠦᠭᠡᠶ᠃ ᠭᠡᠳᠥᠢᠪᠠᠷ ᠠᠭᠤᠯᠵᠠᠶ᠎ᠠ ᠭᠡᠤᠨ ᠪᠣᠳᠤᠵᠤ ᠢᠷᠡᠭ᠍ᠰᠡᠨ ᠨᠤᠮ ᠤᠨ ᠨᠠᠢ᠌ᠵᠠ ᠨᠡᠷ ᠲᠡᠶ ᠪᠠᠨ ᠵᠤᠯᠭᠠᠵᠤ ᠴᠢᠳᠠᠭ᠎ᠠ ᠦᠭᠡᠶ ᠴᠤ ᠥᠭᠡ ᠶᠢᠨ ᠭᠤᠭᠴᠤᠭ᠎ᠠ ᠨᠠᠢ᠌ᠯᠠᠵᠤ᠂ ᠣᠢ᠌ᠯᠠᠰ ᠤᠨ ᠳᠦᠷᠦᠭᠡ ᠬᠠᠷᠰᠢᠳᠠᠭ ᠣᠢ᠌ᠯᠠᠰ ᠨᠢᠭᠡᠳᠡᠨ ᠲᠡᠶ ᠪᠠᠨ ᠭᠦᠰᠡᠯ ᠤᠨ ᠥᠭᠡ ᠪᠠᠨ ᠭᠦᠦᠷᠨᠢᠨ ᠰᠠᠭᠤᠬᠤ ᠳᠤ ᠪᠠᠰᠠ ᠳᠠᠭᠠᠳᠠᠢ ᠪᠠᠢ᠌ᠯ᠎ᠠ᠃ ᠰᠤᠨᠤᠰᠬᠤᠯᠠᠷ ᠰᠦᠪᠧᠢ ᠶᠢᠨ ᠮᠤᠩᠭ᠋ᠤᠯ ᠰᠤᠷᠭᠠᠭᠤᠯᠢ᠂ ᠰᠤᠷᠭᠠᠭᠤᠯᠢ ᠡᠷᠭᠢᠯᠡᠭᠦ ᠬᠠᠷᠠᠯᠳᠠ ᠪᠠᠨ ᠵᠦᠪ ᠪᠣᠯᠭᠠᠨ ᠵᠢᠭᠠᠨ ᠰᠤᠷᠭᠠᠬᠤ ᠶᠠᠰᠤ ᠴᠢᠨᠠᠷ ᠶᠢᠡᠨ ᠴᠢᠩᠭ᠋ᠠᠤᠠᠬᠠᠭᠰᠠᠨ ᠡᠴᠡ ᠮᠤᠩᠭ᠋ᠤᠯ ᠰᠤᠷᠤᠭᠴᠢ ᠶᠢᠨ ᠳᠤᠭ᠎ᠠ ᠵᠢᠯ ᠡᠴᠡ ᠵᠢᠯ ᠣᠯᠠᠰᠢᠷᠠᠬᠤ ᠬᠠᠠᠳᠤᠰᠢ ᠲᠡᠶ ᠪᠣᠯᠤᠭᠠᠤᠨ ᠪᠣᠢ ᠭᠡᠨ᠎ᠡ᠃ ᠶᠠᠮᠠᠷ ᠰᠠᠢ᠌ᠬᠠᠨ ᠰᠠᠤᠠᠭᠢᠯ ᠪᠠᠶᠠᠰᠤᠮᠠᠷ ᠰᠤᠷᠠᠭ ᠪᠣᠢ᠃ ᠨᠢᠭᠡ ᠰᠤᠷᠭᠠᠭᠤᠯᠢ ᠶᠢ ᠠᠮᠵᠢᠯᠳᠠ ᠲᠡᠶ ᠡᠷᠭᠢᠯᠡᠭᠦ ᠶᠢᠨ ᠠᠨᠢᠰᠤ ᠨᠢ ᠥᠩᠭᠡᠨ ᠭᠠᠳᠠᠷ ᠳᠠᠯ᠎ᠠ ᠳᠠᠭᠠᠨ ᠪᠠᠢ᠌ᠬᠤ ᠪᠢᠰᠢ᠂ ᠬᠠᠷᠢᠨ ᠶᠠᠰᠤ ᠴᠢᠨᠠᠷ ᠤᠨ ᠰᠠᠢ᠌ᠨ ᠮᠠᠭᠤ ᠳᠡᠭᠡᠷ᠎ᠡ ᠪᠠᠢ᠌ᠨ᠎ᠠ ᠭᠡᠳᠡᠭ᠌ ᠢ ᠡᠨᠡ ᠵᠢᠱᠢᠶ᠎ᠠ ᠭᠡᠯᠡᠵᠤ ᠪᠠᠢ᠌ᠨ᠎ᠠ᠃ ᠮᠤᠩᠭ᠋ᠤᠯᠴᠤᠳ ᠤᠨ ᠣᠯᠠᠩᠭᠢ ᠨᠢ ᠣᠳᠤᠬᠠᠨ ᠳᠤ ᠮᠤᠩᠭ᠋ᠤᠯ ᠰᠤᠶᠤᠯ ᠤᠨ ᠵᠢᠩᠭᠢᠨᠢ ᠦᠨ᠎ᠡ ᠥᠷᠳᠡᠭ᠌ ᠢ ᠬᠠᠷᠬᠠᠨ ᠳᠠᠨᠢᠭ᠎ᠠ ᠦᠭᠡᠶ ᠶᠠᠪᠣᠭ᠎ᠠ᠃ ᠰᠤᠶᠤᠯ ᠤᠨ ᠶᠢᠡᠨ ᠦᠨ᠎ᠡ ᠥᠷᠳᠡᠭ᠌ ᠢ ᠳᠠᠨᠢᠵᠤ ᠠᠪᠣᠭᠰᠠᠨ ᠴᠠᠭ ᠲᠤ ᠮᠤᠩᠭ᠋ᠤᠯᠴᠤᠳ ᠮᠠᠨᠢ ᠪᠣᠰᠤᠳ ᠤᠨ ᠠᠶᠠᠭ᠎ᠠ ᠣᠷᠤᠭᠤ ᠥᠩᠭᠡᠢ᠌ᠵᠤ ᠵᠥᠭᠡᠷ ᠯᠠᠪ ᠰᠠᠭᠤᠬᠤ ᠦᠭᠡᠶ ᠭᠡᠳᠡᠭ᠌ ᠢ ᠪᠢ ᠢᠳᠡᠭᠡᠨ᠎ᠡ᠃ ᠨᠠᠢ᠌ᠷ ᠤᠨ ᠰᠢᠷᠡᠭᠡᠨ ᠳᠡᠭᠡᠷ᠎ᠡ ᠨᠠᠷᠠᠨ ᠪᠠᠭᠰᠢ ᠨᠠᠳᠠ ᠶᠢ 《ᠮᠤᠩᠭ᠋ᠤᠯ ᠰᠤᠶᠤᠯ ᠤᠨ ᠡᠪᠠᠦᠡᠴᠢᠨ ᠲᠡᠶ》 ᠭᠡᠤᠨ ᠵᠦᠷᠢᠴᠢᠯᠠᠳᠠᠯ᠎ᠠ ᠰᠠᠶ‍ᠢᠬᠠᠨ ᠳᠠᠨᠢᠭᠰᠠᠨ ᠶ‍ᠢᠤ ᠬᠦᠡᠭ᠌ ᠪᠠᠭᠰᠢ ᠡᠯᠭᠦᠨ ᠠᠪᠴᠤ 《ᠰᠠᠢ᠌ᠨ ᠡᠪᠠᠦᠡᠴᠢᠨ ᠣᠯᠴᠢᠬᠠᠵᠠᠢ᠂ ᠡᠮᠨᠡᠭᠦᠯᠭᠦ ᠭᠡᠷᠡᠭ᠌ ᠦᠭᠡᠶ》 ᠭᠡᠤᠨ ᠪᠦᠭᠦᠳᠡ ᠶᠢ ᠢᠨᠢᠶᠡᠯᠭᠡᠯ᠎ᠡ᠃ ᠥᠨᠡᠭᠡᠷ ᠴᠤ ᠰᠤᠶᠤᠯ ᠶᠢᠡᠨ ᠬᠠᠢ᠌ᠷᠠᠯᠠᠳᠠᠭ ᠡᠪᠠᠦᠡᠴᠢᠨ ᠰᠠᠢ᠌ᠨ ᠡᠪᠠᠦᠡᠴᠢᠨ ᠳ᠋ᠠ᠃ ᠣᠯᠠᠨ ᠣᠯᠠᠨ ᠭᠦᠮᠤᠨ ᠳᠤ ᠬᠠᠯᠳᠠᠪᠤᠷᠢᠯᠠᠨ ᠦᠵᠡᠯ ᠪᠣᠳᠤᠯ᠂ ᠣᠶᠤᠨ ᠰᠠᠨᠠᠭ᠎ᠠ ᠶᠢ ᠨᠢ ᠬᠠᠯᠠᠭᠤᠷᠠᠭᠤᠯᠵᠤ ᠣᠷᠭᠢᠪᠠᠯ ᠮᠤᠩᠭ᠋ᠤᠯ ᠰᠤᠶᠤᠯ ᠤᠨ ᠮᠢᠨᠢ ᠣᠪᠣᠭᠠᠨ ᠳᠤ ᠭᠠᠭᠴᠠ ᠴᠢᠯᠠᠭᠤ ᠴᠤ ᠭᠡᠰᠡᠨ ᠨᠡᠮᠡᠭᠳᠠᠨ᠎ᠠ ᠪᠠᠢ᠌ᠬ᠎ᠠ᠃

ᠨᠠᠰᠢ ᠮᠤᠷᠳᠠᠳᠠᠭ ᠤᠨ ᠡᠮᠦᠨ᠎ᠡ ᠣᠷᠤᠢ ᠵᠤᠷᠢᠭᠳᠤ ᠠᠬ᠎ᠠ ᠶᠢᠨ ᠭᠢᠰ ᠪᠣᠯᠤᠯ ᠦᠭᠡᠶ ᠪᠠᠰᠠ ᠨᠠᠢ᠌ᠷ ᠤᠨ ᠰᠢᠷᠡᠭᠡ ᠵᠠᠰᠠᠯ᠎ᠠ᠃ ᠥᠭᠡ ᠳᠠᠭᠤ ᠴᠥᠭᠡᠭᠡᠨ ᠭᠡᠯ᠎ᠡ ᠴᠤ ᠬᠠᠶᠠ ᠨᠢᠭᠡ ᠢᠨᠢᠶᠠᠳᠤᠮ ᠲᠡᠶ ᠶᠠᠭᠤᠮ᠎ᠠ ᠭᠡᠯᠡᠴᠢᠭᠡᠳᠡᠭ᠌ ᠵᠤᠷᠢᠭᠳᠤ ᠠᠬ᠎ᠠ᠂ ᠠᠷᠢᠭᠢ ᠣᠤᠭᠤᠳᠠᠭ ᠦᠭᠡᠶ ᠪᠣᠯᠪᠠᠴᠤ ᠠᠳᠠᠯᠢᠬᠠᠨ ᠪᠠᠶᠠᠰᠤᠨ ᠳᠤᠭᠯᠠᠳᠠᠭ ᠨᠢ ᠰᠠᠤᠠᠭᠢᠯ ᠳᠤ ᠰᠠᠢ᠌ᠠᠬᠠᠨ᠃ ᠶᠠᠷᠤ ᠨᠢ ᠨᠠᠢ᠌ᠷ ᠤᠨ ᠰᠢᠷᠡᠭᠡᠨ ᠳᠡᠭᠡᠷ᠎ᠡ ᠵᠠᠪᠠᠯ ᠠᠷᠢᠭᠢ ᠣᠤᠭᠤᠬᠤ ᠠᠯᠪᠠ ᠲᠡᠶ ᠴᠤ ᠪᠢᠰᠢ᠂ ᠰᠠᠤᠠᠭᠢᠯ ᠪᠠᠢ᠌ᠭᠰᠠᠨ ᠴᠠᠭ ᠲᠤ ᠭᠠᠭᠴᠠ ᠴᠤᠮᠤ ᠣᠰᠤ ᠴᠤ ᠮᠦᠨ ᠰᠠᠤᠠᠭᠢᠯ ᠪᠢᠯᠠ᠃ ᠭᠦᠭᠡᠨᠡᠭᠤᠷ ᠡᠴᠡ ᠭᠡᠢ᠌ᠴᠢᠨ ᠢᠷᠠᠵᠤ ᠭᠡᠰᠡᠨ ᠢ ᠰᠤᠨᠤᠰᠤᠭᠠᠤᠨ ᠶᠢᠨ ᠬᠤᠧᠨ ᠪᠠᠭᠰᠢ ᠶᠢᠨ ᠰᠠᠢ᠌ᠨ ᠨᠠᠢ᠌ᠵᠠ ᠡᠦᠶᠡᠡᠴᠡᠴᠡᠭ᠌ ᠪᠠᠭᠰᠢ ᠭᠡᠷ ᠶᠢᠡᠷ ᠶᠢᠡᠨ ᠮᠤᠷᠢᠯᠠᠨ ᠰᠠᠭᠠᠳᠠᠭᠠᠤᠨ ᠨᠠᠢ᠌ᠷ ᠲᠤ ᠵᠤᠯᠠ ᠪᠣᠯᠵᠤ᠂ ᠨᠠᠭᠠᠳᠤᠮ ᠳᠤ ᠥᠩᠭᠡ ᠨᠠᠮᠠᠯ᠎ᠠ᠃ ᠨᠠᠢ᠌ᠷ ᠤᠨ ᠳᠤᠭᠤᠷ᠎ᠠ ᠡᠷᠭᠢᠭᠦ ᠳᠤ ᠴᠢᠮᠠᠤᠨ ᠨᠠᠰᠤᠳᠠᠨ᠂ ᠶᠡᠭᠡᠮ᠎ᠡ ᠠᠬ᠎ᠠ ᠡᠴᠡ ᠠᠷᠠᠤᠨ ᠤᠨ ᠳᠠᠭᠤᠤ ᠪᠠᠨ ᠠᠶᠠᠯᠠᠭᠤᠯᠤᠨ ᠪᠦᠭᠦᠳᠡ ᠶᠢᠨ ᠰᠠᠤᠠᠭᠢᠯ ᠢ ᠭᠦᠭ᠍ᠵᠢᠭᠡᠪᠡ᠃ ᠳᠠᠭᠤᠯᠠᠬᠤ ᠳᠤᠷᠠᠳᠠᠢ ᠮᠥᠷᠳᠡᠭᠡᠨ ᠳᠠᠭᠤᠯᠠᠵᠤ ᠴᠤ ᠴᠢᠳᠠᠳᠠᠭ ᠰᠦᠪᠧᠢ ᠶᠢᠨ ᠮᠤᠩᠭ᠋ᠤᠯᠴᠤᠳ ᠤᠨ ᠡᠳᠦᠷ ᠳᠤᠳᠤᠮ ᠤᠨ ᠠᠮᠢᠳᠤᠷᠠᠯ ᠳᠤ ᠳᠠᠭᠤᠤ ᠶᠠᠷᠤ ᠨᠢ ᠳᠤᠳᠠᠭᠳᠠᠳᠠᠭ ᠦᠭᠡᠶ ᠪᠢᠯᠠ ᠦᠦ ᠭᠡᠮᠡᠷ ᠶᠤᠮ ᠪᠠᠢ᠌ᠨ᠎ᠠ᠃ ᠴᠢᠮᠠᠤᠨ ᠨᠠᠰᠤᠳᠠᠨ ᠡᠴᠡ ᠮᠠᠨᠤᠰ ᠲᠤ 《ᠰᠦᠪᠧᠢ ᠶᠢᠨ ᠮᠤᠩᠭ᠋ᠤᠯᠴᠤᠳ ᠤᠨ ᠣᠳᠤᠮ ᠣᠭᠰᠠᠭᠠᠨ ᠤ ᠠᠯᠳᠠᠨ ᠭᠡᠯᠭᠢᠶ᠎ᠡ》 ᠪᠣᠯᠤᠨ 《ᠰᠦᠪᠧᠢ ᠶᠢᠨ ᠮᠤᠩᠭ᠋ᠤᠯᠴᠤᠳ》 (ᠭᠢᠳᠠᠤᠨ) ᠭᠡᠮᠡᠭᠦ ᠬᠤᠶᠠᠷ ᠨᠤᠮ ᠶᠢᠡᠨ ᠠᠭᠤᠯᠵᠠᠨ ᠳᠠᠨᠢᠯᠴᠠᠭᠰᠠᠨ ᠤ ᠢᠷᠦᠭᠡᠯ ᠪᠣᠯᠭᠠᠨ ᠵᠥᠭᠡᠷ ᠪᠠᠯᠭᠡᠯᠡᠨ ᠳᠤᠷᠠᠰᠬᠠᠪᠠ᠃ ᠠᠵᠢᠯ ᠤᠨ ᠠᠮᠠᠷᠠᠯᠳᠠ ᠪᠠᠨ ᠠᠪᠣᠭᠰᠠᠨ ᠳᠠᠧᠨ ᠨᠠᠰᠤᠳᠠᠨ ᠳᠠᠭᠢᠨ ᠳᠠᠭᠢᠨ ᠱᠠᠯᠠᠵᠤ ᠪᠠᠢ᠌ᠭᠠᠤᠨ ᠨᠠᠳᠠ ᠡᠴᠡ 《ᠳᠠᠯ᠎ᠠ ᠨᠤᠳᠤᠭ ᠲᠡᠶ ᠪᠠᠨ ᠪᠢ ᠪᠣᠯᠵᠤᠭ᠎ᠠ ᠲᠡᠶ》 ᠭᠡᠭᠦ ᠳᠠᠭᠤᠤ ᠶᠢᠨ ᠥᠭᠡ ᠶᠢ ᠮᠤᠩᠭ᠋ᠤᠯ ᠶᠢᠡᠷ ᠥᠯᠡᠳᠡᠭᠡᠨ ᠠᠪᠴᠠᠢ᠃ ᠳᠤᠯᠤᠭᠠᠢ ᠪᠣᠭᠤᠷᠤᠯᠳᠤᠭ᠎ᠠ ᠴᠤ ᠰᠠᠤᠠᠭᠢᠯ ᠪᠣᠭᠤᠷᠤᠯᠳᠤᠭ᠎ᠠ ᠦᠭᠡᠶ ᠶᠠᠪᠣᠭ᠎ᠠ ᠡᠨᠡ ᠬᠤᠶᠠᠷ ᠨᠠᠰᠤᠳᠠᠨ ᠢ ᠪᠢ ᠥᠨᠡᠭᠡᠷ ᠪᠢᠰᠢᠷᠠᠨ ᠭᠦᠡᠳᠦᠦᠡᠭᠡᠯ᠎ᠡ᠃ ᠶᠠᠷᠤ ᠨᠢ ᠣᠨᠠᠭᠠᠨ ᠴᠠᠳᠤᠭᠠᠤᠨ ᠡᠭᠡ ᠪᠠᠨ ᠢᠰᠭᠦᠯᠦᠨ᠎ᠡ ᠭᠡᠭ᠍ᠴᠢ ᠪᠠᠷ ᠮᠤᠩᠭ᠋ᠤᠯ ᠰᠤᠶᠤᠯ ᠤᠨ ᠠᠴᠢ ᠪᠠᠷ ᠣᠯᠤᠰ ᠤᠨ ᠠᠶᠠᠭ᠎ᠠ ᠳᠦᠰᠢᠴᠢᠭᠡᠭᠡᠤᠨ ᠭᠡᠳᠡᠷᠭᠦ ᠡᠷᠭᠢᠨ ᠰᠤᠶᠤᠯ ᠶᠢᠡᠨ ᠭᠤᠯᠤᠳᠠᠭ ᠭᠦᠮᠦᠰ ᠲᠤ ᠡᠳᠡᠭᠡᠷ ᠪᠣᠭᠤᠷᠤᠯᠴᠤᠳ ᠤᠨ ᠣᠢ᠌ᠯᠠ ᠶᠠᠪᠣᠳᠠᠯ ᠳᠤᠯᠢ ᠪᠣᠯᠬᠤ ᠪᠢᠵᠠ᠃

7 ᠰᠠᠷ᠎ᠠ ᠶᠢᠨ 14 ᠊ᠤ ᠥᠷᠯᠦᠭᠡ ᠮᠠᠨᠤᠰ ᠰᠦᠪᠧᠢ ᠡᠴᠡ ᠠᠶᠠᠷᠯᠠᠯ᠎ᠠ᠃ ᠳᠡᠭ᠍ᠷᠢ ᠪᠦᠷᠭᠦᠵᠤ ᠪᠠᠷᠣᠢ᠌ᠭᠠᠤᠨ ᠨᠢᠭᠡ ᠯᠠ ᠪᠣᠷᠤᠭᠠᠯᠠᠮᠠᠷ ᠰᠢᠠᠵᠢ ᠲᠡᠶ᠃ ᠳᠡᠭ᠍ᠷᠢ ᠶᠢᠨ ᠭᠠᠩ ᠲᠡᠶ ᠴᠤ ᠰᠠᠤᠠᠭᠢᠯ ᠤᠨ ᠭᠠᠩ ᠦᠭᠡᠶ ᠡᠨᠡ ᠰᠠᠢ᠌ᠬᠠᠨ ᠮᠤᠩᠭ᠋ᠤᠯ ᠨᠤᠳᠤᠭ ᠢ ᠭᠤᠤᠯ ᠡᠴᠡ ᠨᠢ ᠳᠠᠪᠳᠤᠳᠠᠯ᠎ᠠ ᠪᠣᠷᠤᠭᠠᠯᠠᠭᠠᠤᠨ ᠦᠭ‍ᠭᠦᠭᠡᠰᠡᠢ ᠭᠡᠵᠤ ᠪᠢ ᠳᠤᠳᠤᠷ᠎ᠠ ᠪᠠᠨ ᠵᠠᠯᠪᠠᠷᠢᠪᠠ᠃ ᠰᠦᠪᠧᠢ ᠳᠤ ᠪᠠᠢ᠌ᠭᠰᠠᠨ ᠡᠳᠦᠷ ᠤᠳ ᠲᠤ ᠡᠨᠡ ᠨᠤᠳᠤᠭ ᠤᠨ ᠶᠠᠭᠤ ᠪᠦᠭᠦᠨ ᠨᠠᠳᠠ ᠰᠠᠢ᠌ᠬᠠᠨ ᠳᠤᠷᠠᠰᠤᠮᠵᠢ ᠥᠯᠡᠳᠡᠭᠡᠯ᠎ᠡ᠃ ᠰᠠᠤᠠᠭᠢᠯ ᠢ ᠭᠦᠭ᠍ᠵᠢᠭᠡᠨ ᠰᠠᠷᠠᠯ ᠢ ᠬᠤᠷᠴᠠᠯᠠᠵᠤ ᠦᠭ‍ᠭᠦᠭ᠍ᠰᠡᠨ ᠴᠢᠮᠠᠤᠨ ᠨᠠᠰᠤᠳᠠᠨ᠂ ᠳᠠᠧᠨ ᠨᠠᠰᠤᠳᠠᠨ᠂ ᠵᠤᠷᠢᠭᠳᠤ ᠠᠬ᠎ᠠ᠂ ᠮᠥᠩᠭᠡ‍ᠪᠠᠭᠠᠳᠦᠷ ᠡᠮᠴᠢ᠂ ᠨᠠᠷᠠᠰᠤ ᠪᠠᠭᠰᠢ᠂ ᠮᠥᠩᠭᠡ ᠠᠬ᠎ᠠ᠂ ᠶᠡᠭᠡᠮ᠎ᠡ ᠠᠬ᠎ᠠ᠂ ᠴᠡᠴᠡᠭ᠌ ᠡᠭᠡᠴᠢ ᠪᠣᠯᠤᠨ ᠵᠢᠴᠢ ᠪᠠᠰᠠ ᠣᠯᠠᠨ ᠣᠯᠠᠨ ᠰᠠᠤᠠᠭᠢᠯ ᠤᠨ ᠪᠠᠯᠡᠭ᠌ ᠲᠡᠶ ᠬᠤᠴᠤᠷᠤᠭᠰᠠᠨ ᠨᠠᠢ᠌ᠵᠠᠰ᠂ ᠳᠠᠨᠠᠷ ᠭᠡᠷ ᠨᠠᠢ᠌ᠳᠠ ᠪᠠᠷ ᠶᠢᠡᠨ ᠰᠠᠢ᠌ᠨ ᠰᠠᠭᠤᠭᠠᠷᠠᠢ ᠳᠠᠩᠴᠤ ᠶᠠᠭᠠᠷᠠᠤ ᠡᠨᠡ ᠨᠤᠳᠤᠭ ᠡᠴᠡ ᠠᠶᠠᠷᠯᠠᠭᠰᠠᠨ ᠪᠢ ᠳᠠᠭᠢᠨ ᠳ᠋ᠠᠩ ᠤᠨ ᠠᠭᠤᠯᠠ ᠶᠢ ᠳᠠᠪᠠᠵᠤ᠂ ᠳ᠋ᠠᠩ ᠤᠨ ᠭᠤᠤᠯ ᠢ ᠭᠠᠳᠤᠯᠤᠨ ᠳᠠᠨᠠᠷ ᠲᠡᠶ ᠪᠠᠨ ᠠᠭᠢᠨ ᠠᠭᠤᠯᠵᠠᠬᠤ ᠶᠢᠨ ᠠᠯᠳᠠᠨ ᠢᠷᠦᠭᠡᠯ ᠶᠢᠡᠨ ᠳᠡᠪᠰᠢᠭᠦᠯᠵᠤ ᠪᠠᠢ᠌ᠨ᠎ᠠ᠃

ᠵᠤᠬᠢᠶᠠᠭᠴᠢ ᠶᠢᠨ ᠬᠠᠶ‍ᠢᠭ ᠄ ᠭᠦᠭᠡᠨᠡᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠪᠠᠭ᠎ᠠ ᠰᠤᠷᠭᠠᠭᠤᠯᠢ


ᠵᠤᠬᠢᠶᠠᠭᠴᠢ᠄ ᠯ·ᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6167
ᠴᠠᠭ᠄ 2009 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ