ᠨᠡᠪᠲᠡᠷᠡᠨ ᠤᠷᠤᠬᠤ
ᠠᠷᠭᠠᠯ ᠳᠡᠭᠦᠭᠦ ᠬᠠᠰᠢᠶᠠᠯᠠᠬᠤ ᠶᠤᠰᠤ ᠵᠢᠷᠤᠮ ᠤᠨ ᠳᠤᠬᠠᠢ

ᠠᠷᠭᠠᠯ ᠪᠣᠯ ᠥᠭᠡᠷ ᠤᠨ ᠬᠠᠳᠠᠭᠠᠭᠰᠠᠨ ᠪᠠᠭᠠᠰᠤ ᠮᠦᠨ᠃ ᠡᠭᠦᠨ ᠢ ᠮᠠᠯᠵᠢᠬᠤ ᠣᠷᠤᠨ ᠳ᠋ᠤ ᠭᠤᠤᠯ ᠲᠦᠯᠡᠰᠢ ᠪᠠᠨ ᠪᠣᠯᠭᠠᠳᠠᠭ᠃ ᠮᠠᠯᠴᠢᠳ ᠴᠦᠮ ᠮᠠᠯ ᠤᠨ ᠭᠡᠰᠢᠭ᠌ ᠠᠰᠢᠭ ᠰᠢᠮ᠎ᠠ ᠭᠡᠵᠤ ᠦᠵᠡᠵᠤ᠂ ᠬᠠᠪᠣᠷ ᠨᠢ ᠳᠠᠷᠠᠭ᠎ᠠ ᠡᠪᠦᠯ ᠬᠠᠪᠣᠷ ᠤᠨ ᠲᠦᠯᠡᠰᠢ ---- ᠠᠷᠭᠠᠯ ᠶᠢᠡᠨ ᠪᠡᠯᠡᠳᠭᠡᠨ ᠬᠠᠰᠢᠶᠠᠯᠠᠵᠤ ᠳᠠᠪᠬᠤᠷᠯᠠᠵᠤ ᠠᠪᠳᠠᠭ᠃ ᠡᠨᠡ ᠨᠢ ᠮᠠᠨ ᠤ ᠮᠤᠩᠭ᠋ᠤᠯᠴᠤᠳ ᠤᠨ ᠡᠷᠳᠡᠨ ᠡᠴᠡ ᠣᠯᠠᠮᠵᠢᠯᠠᠭᠳᠠᠨ ᠢᠷᠡᠭ᠍ᠰᠡᠨ ᠦᠨᠳᠦᠰᠦᠳᠠᠨ ᠤ ᠵᠠᠩ ᠣᠢ᠌ᠯᠠ ᠮᠦᠨ᠃ ᠮᠠᠯᠴᠢᠳ ᠨᠡᠭᠦᠳᠡᠯ ᠠᠮᠢᠳᠤᠷᠠᠯ ᠳᠠᠭᠠᠨ ᠮᠦᠨ ᠠᠭᠤᠯᠠᠨ ᠤ ᠮᠤᠳᠤ ᠶᠢ ᠳᠤᠷ᠎ᠠ ᠪᠠᠷ ᠶᠢᠡᠨ ᠣᠭᠳᠤᠯᠵᠤ ᠳᠦᠯᠡᠭᠦ ᠦᠭᠡᠶ ᠬᠠᠷᠢᠨ ᠭᠡᠭᠡᠷ᠎ᠡ ᠶᠢᠨ ᠠᠶᠠᠠᠳᠠᠭᠠᠨ ᠬᠠᠳᠠᠭᠰᠠᠨ ᠠᠷᠭᠠᠯ ᠢ ᠳᠡᠭᠦᠵᠤ ᠲᠦᠯᠡᠰᠢ ᠪᠣᠯᠭᠠᠳᠠᠭ ᠡᠷᠭᠢᠮ ᠨᠠᠠᠳᠢᠨ ᠰᠤᠷᠳᠠᠯ ᠲᠡᠶ ᠶᠤᠮ᠃ ᠶᠠᠭ ᠡᠢ᠌ᠮᠤ ᠡᠴᠡ ᠠᠷᠭᠠᠯ ᠳᠡᠭᠦᠭᠦ ᠪᠣᠯ ᠮᠤᠩᠭ᠋ᠤᠯ ᠠᠮᠢᠳᠤᠷᠠᠯ ᠤᠨ ᠳᠤᠮᠳᠠ ᠳᠤᠳᠠᠭᠳᠠᠵᠤ ᠪᠣᠯᠤᠰᠢ ᠦᠭᠡᠶ ᠠᠵᠢᠯ ᠪᠣᠯᠵᠤ᠂ ᠮᠤᠩᠭ᠋ᠤᠯ ᠵᠠᠩ ᠵᠠᠩᠰᠢᠯ ᠮᠤᠩᠭ᠋ᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠭᠡᠰᠡᠭ᠌ ᠪᠣᠯᠵᠤ ᠴᠢᠳᠠᠭᠰᠠᠨ ᠶᠤᠮ᠃

ᠨᠢᠭᠡ᠂ ᠠᠷᠭᠠᠯ ᠳᠡᠭᠦᠭᠦ ᠳᠡᠭᠡᠨ ᠠᠷᠤᠭ ᠡᠭᠦᠷᠴᠤ ᠰᠠᠪᠠᠷ ᠶᠢᠡᠷ ᠳᠡᠭᠦᠳᠡᠭ᠌᠃ ᠠᠷᠤᠭ ᠢ ᠮᠠᠯᠴᠢᠳ ᠦᠪᠡᠷ ᠲᠡᠭᠡᠨ ᠭᠦᠷᠦᠵᠤ ᠪᠦᠳᠦᠭᠡᠳᠡᠭ᠌᠃ ᠡᠭᠦᠨ ᠳᠤ ᠪᠠᠭᠠᠷᠢᠨ ᠪᠠ ᠦᠵᠦᠮᠤᠴᠢᠨ ᠪᠦᠷ ᠠᠳᠠᠯᠢ ᠪᠣᠰᠤ ᠶᠢᠨ ᠭᠡᠯᠪᠠᠷᠢ ᠶᠢᠨ ᠠᠷᠤᠭ ᠢ ᠭᠦᠷᠦᠵᠤ ᠭᠡᠷᠡᠭᠯᠡᠳᠡᠭ᠌᠃ ᠪᠠᠭᠠᠷᠢᠨ ᠳᠤ ᠠᠷᠤᠭ ᠭᠦᠷᠦᠭᠦ ᠳᠡᠭᠡᠨ ᠭᠤᠤᠯ ᠭᠡᠷᠡᠭᠯᠡᠭᠦ ᠳᠦᠭᠦᠭᠡᠢ ᠮᠠᠲ᠋ᠸᠷᠢᠶᠠᠯ ᠪᠣᠯ ᠳᠠᠯᠳᠤᠨ ᠮᠤᠳᠤᠨ ᠰᠥᠭᠡᠭ᠌ ᠪᠣᠯᠤᠨ᠎ᠠ᠃ ᠪᠠᠰᠠ ᠵᠠᠷᠢᠮ ᠨᠢ ᠪᠣᠷᠭᠠᠰᠤᠨ ᠰᠥᠭᠡᠭ᠌᠂ ᠬᠠᠢ᠌ᠯᠠᠰᠤᠨ ᠰᠥᠭᠡᠭ᠌ ᠪᠣᠶᠤ ᠴᠠᠢ᠌ᠷ ᠤᠨ ᠮᠤᠳᠤ (ᠰᠥᠭᠡᠭ᠌ ᠰᠢᠭ᠌ ᠨᠠᠷᠢᠨ ᠭᠡᠪᠠᠴᠤ ᠣᠠᠴᠠ ᠴᠥᠭᠡᠨ ᠳᠤᠯᠠ ᠳᠠᠮᠠᠢ ᠭᠡᠷᠡᠭᠯᠡᠳᠡᠭ᠌ ᠥᠭᠡᠢ) ᠵᠢ ᠭᠡᠷᠡᠭᠯᠡᠵᠤ ᠭᠦᠷᠦᠳᠡᠭ᠌᠃ ᠳᠠᠯᠳᠤᠨ ᠮᠤᠳᠤᠨ ᠰᠥᠭᠡᠭ᠌ ᠨᠢ ᠭᠦᠷᠦᠭᠦ ᠳᠤ ᠠᠮᠠᠷᠬᠠᠨ ᠭᠠᠷ ᠲᠤ ᠵᠥᠭᠡᠯᠡᠨ ᠨᠤᠭᠤᠰᠤᠯᠠᠵᠤ ᠥᠡᠴᠦᠭ᠌ ᠪᠤᠯᠤᠩ ᠭᠠᠷᠭᠠᠬᠤ ᠳᠤ ᠳᠦᠭᠦᠮ ᠮᠥᠷᠳᠡᠭᠡᠨ ᠭᠦᠷᠦᠭ᠍ᠰᠡᠨ ᠠᠷᠤᠭ ᠨᠢ ᠪᠣᠷᠭᠠᠰᠤᠨ ᠠᠷᠤᠭ ᠡᠴᠡ ᠪᠠᠭᠢᠯᠢᠭ᠌ ᠪᠠᠢ᠌ᠳᠠᠭ᠃ ᠳᠠᠯᠳᠤᠨ ᠰᠥᠭᠡᠭ᠌ ᠢ ᠣᠯᠠᠩᠭᠢ ᠳᠠᠭᠠᠨ ᠨᠠᠮᠤᠷ ᠡᠪᠠᠰᠤ ᠮᠤᠳᠤ ᠪᠣᠯᠪᠠᠰᠤᠷᠠᠭᠰᠠᠨ ᠤ ᠰᠡᠭᠦᠯᠡᠷ ᠭᠦᠯᠳᠡᠭᠦᠤ ᠣᠷᠤᠬᠤ ᠡᠴᠡ ᠡᠮᠦᠨ᠎ᠡ ᠬᠣᠢ᠌ᠨ᠎ᠠ ᠬᠠᠳᠤᠵᠤ ᠠᠪᠣᠭᠠᠤᠨ ᠨᠠᠷᠠᠨ ᠤ ᠡᠪᠠᠷ (ᠡᠭᠡᠪᠦᠷ︖ ᠦᠪᠣᠷ︖) ᠭᠠᠵᠠᠷ ᠲᠤ ᠭᠡᠳᠤᠨ ᠡᠳᠦᠷ ᠳᠠᠯᠪᠢᠵᠤ ᠥᠭ᠍ᠰᠢᠷᠡᠭᠦᠯᠵᠤ ᠪᠠᠢ᠌ᠭᠠᠤᠨ ᠭᠡᠷᠡᠭᠯᠡᠳᠡᠭ᠌᠃ ᠣᠷᠳᠤ (ᠠᠳᠠᠭ ᠳᠠᠭᠠᠨ ᠨᠢᠭᠡ ᠮᠸᠲ᠋ᠷ ᠣᠷᠳᠤ ᠪᠠᠢ᠌ᠬᠤ) ᠰᠢᠭ᠌ ᠰᠥᠭᠡᠭ᠌ ᠶᠢᠡᠷ ᠨᠤᠭᠤᠰᠤ ᠪᠣᠯᠭᠠᠵᠤ᠃ ᠨᠠᠷᠢᠨ ᠪᠣᠶᠤ ᠣᠬᠤᠷ ᠰᠢᠭ᠌ ᠰᠥᠭᠡᠭ᠌ ᠶᠢᠡᠷ ᠨᠢ ᠭᠦᠷᠦᠳᠡᠭ᠌ ᠶᠤᠮ᠃

ᠠᠷᠤᠭ ᠢ ᠭᠦᠷᠦᠭᠦ ᠳᠤ ᠶᠠᠷᠤ ᠳᠡᠭᠡᠨ ᠢᠷᠤᠭᠠᠷ ᠢ ᠨᠢ ᠣᠷᠳᠤ ᠳᠦᠷᠪᠡᠯᠵᠢᠨ ᠭᠡᠯᠪᠠᠷᠢᠳᠡᠢ ᠭᠦᠷᠦᠳᠡᠭ᠌᠃ ᠳᠡᠭᠡᠷ᠎ᠡ ᠭᠦᠪᠠᠭᠡ ᠨᠢ ᠦᠨᠳᠦᠰᠦᠨ ᠳᠡᠭᠡᠨ ᠳᠤᠭᠤᠷᠢᠭ ᠭᠡᠯᠪᠠᠷᠢᠳᠡᠢ ᠪᠠᠢ᠌ᠳᠠᠭ᠃ ᠳᠤᠮᠤ ᠭᠦᠮᠤᠨ ᠤ ᠡᠭᠦᠷᠭᠦ ᠠᠷᠤᠭ ᠤᠨ ᠢᠷᠤᠭᠠᠷ ᠤᠨ ᠣᠷᠳᠤ ᠥᠷᠭᠡᠨ ᠢ ᠨᠢ 30cm ᠪᠠ 40cm ᠣᠷᠴᠢᠮ ᠪᠠᠢ᠌ᠯᠭᠠᠵᠤ᠂ ᠪᠠᠭᠠᠴᠤᠳ ᠭᠡᠦᠭᠡᠤᠨ ᠤᠨ ᠡᠭᠦᠷᠭᠦ ᠠᠷᠤᠭ ᠢ ᠪᠣᠯ ᠳᠡᠭᠦᠨ ᠡᠴᠡ ᠪᠠᠭ᠎ᠠ ᠪᠠᠢ᠌ᠯᠭᠠᠳᠠᠭ᠃ ᠭᠦᠷᠦᠭᠦ ᠳᠡᠭᠡᠨ ᠢᠷᠤᠭᠠᠷ ᠡᠴᠡ ᠡᠭᠢᠯᠡᠵᠤ ᠣᠷᠳᠤ ᠰᠢᠩ ᠰᠥᠭᠡᠭ᠌ ᠢ ᠭᠡᠷᠡᠭᠯᠡᠵᠤ᠂ ᠳᠦᠷᠪᠡᠨ ᠪᠣᠶᠤ ᠳᠠᠪᠤᠨ ᠮᠦᠷ᠂ ᠮᠦᠷ ᠪᠦᠷᠢ ᠳ᠋ᠤᠨᠢ ᠵᠢᠷᠭᠤᠭᠠᠨ ᠰᠥᠭᠡᠭ᠌ ᠶᠢᠡᠷ ᠪᠦᠷᠢᠯᠳᠦᠭ᠍ᠰᠡᠨ ᠨᠤᠭᠤᠰᠤ ᠶᠢᠨ ᠥᠵᠦᠭᠦᠷ ᠢ ᠨᠢ ᠬᠤᠶᠠᠷ ᠳᠠᠰᠢ ᠬᠠᠠᠳᠤᠭᠤᠯᠤᠨ ᠳᠠᠯᠪᠢᠵᠤ᠂ ᠣᠷᠳᠤ ᠣᠷᠢᠳᠠᠪᠠᠷ ᠳᠤᠮᠳᠠ ᠨᠢ ᠠᠯᠠᠵᠤ ᠨᠤᠭᠤᠰᠤᠯᠠᠭᠰᠠᠨ ᠰᠥᠭᠡᠭ᠌ ᠶᠢᠡᠷ ᠡᠷᠢᠨ ᠳᠤᠭᠳᠠᠭᠠᠵᠤ᠂ ᠳᠠᠭᠢᠨ ᠳᠤᠮᠳᠠ ᠡᠴᠡ ᠨᠢ ᠬᠤᠶᠠᠷ ᠳᠠᠰᠢ ᠳᠡᠭ᠍ᠰᠢ ᠭᠡᠮᠳᠡᠢ ᠭᠦᠷᠦᠨ᠎ᠡ᠃ ᠭᠡᠭᠦ ᠳᠡᠭᠡᠨ ᠭᠤᠷᠪᠠ ᠭᠤᠷᠪᠠᠨ ᠮᠦᠷ ᠶᠢᠡᠷ ᠰᠤᠯᠢᠪᠴᠡᠭᠤᠯᠤᠨ ᠰᠥᠭᠡᠭ᠌ ᠤᠨ ᠣᠭ ᠢ ᠬᠠᠮᠤᠭ ᠭᠠᠳᠠᠷ ᠥᠵᠦᠭᠦᠷ ᠤᠨ ᠨᠤᠭᠤᠰᠤ ᠲᠡᠶ ᠵᠡᠷᠭᠡᠴᠡᠭᠦᠯᠭᠦ ᠪᠦᠭᠡᠤᠨ ᠢᠷᠤᠭᠠᠷ ᠢ ᠭᠦᠷᠦᠭᠦ ᠶᠠᠪᠣᠴᠠ ᠳᠤ ᠪᠠᠢ᠌ᠨ ᠳᠠᠭᠢᠨ ᠬᠠᠯᠠᠵᠤ ᠨᠤᠭᠤᠰᠤᠯᠠᠭᠰᠠᠨ ᠰᠥᠭᠡᠭ᠌ ᠶᠢᠡᠷ ᠬᠤᠶᠠᠷ ᠥᠵᠦᠭᠦᠷ ᠢ ᠨᠢ ᠨᠤᠭᠤᠯᠠᠨ ᠭᠦᠷᠦᠨ᠎ᠡ᠃ ᠨᠠᠷᠢᠨ ᠥᠵᠦᠭᠦᠷ ᠢ ᠨᠢ ᠨᠥᠭᠦᠭᠡ ᠳᠠᠯ᠎ᠠ ᠳᠠᠰᠢ ᠢᠯᠡᠭᠦᠤ ᠭᠠᠷᠭᠠᠨ ᠭᠦᠷᠦᠵᠤ᠂ ᠣᠷᠳᠤ ᠥᠷᠭᠡᠨ ᠢ ᠨᠢ 30 ᠪᠣᠶᠤ 40cm ᠣᠷᠴᠢᠮ ᠪᠣᠯᠭᠠᠭᠰᠠᠨ ᠤ ᠳᠠᠷᠠᠭ᠎ᠠ᠂ ᠢᠯᠡᠭᠦᠤ ᠭᠠᠷᠭᠠᠭᠰᠠᠨ ᠰᠥᠭᠡᠭ᠌ ᠶᠢᠡᠨ ᠵᠤᠤᠬᠠᠨ ᠭᠠᠯ ᠤᠨ ᠴᠤᠭ ᠪᠣᠶᠤ ᠢᠯᠠ ᠭᠠᠯ ᠤᠨ ᠴᠤᠭ ᠳᠡᠭᠡᠷ᠎ᠡ ᠬᠠᠯᠠᠭᠤᠯᠤᠨ ᠴᠢᠭ᠍ᠰᠢᠭᠦᠯᠵᠤ (ᠬᠤᠭᠤᠷᠠᠬᠤ ᠡᠴᠡ ᠰᠡᠷᠭᠡᠢ᠌ᠯᠡᠭᠦ ᠶᠢᠨ ᠳᠦᠯᠦᠭᠡ)᠂ ᠳᠦᠷᠪᠡᠨ ᠳᠠᠯ᠎ᠠ ᠶᠢ ᠨᠢ ᠨᠤᠭᠤᠯᠠᠨ ᠥᠵᠦᠭᠦᠷ ᠳ᠋ᠤᠨᠢ ᠣᠶᠠᠭᠠᠤᠨ᠂ ᠳᠠᠭᠢᠨ ᠢᠷᠤᠭᠠᠷ ᠤᠨ ᠭᠡᠰᠡᠭ᠌ ᠢ ᠳᠡᠭᠡᠭ᠍ᠰᠢ ᠠᠯᠠᠭ᠎ᠠ ᠳᠠᠷᠤᠮ᠎ᠠ ᠬᠠᠭᠠᠰ ᠪᠣᠶᠤ ᠬᠤᠶᠠᠷ ᠠᠯᠠᠭ᠎ᠠ ᠳᠠᠷᠤᠮ᠎ᠠ ᠭᠦᠷᠦᠨ᠎ᠡ᠃ ᠣᠷᠳᠤ ᠰᠢᠭ᠌ ᠰᠥᠭᠡᠭ᠌ ᠴᠥᠭᠡᠨ ᠪᠣᠯ ᠪᠢᠳᠡᠭᠦᠤ ᠭᠦᠷᠦᠭᠦ ᠡᠴᠡ ᠪᠢᠰᠢ ᠡᠩ ᠤᠨ ᠪᠠᠢ᠌ᠳᠠᠯ ᠳᠤ ᠪᠢᠳᠡᠭᠦᠤ ᠭᠦᠷᠦᠭᠦ ᠦᠭᠡᠶ ᠪᠠᠢ᠌ᠳᠠᠭ᠃ ᠢᠩᠭᠢᠵᠤ ᠭᠦᠷᠦᠪᠠᠯ ᠭᠡᠳᠥᠢᠪᠠᠷ ᠣᠠᠴᠠ ᠪᠠᠭᠡᠯᠢᠭ᠌ ᠪᠣᠯᠪᠠᠴᠤ ᠡᠭᠦᠷᠭᠦ ᠳᠤ ᠭᠦᠡᠳᠤ ᠮᠠᠲ᠋ᠸᠷᠢᠶᠠᠯ ᠳᠤ ᠠᠷᠪᠢ ᠦᠭᠡᠶ ᠮᠥᠷᠳᠡᠭᠡᠨ ᠥᠵᠡᠭᠦ ᠳᠤ ᠣᠷᠠᠯᠢᠭ ᠬᠠᠷᠠᠭᠳᠠᠬᠤ ᠦᠭᠡᠶ ᠶᠤᠮ᠃ ᠳᠠᠢ᠌ᠮᠤ ᠡᠴᠡ ᠭᠦᠷᠦᠭᠡᠴᠢᠨ ᠳᠤᠮᠳᠠᠭᠢ ᠭᠡᠰᠡᠭ᠌ ᠢ ᠨᠢ ᠷᠤᠮᠪ ᠭᠡᠯᠪᠠᠷᠢᠳᠡᠢ ᠴᠤᠩᠬᠤ ᠭᠠᠷᠭᠠᠬᠤ ᠶᠢᠨ ᠳᠠᠭᠤ ᠨᠤᠭᠤᠰᠤ ᠶᠢᠨ ᠣᠶᠠᠳᠠᠯ ᠢ ᠠᠯᠳᠠᠷᠭᠠᠵᠤ᠂ ᠴᠤᠩᠬᠤᠨ ᠤ ᠳᠡᠭᠡᠷ᠎ᠡ ᠳᠠᠯ᠎ᠠ ᠳᠤ ᠮᠦᠨ ᠭᠡᠳᠤᠨ ᠠᠯᠠᠭ᠎ᠠ ᠳᠠᠷᠤᠮ᠎ᠠ ᠭᠦᠷᠦᠭᠡᠤᠨ ᠭᠦᠪᠠᠭᠡ ᠳᠠᠷᠤᠵᠤ ᠳᠡᠭᠦᠰᠭᠡᠳᠡᠭ᠌᠃ ᠭᠡᠷᠪᠡ ᠢᠷᠤᠭᠠᠷ ᠢ ᠭᠠᠷᠭᠠᠬᠤ ᠳᠤ ᠭᠡᠷᠡᠭᠯᠡᠭ᠍ᠰᠡᠨ ᠨᠤᠭᠤᠰᠤ ᠶᠢᠨ ᠣᠷᠳᠤ ᠨᠢ ᠭᠦᠷᠭᠦ ᠦᠭᠡᠶ ᠪᠣᠯ ᠴᠤᠩᠬᠤᠨ ᠳᠡᠭᠡᠷ᠎ᠡ ᠭᠡᠰᠡᠭ᠌ ᠢ ᠭᠦᠷᠦᠭᠦ ᠦᠶᠡᠰ ᠣᠬᠤᠷ ᠰᠢᠭ᠌ ᠰᠥᠭᠡᠭ᠌ ᠢ ᠵᠠᠯᠭᠠᠳᠠᠭ᠃ ᠳᠡᠭᠡᠷ᠎ᠡ ᠭᠦᠪᠠᠭᠡ ᠶᠢ ᠳᠠᠷᠤᠬᠤ ᠳᠠᠭᠠᠨ ᠨᠤᠭᠤᠰᠤ ᠶᠢᠨ ᠢᠯᠡᠭᠦᠤ ᠭᠠᠷᠤᠭᠰᠠᠨ ᠥᠵᠦᠭᠦᠷ ᠶᠢᠡᠷ ᠳᠡᠭᠡᠰᠤ ᠳᠠᠮᠤᠬᠤ ᠰᠢᠭ᠌ ᠮᠤᠰᠭᠢᠵᠤ ᠭᠦᠷᠦᠵᠤ ᠭᠠᠷᠭᠠᠳᠠᠭ᠃ ᠭᠡᠷᠪᠡ ᠢᠩᠭᠢᠵᠤ ᠭᠦᠪᠠᠭᠡ ᠳᠠᠷᠤᠬᠤ ᠦᠭᠡᠶ ᠪᠣᠯ ᠭᠦᠪᠠᠭᠡ ᠡᠴᠡ ᠡᠭᠢᠯᠡᠨ ᠮᠤᠯᠳᠤᠷᠠᠨ ᠡᠪᠳᠡᠷᠡᠳᠡᠭ᠌᠃ ᠭᠦᠷᠦᠭᠦ ᠶᠠᠪᠣᠴᠠ ᠳᠤ ᠠᠷᠤᠭ ᠤᠨ ᠡᠭᠦᠷᠭᠦ ᠭᠡᠰᠡᠭ᠌ ᠢ ᠰᠠᠢ᠌ᠳᠤᠷ ᠵᠠᠰᠠᠵᠤ᠂ ᠴᠢᠳᠠᠬᠤ ᠶᠢᠨ ᠭᠢᠷᠢ ᠳᠤᠳᠤᠷ᠎ᠠ ᠳᠡᠭ᠍ᠰᠢᠭᠡᠨ ᠪᠠᠢ᠌ᠯᠠᠭᠠᠬᠤ ᠶᠢ ᠠᠩᠬᠠᠷᠳᠠᠭ᠃ ᠡᠨᠡ ᠨᠢ ᠠᠷᠤᠭ ᠢ ᠡᠭᠦᠷᠭᠦ ᠳᠤ ᠬᠠᠪᠣᠳᠠᠢ ᠳᠦᠭᠦᠮ ᠪᠣᠯᠭᠠᠬᠤ ᠶᠢᠨ ᠳᠦᠯᠦᠭᠡ ᠶᠤᠮ᠃ ᠭᠠᠷ ᠣᠷᠠᠨ ᠭᠦᠷᠦᠭᠡᠴᠢᠨ ᠤ ᠭᠦᠷᠦᠭ᠍ᠰᠡᠨ ᠠᠷᠤᠭ ᠨᠢ ᠦᠨᠳᠦᠷ ᠪᠣᠭᠤᠨᠢ ᠪᠦᠳᠦᠭᠦᠨ ᠨᠠᠷᠢᠨ ᠨᠢ ᠳᠤᠭᠢᠷᠠᠮᠵᠢᠳᠠᠢ ᠪᠦᠭᠡᠤᠨ ᠶᠤᠰᠤᠳᠠᠢ ᠨᠢᠭᠡᠨ ᠭᠠᠷ ᠣᠷᠠᠯᠠᠯ ᠤᠨ ᠵᠢᠩᠭᠢᠨᠢ ᠪᠦᠳᠦᠭᠡᠭ᠍ᠳᠡᠭᠦᠨ ᠪᠣᠯᠳᠠᠭ ᠶᠤᠮ᠃ ᠠᠷᠤᠭ ᠭᠦᠷᠦᠭᠦ ᠨᠢ ᠨᠢᠭᠡᠨ ᠤᠷᠡᠯᠢᠭ ᠤᠨ ᠠᠵᠢᠯ ᠳᠤᠯᠠ ᠭᠠᠷ ᠣᠷᠠᠨ ᠮᠠᠯᠴᠢᠳ ᠰᠠ‍‌ᠶᠢ ᠭᠦᠷᠦᠵᠤ ᠴᠢᠳᠠᠳᠠᠭ᠃ ᠡᠢ᠌ᠮᠤ ᠡᠴᠡ ᠨᠢᠭᠡ ᠠᠢ᠌ᠯ ᠠᠢ᠌ᠮᠠᠭ ᠲᠤ ᠳᠠᠮᠢ ᠭᠡᠳᠤᠨ ᠠᠷᠤᠭ ᠭᠦᠷᠦᠳᠡᠭ᠌ ᠭᠦᠷᠦᠭᠡᠴᠢᠨ ᠦᠭᠡᠶ ᠶᠤᠮ᠃

ᠳᠠᠯᠳᠤᠨ ᠮᠤᠳᠤᠨ ᠰᠥᠭᠡᠭ᠌ ᠶᠢᠡᠷ ᠭᠦᠷᠦᠭ᠍ᠰᠡᠨ ᠠᠷᠤᠭ ᠨᠢ ᠪᠣᠷᠤᠭᠠᠨ ᠣᠰᠤᠨ ᠳᠤ ᠢᠯᠵᠢᠷᠠᠨ ᠳᠡᠪᠳᠡᠭᠦ ᠡᠴᠡ ᠠᠶᠤᠬᠤ ᠦᠭᠡᠶ ᠪᠠᠭᠡᠯᠢᠭ᠌ ᠪᠠᠢ᠌ᠳᠠᠭ᠃ ᠮᠠᠯᠴᠢᠳ ᠠᠷᠤᠭ ᠭᠦᠷᠦᠭᠦ ᠳᠡᠭᠡᠨ ᠳᠠᠯᠳᠤᠨ ᠮᠤᠳᠤᠨ ᠤ ᠰᠥᠭᠡᠭ᠌ ᠪᠣᠯᠭᠠᠨ ᠢ ᠭᠡᠷᠡᠭᠯᠡᠭᠦ ᠪᠢᠰᠢ᠂ ᠬᠠᠷᠢᠨ ᠰᠤᠩᠭ᠋ᠤᠯᠳᠠ ᠲᠡᠶ ᠭᠡᠷᠡᠭᠯᠡᠳᠡᠭ᠌᠃ ᠦᠶ᠎ᠡ ᠭᠡᠰᠢᠭᠦᠤ ᠪᠠᠭ᠎ᠠ ᠠᠰᠬᠠᠨ ᠪᠦᠳᠦᠭᠦᠨ ᠨᠠᠷᠢᠨ ᠨᠢ ᠳᠡᠩᠴᠡᠭᠦᠨ ᠣᠷᠳᠤ ᠣᠬᠤᠷ ᠨᠢ ᠳᠤᠭᠢᠷᠠᠮᠵᠢᠳᠠᠢ ᠶᠢ ᠰᠤᠩᠭ᠋ᠤᠵᠤ ᠭᠡᠷᠡᠭᠯᠡᠨ᠎ᠡ᠃ ᠰᠤᠩᠭ᠋ᠤᠵᠤ ᠭᠡᠷᠡᠭᠯᠡᠭ᠍ᠰᠡᠨ ᠳᠠᠯᠳᠤᠨ ᠮᠤᠳᠤᠨ ᠰᠥᠭᠡᠭ᠌ ᠶᠢᠡᠷ ᠭᠦᠷᠦᠭ᠍ᠰᠡᠨ ᠠᠷᠤᠭ ᠨᠢ ᠥᠵᠡᠭᠦ ᠳᠤ ᠣᠠᠴᠠᠭᠠᠢ᠌ᠯᠠᠨ ᠳᠤᠮᠳᠠᠭᠢ ᠷᠤᠮᠪ ᠭᠡᠯᠪᠠᠷᠢᠳᠤ ᠴᠤᠩᠬᠤ ᠨᠢ ᠵᠢᠭ᠍ᠳᠡ ᠶᠡᠭᠡ ᠪᠠᠭ᠎ᠠ ᠨᠢ ᠳᠡᠩᠴᠡᠭᠦᠨ ᠭᠠᠷᠴᠤ᠂ ᠭᠦᠮᠦᠰ ᠲᠤ ᠭᠠᠷ ᠣᠷᠠᠯᠠᠯ ᠤᠨ ᠭᠤᠸ᠎ᠠ ᠰᠠᠢ᠌ᠬᠠᠨ ᠤ ᠰᠡᠷᠡᠭ᠍ᠳᠡᠯ ᠢ ᠥᠭ᠍ᠴᠤ ᠴᠢᠳᠠᠳᠠᠭ ᠶᠤᠮ᠃

ᠬᠤᠶᠠᠷ᠂ ᠠᠷᠭᠠᠯ ᠤᠨ ᠰᠠᠪᠠᠷ ᠲᠤ ᠠᠷᠭᠠᠯ ᠳᠡᠭᠦᠭᠦ ᠰᠠᠪᠠᠷ ᠪᠠ ᠪᠦᠳᠦᠭᠦᠨ ᠠᠷᠭᠠᠯ ᠤᠨ ᠰᠠᠪᠠᠷ ᠭᠡᠵᠤ ᠬᠤᠶᠠᠷ ᠵᠣᠢ᠌ᠯ ᠪᠠᠢ᠌ᠳᠠᠭ᠃ ᠪᠦᠳᠦᠭᠦᠨ ᠠᠷᠭᠠᠯ ᠤᠨ ᠰᠠᠪᠠᠷ ᠨᠢ ᠭᠡᠭᠡᠷ᠎ᠡ ᠴᠢᠤᠠᠬᠤᠭᠰᠠᠨ ᠠᠷᠭᠠᠯ ᠶᠢᠡᠨ ᠳᠡᠭᠡᠭᠡᠭᠦ ᠳᠤ ᠭᠡᠷᠡᠭᠯᠡᠳᠡᠭ᠌ ᠮᠤᠳᠤᠨ ᠰᠢᠳᠤ ᠲᠡᠶ ᠰᠠᠪᠠᠷ ᠪᠣᠯᠤᠨ᠎ᠠ᠃ ᠳᠠᠷᠠ ᠨᠢ ᠰᠢᠳᠤ ᠳᠤᠯᠤᠭᠠᠢ ᠡᠰᠢ ᠭᠡᠵᠤ ᠭᠤᠷᠪᠠᠨ ᠭᠡᠰᠡᠭ᠌ ᠶᠢᠡᠷ ᠪᠦᠷᠢᠯᠳᠦᠳᠡᠭ᠌᠃ ᠰᠢᠳᠤ ᠨᠢ ᠬᠤᠷᠤᠭᠤ ᠭᠢᠷᠢ ᠲᠡᠶ ᠪᠦᠳᠦᠭᠦᠨ ᠬᠤᠶᠠᠷ ᠰᠠᠯᠠᠭ᠎ᠠ ᠲᠡᠶ᠂ ᠪᠦᠳᠦᠭᠦᠨ ᠨᠠᠷᠢᠨ ᠨᠢ ᠦᠨᠳᠦᠰᠦᠨ ᠳᠡᠭᠡᠨ ᠳᠡᠩᠴᠡᠭᠦᠨ ᠳᠠᠯᠳᠤᠨ ᠮᠤᠳᠤᠨ ᠰᠠᠯᠠᠭ᠎ᠠ ᠡᠰᠡᠭᠦᠯ᠎ᠡ ᠬᠠᠢ᠌ᠯᠠᠰᠤᠨ ᠮᠤᠳᠤᠨ ᠰᠠᠯᠠᠭ᠎ᠠ ᠪᠣᠶᠤ ᠴᠠᠷᠠᠰᠤᠨ ᠮᠤᠳᠤᠨ ᠰᠠᠯᠠᠭ᠎ᠠ ᠪᠠᠷ ᠰᠢᠳᠤ ᠪᠣᠯᠭᠠᠨ ᠭᠢᠳᠡᠭ᠌᠃ ᠠᠷᠪᠠᠨ ᠬᠤᠶᠠᠷ ᠪᠣᠶᠤ ᠠᠷᠪᠠᠨ ᠳᠦᠷᠪᠡᠨ ᠰᠢᠳᠤ ᠲᠡᠶ (ᠰᠠᠯᠠᠭᠠᠳᠤ ᠮᠤᠳᠤ ᠶᠢ ᠳᠠᠪᠣ ᠪᠣᠶᠤ ᠵᠢᠷᠭᠤᠭ᠎ᠠ ᠳᠤᠯᠤᠭ᠎ᠠ ᠶᠢ ᠭᠡᠷᠡᠭᠯᠡᠨ᠎ᠡ) ᠥᠷᠭᠡᠨ ᠨᠢ 40 ᠡᠴᠡ 60cm ᠪᠠᠷ ᠭᠢᠳᠡᠭ᠌᠃ ᠰᠢᠳᠤ ᠭᠢᠭᠦ ᠰᠠᠯᠠᠭᠠᠳᠤ ᠮᠤᠳᠤᠨ ᠤ ᠬᠠᠯᠢᠰᠤ ᠶᠢ ᠨᠢ ᠴᠠᠭᠠᠯᠠᠭᠠᠤᠨ ᠳᠠᠩᠴᠠᠪᠣᠷᠢ ᠲᠡᠶ ᠮᠤᠷᠣᠢ᠌ᠯᠭᠠᠨ ᠨᠤᠮᠤᠯᠠᠨ ᠳᠠᠳᠠᠵᠤ ᠣᠶᠠᠭᠠᠤᠨ ᠬᠠᠳᠠᠭᠰᠠᠨ ᠤ ᠳᠠᠷᠠᠭ᠎ᠠ ᠰᠠ‍‌ᠶᠢ ᠵᠠᠰᠠᠵᠤ ᠭᠡᠷᠡᠭᠯᠡᠨ᠎ᠡ᠃ ᠰᠠᠪᠠᠷ ᠤᠨ ᠳᠤᠯᠤᠭᠠᠢ ᠶᠢ ᠬᠠᠳᠠᠭᠤ ᠰᠢᠭ᠌ ᠬᠤᠰᠤᠨ ᠮᠤᠳᠤ ᠪᠣᠶᠤ ᠬᠠᠢ᠌ᠯᠠᠰᠤᠨ ᠮᠤᠳᠤ ᠶᠢ ᠣᠷᠳᠤ ᠨᠢ 40--60cm ᠪᠠᠷ ᠣᠭᠳᠤᠯᠤᠨ ᠠᠪᠴᠤ ᠳᠦᠷᠪᠡᠯᠵᠢᠯᠠᠨ ᠭᠢᠵᠤ᠂ ᠳᠠᠪᠣ ᠪᠣᠶᠤ ᠳᠤᠯᠤᠭᠠᠨ ᠨᠥᠭᠡ ᠭᠠᠷᠭᠠᠨ᠎ᠠ᠃ ᠭᠡᠭᠦ ᠳᠡᠭᠡᠨ ᠳᠤᠮᠳᠠᠭᠢ ᠨᠥᠭᠡ ᠶᠢ ᠨᠢ ᠶᠡᠭᠡ ᠰᠢᠭ᠌ ᠪᠠᠢ᠌ᠯᠭᠠᠵᠤ ᠡᠰᠢᠯᠡᠭᠦ ᠪᠠ ᠰᠢᠳᠤ ᠰᠠᠭᠤᠯᠭᠠᠬᠤ ᠳᠤ ᠴᠦᠮ ᠭᠡᠷᠡᠭᠯᠡᠳᠡᠭ᠌᠃ ᠡᠰᠢ ᠨᠢ ᠪᠦᠭᠡ ᠰᠢᠭ᠌ ᠮᠤᠳᠤ ᠵᠢᠱᠢᠶᠠᠯᠠᠪᠠᠯ ᠪᠣᠷᠭᠠᠰᠤ ᠬᠠᠢ᠌ᠯᠠᠰᠤᠨ ᠮᠤᠳᠤ ᠡᠰᠡᠭᠦᠯ᠎ᠡ ᠭᠡᠭᠡᠷ᠎ᠡ ᠶᠢᠨ ᠤᠯᠢᠶᠠᠰᠤ ᠶᠢ ᠰᠤᠩᠭ᠋ᠤᠳᠠᠭ᠃ ᠰᠠᠪᠠᠷ ᠨᠢ ᠳᠤᠮᠤ ᠰᠢᠭ᠌ ᠪᠣᠯᠬᠤᠷ ᠵᠥᠪᠭᠡᠨ ᠠᠷᠭᠠᠯ ᠳᠡᠭᠡᠭᠡᠭᠦ ᠳᠤ ᠭᠡᠷᠡᠭ᠍ᠴᠠᠭᠡᠳᠠᠢ ᠪᠠᠢ᠌ᠳᠠᠭ᠃ ᠡᠷᠳᠡ ᠣᠷᠢᠳᠠ ᠲᠠᠭᠠᠨ ᠮᠤᠳᠤᠨ ᠰᠠᠪᠠᠷ ᠤᠨ ᠰᠢᠳᠤ ᠶᠢᠨ ᠳᠤᠭ᠎ᠠ ᠪᠠᠭ᠎ᠠ ᠰᠢᠭ᠌ ᠭᠢᠵᠤ ᠠᠷᠭᠠᠯ ᠳᠡᠭᠦᠭᠦ ᠰᠠᠪᠠᠷ ᠪᠣᠯᠭᠠᠳᠠᠭ᠃ ᠡᠨᠡ ᠨᠢ ᠳᠠᠮᠤᠷ ᠰᠢᠳᠤ ᠲᠡᠶ ᠰᠠᠪᠠᠷ ᠲᠡᠶ ᠠᠳᠠᠯᠢᠤᠠᠬᠠᠪᠠᠯ ᠵᠠᠷᠤᠬᠤ ᠳᠤ ᠣᠷᠠᠯᠢᠭ ᠪᠢᠰᠢ ᠪᠠᠢ᠌ᠳᠠᠭ᠃

ᠠᠷᠭᠠᠯ ᠳᠡᠭᠦᠭᠦ ᠰᠠᠪᠠᠷ ᠤᠨ ᠰᠢᠳᠤ ᠶᠢ 4 -- 7 ᠭᠡᠰᠡᠭ᠌ (ᠨᠢᠭᠡ ᠭᠡᠰᠡᠭ᠌ ᠢ ᠨᠤᠭᠤᠯᠠᠵᠤ ᠬᠤᠶᠠᠷ ᠰᠢᠳᠤ ᠪᠣᠯᠭᠠᠨ᠎ᠠ) ᠣᠷᠳᠤ ᠨᠢ ᠠᠳᠠᠯᠢ ᠪᠣᠰᠤ᠂ ᠪᠠᠷᠤᠭ 60 ᠡᠴᠡ 90cm ᠤᠨ ᠬᠠᠳᠠᠭᠤ ᠭᠠᠩ ᠳᠠᠮᠤᠷ ᠶᠢᠡᠷ ᠨᠤᠭᠤᠯᠠᠵᠤ ᠮᠤᠳᠤᠨ ᠡᠰᠢᠨ ᠳᠤ ᠨᠥᠭᠡᠯᠡᠨ ᠳᠤᠭᠳᠠᠭᠠᠨ ᠭᠢᠳᠡᠭ᠌᠃ ᠡᠰᠢ ᠶᠢ ᠨᠢ ᠪᠠᠭᠡᠯᠢᠭ᠌ ᠰᠢᠭ᠌ ᠳᠠᠯᠳᠤᠨ ᠮᠤᠳᠤ ᠪᠣᠷᠭᠠᠰᠤᠨ ᠮᠤᠳᠤ ᠶᠢ ᠭᠡᠷᠡᠭᠯᠡᠵᠤ᠂ ᠰᠢᠳᠤ ᠶᠢ ᠨᠢ ᠭᠡᠳᠦᠷᠭᠡᠢ ᠪᠦᠳᠦᠭᠦᠨ ᠳᠠᠮᠤᠷ ᠢ ᠭᠡᠷᠡᠭᠯᠡᠭᠦ ᠦᠭᠡᠶ᠂ ᠣᠯᠠᠩᠭᠢ ᠳᠠᠭᠠᠨ ᠰᠢᠷ᠎ᠠ ᠪᠣᠷᠴᠠᠭ ᠤᠨ ᠭᠢᠷᠢ ᠲᠡᠶ ᠭᠠᠩ ᠳᠠᠮᠤᠷ ᠢ ᠭᠡᠷᠡᠭᠯᠡᠪᠠᠯ ᠬᠠᠮᠤᠭ ᠤᠨ ᠳᠤᠭᠢᠷᠠᠮᠵᠢᠳᠠᠢ ᠪᠠᠢ᠌ᠳᠠᠭ᠃ ᠭᠡᠳᠥᠢᠪᠠᠷ ᠪᠦᠳᠦᠭᠦᠨ ᠳᠠᠮᠤᠷ ᠢ ᠭᠡᠷᠡᠭᠯᠡᠪᠠᠯ ᠪᠠᠭᠢᠯᠢᠭ᠌ ᠪᠣᠯᠪᠠᠴᠤ ᠭᠠᠷ ᠲᠤ ᠬᠠᠯᠠ ᠲᠡᠶ ᠪᠠᠢ᠌ᠵᠤ᠃ ᠣᠷᠳᠤ ᠴᠠᠭ ᠶᠢᠡᠷ ᠠᠵᠢᠯ ᠭᠢᠭᠦ ᠳᠤ ᠳᠤᠭᠢᠷᠠᠮᠵᠢ ᠠᠨᠠᠢ ᠪᠠᠢ᠌ᠳᠠᠭ᠂ ᠰᠠᠪᠠᠷ ᠤᠨ ᠨᠢᠭᠡ ᠥᠵᠦᠭᠦᠷ ᠡᠴᠡ ᠨᠢᠭᠡ ᠢᠮᠠᠬᠤ ᠬᠠᠭᠠᠰ ᠵᠠᠢ ᠲᠡᠶ ᠭᠠᠵᠠᠷ ᠡᠴᠡ ᠳᠡᠭᠡᠭ᠍ᠰᠢ ᠳᠦᠷᠪᠡ ᠡᠴᠡ ᠳᠤᠯᠤᠭᠠᠨ ᠨᠦᠭᠡ ᠨᠥᠭᠡᠯᠡᠵᠤ᠃ 4 ᠪᠣᠶᠤ 7 ᠭᠡᠰᠡᠭ᠌ ᠳᠠᠮᠤᠷ ᠶᠢᠡᠨ ᠰᠠᠪᠠᠯᠠᠨ ᠭᠠᠷᠭᠠᠵᠤ᠂ ᠮᠤᠳᠤᠨ ᠡᠰᠢ ᠲᠡᠶ ᠰᠤᠷᠯᠢᠭ ᠪᠣᠶᠤ ᠨᠠᠷᠢᠨ ᠰᠢᠭ᠌ ᠳᠠᠮᠤᠷ ᠣᠳᠠᠰᠤ ᠪᠡᠷ ᠴᠢᠩᠭ᠋᠎ᠠ ᠰᠢᠭ᠌ ᠣᠷᠢᠶᠠᠨ ᠣᠶᠠᠵᠤ ᠳᠤᠭᠳᠠᠭᠠᠨ᠎ᠠ᠃ ᠳᠠᠷᠠᠭ᠎ᠠ ᠨᠢ ᠳᠤᠮᠳᠠᠭᠢ ᠬᠤᠶᠠᠷ ᠰᠢᠳᠤ ᠶᠢ ᠠᠰᠬᠠᠨ ᠶᠢᠡᠷ ᠨᠢ ᠳᠤᠭᠢᠷᠠᠭᠤᠯᠵᠤ ᠪᠣᠰᠤᠳ ᠰᠢᠳᠤ ᠶᠢ ᠨᠢ ᠳᠤᠳᠤᠷ᠎ᠠ ᠡᠴᠡ ᠭᠠᠳᠠᠭᠰᠢ ᠳᠡᠩᠴᠡᠭᠦᠨ ᠵᠠᠢ ᠲᠡᠶ ᠨᠤᠭᠤᠯᠠᠨ᠂ ᠬᠠᠮᠤᠭ ᠰᠡᠭᠦᠯ ᠳ᠋ᠤᠨᠢ ᠰᠢᠳᠤᠨ ᠤ ᠳᠡᠭᠡᠷ᠎ᠡ ᠭᠦᠡᠳᠡᠯᠡᠨ ᠭᠡᠷᠦᠭᠡᠳᠡᠰᠤ ᠳᠠᠮᠤᠷ ᠳᠠᠯᠪᠢᠵᠤ ᠨᠠᠷᠢᠨ ᠳᠠᠮᠤᠷ ᠣᠳᠠᠰᠤ ᠪᠠᠷ ᠴᠢᠩᠭ᠋᠎ᠠ ᠣᠷᠢᠶᠠᠨ ᠣᠶᠤᠬᠤ ᠪᠣᠶᠤ ᠥᠷᠭᠡᠨ ᠨᠢ 1.5cm ᠣᠷᠴᠢᠮ ᠬᠠᠪᠳᠠᠭᠠᠢ ᠨᠢᠮᠭᠡᠨ ᠳᠠᠮᠤᠷ ᠬᠠᠪᠳᠠᠰᠤ ᠶᠢ ᠰᠢᠳᠤᠨ ᠳᠤᠭ᠎ᠠ ᠲᠡᠶ ᠪᠠᠨ ᠠᠳᠠᠯᠢ ᠨᠥᠭᠡᠯᠡᠭᠡᠤᠨ ᠰᠠᠪᠠᠯᠠᠵᠤ ᠣᠷᠤᠭᠤᠯᠤᠨ ᠳᠤᠭᠳᠠᠭᠠᠳᠠᠭ᠃ ᠡᠨᠡ ᠨᠢ ᠰᠠᠪᠠᠷ ᠤᠨ ᠰᠢᠳᠤ ᠶᠢ ᠨᠠᠩ ᠳᠤᠰᠢᠭᠤᠨ ᠪᠣᠯᠭᠠᠵᠤ᠂ ᠰᠢᠳᠤ ᠨᠢ ᠰᠥᠭᠦᠳᠴᠤ ᠨᠤᠭᠤᠷᠠᠬᠤ᠂ ᠨᠠᠰᠢ ᠴᠠᠰᠢ ᠰᠢᠯᠵᠢᠭᠦ ᠶᠢ ᠰᠡᠷᠭᠡᠢ᠌ᠯᠡᠭᠦ ᠣᠢ᠌ᠯᠠᠳᠤᠯ ᠲᠡᠶ ᠪᠠᠢ᠌ᠳᠠᠭ᠂ ᠵᠠᠷᠤᠬᠤ ᠳᠤ ᠳᠦᠭᠦᠮ ᠤᠨ ᠳᠤᠰᠠᠳᠠ ᠳᠠᠮᠤᠷ ᠲᠦᠰᠢ ᠳᠡᠭᠡᠷ᠎ᠡ ᠰᠢᠳᠤ ᠪᠣᠯᠭᠠᠨ ᠤ ᠥᠵᠦᠭᠦᠷ ᠢ ᠠᠯᠤᠬ᠎ᠠ ᠪᠠᠷ ᠰᠠᠢ᠌ᠳᠤᠷ ᠳᠠᠪᠳᠠᠵᠤ ᠬᠠᠪᠳᠠᠭᠠᠢ᠌ᠷᠠᠭᠤᠯᠳᠠᠭ᠃

ᠭᠤᠷᠪᠠ᠂ ᠠᠷᠤᠭ ᠤᠨ ᠡᠭᠦᠷᠭᠦ ᠳᠡᠭᠡᠰᠤ ᠶᠢ ᠶᠠᠷᠤ ᠳᠡᠭᠡᠨ ᠣᠯᠤᠰᠤ ᠪᠠ ᠮᠤᠷᠢᠨ ᠳᠠᠯ ᠳᠠᠢ ᠨᠠᠷᠢᠨ ᠰᠢᠭ᠌ ᠨᠡᠢ᠌ᠦᠡᠭᠡᠨ ᠳᠠᠮᠤᠵᠤ ᠨᠤᠭᠤᠯᠠᠨ ᠭᠤᠷᠪᠠ ᠪᠣᠶᠤ ᠳᠦᠷᠪᠡᠨ ᠮᠦᠷ ᠵᠡᠷᠭᠡᠴᠡᠭᠦᠯᠤᠨ ᠣᠶᠤᠭᠠᠤᠨ᠂ ᠠᠷᠤᠭ ᠡᠭᠦᠷᠭᠦ ᠭᠠᠵᠠᠷ ᠲᠤ ᠰᠠᠪᠠᠯᠠᠨ ᠭᠠᠷᠭᠠᠵᠤ ᠪᠢᠳᠡᠭᠦᠯᠤᠨ ᠣᠶᠠᠨ᠎ᠠ᠃ ᠣᠷᠳᠤ ᠣᠬᠤᠷ ᠶᠢᠡᠨ ᠪᠠᠶ᠎ᠠ ᠶᠢᠨ ᠦᠨᠳᠦᠷ ᠪᠣᠭᠤᠨᠢ ᠪᠡᠨ ᠦᠨᠳᠦᠰᠦᠯᠠᠨ ᠳᠤᠭᠳᠠᠭᠠᠳᠠᠭ᠃ ᠠᠷᠤᠭ ᠡᠭᠦᠷᠭᠦ ᠳᠡᠭᠡᠰᠤ ᠶᠢ ᠢᠩᠭᠢᠵᠤ ᠭᠢᠭᠦ ᠨᠢ ᠪᠦᠭᠡ ᠮᠥᠷᠳᠡᠭᠡᠨ ᠣᠠᠴᠠᠭᠠᠢ᠌ᠯᠠᠨ ᠣᠷᠳᠤ ᠴᠠᠭ ᠶᠢᠡᠷ ᠭᠡᠭᠡᠷ᠎ᠡ ᠭᠦᠯᠳᠡᠭᠦᠰᠤ ᠳᠡᠭᠦᠭᠦ ᠳᠤ ᠮᠦᠷᠤ ᠶᠢ ᠳᠠᠷᠤᠬᠤ ᠦᠭᠡᠶ ᠪᠠᠢ᠌ᠳᠠᠭ᠃

ᠣᠯᠠᠮᠵᠢᠯᠠᠯᠳᠤ ᠠᠷᠤᠭ ᠡᠭᠦᠷᠭᠦ ᠶᠤᠰᠤ ᠨᠢ ᠳᠤᠭᠣᠢ᠌ᠯᠠᠨ ᠡᠭᠦᠷᠭᠦ ᠠᠷᠭ᠎ᠠ ᠪᠣᠯᠤᠨ᠎ᠠ᠂ ᠠᠷᠤᠭ ᠶᠢᠠᠨ ᠡᠭᠦᠷᠦᠭ᠍ᠰᠡᠨ ᠤ ᠳᠠᠷᠠᠭ᠎ᠠ ᠨᠢᠭᠡ ᠭᠠᠷ ᠶᠢᠡᠨ ᠠᠷᠤᠭ ᠤᠨ ᠣᠭᠤᠰᠠᠷ ᠤᠨ ᠳᠤᠳᠤᠷ᠎ᠠ ᠳᠠᠯ᠎ᠠ ᠡᠴᠡ ᠬᠢᠵᠤ ᠳᠤᠷᠤᠭᠰᠢ ᠳᠠᠷᠤᠨ ᠨᠥᠭᠦᠭᠡ ᠭᠠᠷ ᠳᠠᠭᠠᠨ ᠰᠠᠪᠠᠷ ᠶᠢᠡᠨ ᠪᠠᠷᠢᠵᠤ ᠠᠷᠭᠠᠯ ᠳᠡᠭᠦᠳᠡᠭ᠌᠃ ᠣᠳᠤ ᠳᠤ ᠣᠯᠠᠩᠭᠢ ᠨᠢ ᠮᠦᠷᠤᠪᠴᠢᠯᠠᠨ ᠡᠭᠦᠷᠭᠦ ᠶᠢ ᠭᠡᠷᠡᠭᠯᠡᠵᠤ ᠪᠠᠢ᠌ᠨ᠎ᠠ᠃ ᠡᠨᠡ ᠨᠢ ᠳᠤᠭᠣᠢ᠌ᠯᠠᠨ ᠡᠭᠦᠷᠭᠦ ᠡᠴᠡ ᠳᠦᠭᠦᠮ ᠪᠠᠢ᠌ᠵᠤ ᠰᠠᠪᠠᠷ ᠶᠢᠡᠨ ᠬᠤᠶᠠᠷ ᠭᠠᠷ ᠲᠠᠭᠠᠨ ᠪᠠᠷᠢᠵᠤ ᠠᠷᠭᠠᠯ ᠳᠡᠭᠦᠭᠦ ᠳᠤ ᠣᠷᠠᠯᠢᠭ ᠰᠠᠨᠠᠭᠳᠠᠵᠤ ᠭᠦᠴᠤ ᠶᠢ ᠠᠷᠪᠢᠯᠠᠵᠤ ᠴᠢᠳᠠᠬᠤ ᠪᠦᠭᠡᠤᠨ ᠣᠯᠠᠮᠵᠢᠯᠠᠯᠳᠤ ᠠᠷᠤᠭ ᠡᠭᠦᠷᠭᠦ ᠶᠤᠰᠤᠨ ᠳᠤ ᠰᠢᠨᠠᠴᠢᠯᠠᠯᠳᠠ ᠭᠢᠭ᠍ᠰᠡᠨ ᠶᠠᠪᠣᠳᠠᠯ ᠪᠣᠯᠬᠤ ᠶᠤᠮ᠃

ᠳᠦᠷᠪᠡ᠂ ᠮᠠᠯᠵᠢᠬᠤ ᠣᠷᠤᠨ ᠤ ᠮᠤᠩᠭ᠋ᠤᠯᠴᠤᠳ ᠡᠷᠳᠡᠨ ᠳᠡᠭᠡᠳᠤ ᠡᠴᠡ ᠪᠠᠨ ᠠᠪᠣᠭᠠᠳ ᠲ᠋ᠠᠢ᠌ᠪᠣᠩ ᠨᠠᠢ᠌ᠷᠠᠮᠳᠠᠭᠤ ᠠᠮᠢᠳᠤᠷᠠᠯ ᠳᠤ ᠳᠤᠷᠠᠳᠠᠢ ᠬᠤᠯᠠᠭᠠᠢ ᠬᠤᠳᠠᠯ ᠭᠢᠭᠦ ᠦᠭᠡᠶ ᠪᠠᠢ᠌ᠳᠠᠭ᠃ ᠶᠠᠷᠤ ᠳᠡᠭᠡᠨ ᠭᠡᠭᠡᠷ᠎ᠡ ᠭᠠᠳᠠᠨ᠎ᠠ ᠡᠷᠭᠢᠭᠦᠯᠦᠭ᠍ᠰᠡᠨ ᠪᠠᠭᠠᠰᠤ ᠶᠢ ᠠᠪᠳᠠᠭ ᠦᠭᠡᠶ ᠰᠠᠢ᠌ᠬᠠᠨ ᠵᠠᠩ ᠪᠣᠯᠪᠠᠰᠤᠷᠠᠯ ᠲᠡᠶ ᠶᠤᠮ᠃ ᠠᠷᠭᠠᠯ ᠳᠡᠭᠦᠭᠦ ᠳᠡᠭᠡᠨ ᠪᠣᠰᠤᠳ ᠠᠢ᠌ᠯ ᠤᠨ ᠭᠡᠷ ᠤᠨ ᠡᠭᠦᠳᠡ᠂ ᠭᠡᠷᠡᠮ ᠤᠨ ᠡᠩᠭᠡᠷ ᠪᠠ ᠣᠪᠣᠭ᠎ᠠ ᠲᠡᠶ ᠠᠷᠭᠠᠯ ᠤᠨ ᠣᠢ᠌ᠷᠠᠯᠴᠠᠭ᠎ᠠ ᠪᠠᠢ᠌ᠭ᠎ᠠ ᠠᠷᠭᠠᠯ ᠢ ᠳᠡᠭᠦᠭᠦ ᠵᠠᠩᠰᠢᠯ ᠦᠭᠡᠶ ᠪᠠᠢ᠌ᠳᠠᠭ᠃ ᠡᠨᠡ ᠨᠢ ᠮᠤᠩᠭ᠋ᠤᠯᠴᠤᠳ ᠤᠨ ᠨᠡᠭᠦᠳᠡᠯ ᠠᠮᠢᠳᠤᠷᠠᠯ ᠰᠤᠶᠤᠯ ᠳᠤᠮᠳᠠ ᠡᠴᠡ ᠪᠣᠢ ᠪᠣᠯᠤᠭᠰᠠᠨ ᠪᠣᠯᠪᠠᠰᠤᠨ ᠶᠤᠰᠤᠷᠬᠠᠭ ᠡᠷᠭᠢᠮ ᠨᠠᠠᠳᠢᠨ ᠰᠤᠷᠳᠠᠯ ᠶᠤᠮ᠃

ᠮᠤᠩᠭ᠋ᠤᠯᠴᠤᠳ ᠠᠷᠭᠠᠯ ᠢ ᠮᠠᠯ ᠤᠨ ᠪᠠᠭᠠᠰᠤ ᠭᠡᠵᠤ ᠰᠢᠭᠤᠳ ᠭᠡᠯᠡᠳᠡᠭ᠌ ᠦᠭᠡᠶ ᠬᠠᠷᠢᠨ ᠭᠦᠯᠳᠡᠭᠦ ᠥᠭᠡᠢ ᠪᠣᠯ ᠨᠣᠢ᠌ᠳᠠᠨ ᠪᠠᠭᠠᠰᠤ ᠭᠡᠭᠦ ᠪᠣᠶᠤ ᠵᠢᠯ ᠤᠨ ᠳᠦᠷᠪᠡᠨ ᠣᠯᠠᠷᠢᠯ ᠶᠢᠡᠨ ᠦᠨᠳᠦᠰᠦᠯᠠᠨ ᠨᠡᠷᠡᠢ᠌ᠦᠡᠳᠡᠭ᠌᠃ ᠡᠪᠦᠯ ᠳᠡᠭᠡᠨ ᠪᠣᠯ ᠭᠦᠯᠳᠡᠭᠦᠰᠤ ᠭᠡᠵᠤ᠂ ᠬᠠᠪᠣᠷ ᠳᠠᠭᠠᠨ ᠪᠣᠯ ᠬᠠᠷ᠎ᠠ ᠠᠷᠭᠠᠯ ᠭᠡᠵᠤ᠂ ᠨᠠᠮᠤᠷ ᠲᠠᠭᠠᠨ ᠰᠢᠷ᠎ᠠ ᠠᠷᠭᠠᠯ ᠭᠡᠵᠤ᠂ ᠵᠤᠨ ᠲᠠᠭᠠᠨ ᠪᠣᠯ ᠴᠠᠭᠠᠨ ᠠᠷᠭᠠᠯ ᠭᠡᠵᠤ ᠭᠡᠯᠡᠳᠡᠭ᠌᠃ ᠡᠨᠡ ᠨᠢ ᠮᠤᠩᠭ᠋ᠤᠯᠴᠤᠳ ᠤᠨ ᠮᠠᠯ ᠶᠢᠡᠨ ᠬᠠᠢ᠌ᠷᠠᠯᠠᠵᠤ ᠮᠠᠯ ᠶᠢᠡᠨ ᠭᠦᠡᠳᠦᠦᠡᠭᠡᠭᠦ ᠶᠤᠰᠤᠨ ᠡᠴᠡ ᠢᠷᠡᠭ᠍ᠰᠡᠨ ᠪᠦᠭᠡᠤᠨ ᠭᠦᠯᠳᠡᠭᠦᠰᠤ ᠠᠷᠭᠠᠯ ᠳᠤ ᠭᠠᠬᠠᠢ ᠨᠤᠬᠠᠢ ᠶᠢᠨ ᠪᠠᠭᠠᠰᠤ ᠣᠷᠤᠬᠤ ᠶᠢ ᠳᠠᠰᠤ ᠴᠡᠭᠡᠷᠯᠡᠵᠤ᠂ ᠭᠡᠷᠪᠡ ᠭᠠᠬᠠᠢ ᠨᠤᠬᠠᠢ ᠶᠢᠨ ᠪᠠᠭᠠᠰᠤ ᠪᠠᠢ᠌ᠪᠠᠯ ᠰᠠᠢ᠌ᠬᠠᠨ ᠠᠷᠢᠯᠭᠠᠵᠤ ᠬᠠᠶᠠᠳᠠᠭ᠃ ᠡᠪᠦᠯ ᠤᠨ ᠭᠦᠯᠳᠡᠭᠦᠰᠤ ᠪᠠᠨ ᠭᠡᠵᠢᠶᠡᠳᠡ ᠮᠠᠯ ᠤᠨ ᠭᠦᠯ ᠡᠴᠡ ᠵᠠᠢ᠌ᠰᠢ ᠭᠠᠵᠠᠷ ᠲᠤ ᠰᠠᠢ᠌ᠬᠠᠨ ᠳᠢᠭ᠌ ᠲᠡᠶ ᠣᠪᠣᠭᠠᠯᠵᠤ ᠳᠠᠯᠪᠢᠳᠠᠭ᠃ ᠡᠨᠡ ᠨᠢ ᠮᠦᠨᠴᠤ ᠭᠡᠮᠭᠡᠷᠡᠵᠤ ᠰᠥᠢᠳᠭᠦ ᠶᠢ ᠰᠡᠷᠭᠡᠢ᠌ᠯᠡᠵᠤ ᠪᠠᠢ᠌ᠬᠤ ᠪᠠᠷ ᠪᠠᠷᠠᠬᠤ ᠦᠭᠡᠶ ᠪᠠᠰᠠᠴᠤ ᠴᠠᠪᠠᠷ ᠠᠷᠢᠭᠤᠨ ᠪᠠᠢ᠌ᠯᠭᠠᠬᠤ ᠶᠢᠨ ᠳᠦᠯᠦᠭᠡ ᠶᠤᠮ᠃ ᠭᠡᠷᠪᠡ ᠭᠠᠵᠠᠷ ᠠᠭᠤᠵᠢᠭᠤ ᠪᠣᠯ ᠭᠡᠳᠤᠨ ᠠᠷᠤᠭ ᠶᠢᠡᠷ ᠨᠢᠭᠡ ᠣᠪᠣᠭ᠎ᠠ ᠪᠣᠯᠭᠠᠬᠤ ᠡᠰᠡᠭᠦᠯ᠎ᠡ ᠨᠢᠭᠡ ᠳᠡᠷᠭᠡ (ᠠᠷᠪᠠᠨ ᠠᠷᠤᠭ) ᠶᠢᠡᠷ ᠣᠪᠣᠭᠠᠯᠠᠵᠤ ᠳᠠᠯᠪᠢᠳᠠᠭ᠃ ᠭᠠᠵᠠᠷ ᠨᠢ ᠴᠢᠬᠤᠯᠠ ᠪᠣᠯ ᠳᠡᠯᠡᠡᠭᠯᠡᠭᠤᠯᠵᠤ ᠣᠪᠣᠭᠠᠯᠠᠳᠠᠭ᠃

ᠳᠠᠪᠣ᠂ ᠭᠦᠯᠳᠡᠭᠦᠰᠤ ᠶᠢ ᠳᠡᠭᠦᠭᠦ ᠳᠤ ᠬᠠᠰᠢᠶᠠᠨ ᠤ ᠭᠦᠯᠳᠡᠭᠦᠰᠤ ᠶᠢ ᠳᠡᠭᠦᠭᠦ ᠪᠠ ᠭᠡᠭᠡᠷ᠎ᠡ ᠶᠢᠨ ᠭᠦᠯᠳᠡᠭᠦᠰᠤ ᠶᠢ ᠳᠡᠭᠦᠭᠦ ᠭᠡᠵᠤ ᠪᠠᠢ᠌ᠳᠠᠭ᠃ ᠬᠠᠰᠢᠶᠠᠨ ᠤ ᠭᠦᠯᠳᠡᠭᠦᠰᠤ ᠶᠢ ᠪᠣᠯ ᠥᠷᠯᠦᠭᠡ ᠶᠢᠨ ᠴᠠᠢ ᠶᠢᠨ ᠳᠠᠷᠠᠭ᠎ᠠ ᠡᠰᠡᠭᠦᠯ᠎ᠡ ᠮᠠᠯ ᠪᠠᠯᠴᠢᠭᠡᠷ ᠲᠤ ᠭᠠᠷᠤᠭᠰᠠᠨ ᠤ ᠰᠡᠭᠦᠯᠡᠷ ᠳᠡᠭᠦᠵᠤ ᠠᠪᠳᠠᠭ᠃ ᠭᠡᠷᠪᠡ ᠡᠷᠳᠡ ᠪᠣᠰᠴᠤ ᠳᠡᠭᠦᠵᠤ ᠠᠪᠣᠪᠠᠯ ᠡᠳᠦᠷ ᠣᠳᠠᠭᠠᠨ ᠳᠠᠭᠠᠨ ᠮᠠᠯ ᠭᠡᠪᠳᠡᠰᠢ ᠠᠯᠳᠠᠵᠤ ᠳᠠᠷᠭᠤ ᠭᠦᠴᠤ ᠶᠢ ᠨᠥᠯᠦᠭᠡᠯᠳᠡᠭ᠌᠃

ᠬᠠᠰᠢᠶᠠᠨ ᠤ ᠭᠦᠯᠳᠡᠭᠦᠰᠤ ᠶᠢ ᠨᠢ ᠠᠪᠬᠤ ᠡᠴᠡ ᠪᠢᠰᠢ ᠮᠠᠯ ᠤᠨ ᠨᠣᠢ᠌ᠳᠠᠨ ᠪᠠᠭᠠᠰᠤ ᠶᠢ ᠠᠪᠳᠠᠭ ᠥᠭᠡᠢ᠃ ᠮᠠᠯ ᠤᠨ ᠨᠣᠢ᠌ᠳᠠᠨ ᠪᠠᠭᠠᠰᠤ ᠶᠢ ᠪᠣᠯ ᠮᠠᠯ ᠤᠨ ᠭᠦᠯ ᠴᠥᠭᠡᠨ ᠭᠦᠷᠭᠦ ᠭᠡᠷᠡᠮ ᠤᠨ ᠣᠭ ᠲᠤ ᠳᠠᠯᠪᠢᠨ ᠭᠦᠯᠳᠡᠭᠡᠵᠤ ᠳᠠᠷᠠᠭ᠎ᠠ ᠡᠳᠦᠷ ᠤᠨ ᠭᠦᠯᠳᠡᠭᠦᠰᠤ ᠲᠡᠶ ᠪᠠᠨ ᠠᠪᠳᠠᠭ᠃ ᠭᠦᠯᠳᠡᠭᠦᠤ ᠣᠷᠤᠬᠤ ᠡᠴᠡ ᠡᠮᠦᠨ᠎ᠡ ᠪᠣᠶᠤ ᠬᠠᠪᠣᠷ ᠭᠦᠯᠳᠡᠭᠦ ᠦᠭᠡᠶ ᠪᠣᠯ ᠮᠠᠯ ᠤᠨ ᠨᠣᠢ᠌ᠳᠠᠨ ᠪᠠᠭᠠᠰᠤ ᠶᠢ ᠭᠡᠷᠡᠮ ᠤᠨ ᠣᠷᠤᠢ ᠳᠤ ᠭᠦᠮᠦᠷᠤᠨ ᠳᠠᠯᠪᠢᠬᠤ᠂ ᠮᠠᠯ ᠤᠨ ᠬᠠᠰᠢᠶ᠎ᠠ ᠪᠠᠨ ᠮᠢᠯᠢᠶᠠᠬᠤ᠂ ᠬᠠᠰᠢᠶᠠᠯᠠᠭᠰᠠᠨ ᠠᠷᠭᠠᠯ ᠤᠨ ᠣᠷᠤᠢ ᠶᠢ ᠰᠢᠪᠠᠬᠤ ᠳᠤ ᠭᠡᠷᠡᠭᠯᠡᠨ᠎ᠡ᠃ ᠭᠡᠷᠪᠡ ᠰᠢᠪᠠᠵᠤ ᠮᠢᠯᠢᠶᠠᠬᠤ ᠴᠢᠬᠤᠯᠠ ᠦᠭᠡᠶ ᠪᠣᠯ ᠬᠠᠭᠤᠷᠠᠢ ᠬᠤᠮᠤᠭ ᠪᠣᠶᠤ ᠬᠤᠷᠭᠤᠯ ᠲᠡᠶ ᠨᠡᠢ᠌ᠯᠡᠭᠦᠯᠤᠨ ᠨᠤᠬᠤᠵᠤ ᠨᠢᠮᠭᠡᠨ ᠳᠠᠪᠳᠠᠵᠤ ᠬᠠᠳᠠᠭᠠᠭᠠᠤᠨ ᠵᠤᠨ ᠤ ᠲᠦᠯᠡᠰᠢ ᠪᠣᠯᠭᠠᠳᠠᠭ᠃

ᠭᠡᠭᠡᠷ᠎ᠡ ᠶᠢᠨ ᠭᠦᠯᠳᠡᠭᠦᠰᠤ ᠶᠢ ᠳᠡᠭᠦᠭᠦ ᠳᠡᠭᠡᠨ ᠮᠠᠯ ᠤᠨ ᠪᠠᠯᠴᠢᠭᠡᠷᠯᠡᠭ᠍ᠰᠡᠨ ᠵᠥᠭ᠌ ᠭᠠᠵᠠᠷ ᠢ ᠦᠨᠳᠦᠰᠦᠯᠠᠵᠤ ᠳᠠᠷᠠ ᠵᠥᠭ᠌ ᠲᠤ ᠭᠠᠷᠴᠤ ᠳᠡᠭᠦᠳᠡᠭ᠌᠃ ᠳᠡᠭᠡᠭᠦ ᠳᠡᠭᠡᠨ ᠭᠡᠭᠡᠷ᠎ᠡ ᠨᠢ ᠣᠪᠣᠭᠠᠯᠠᠨ ᠳᠠᠯᠪᠢᠵᠤ᠂ ᠨᠢᠭᠡ ᠳᠡᠷᠭᠡ ᠪᠣᠶᠤ ᠭᠡᠳᠤᠨ ᠳᠡᠷᠭᠡ ᠪᠣᠯᠭᠠᠵᠤ ᠳᠡᠷᠭᠡ ᠪᠠᠷ ᠳᠡᠭᠡᠭᠡᠵᠤ ᠠᠪᠳᠠᠭ᠃ ᠡᠨᠡ ᠪᠣᠯ ᠮᠠᠨ ᠤ ᠮᠠᠯᠵᠢᠬᠤ ᠣᠷᠤᠨ ᠳᠤ ᠡᠷᠳᠡ ᠳᠡᠭᠡᠳᠦᠰ ᠡᠴᠡ ᠪᠠᠨ ᠠᠪᠣᠭᠠᠤᠨ ᠭᠡᠷᠡᠭ᠍ᠵᠢᠭᠦᠯᠵᠤ ᠣᠯᠠᠮᠵᠢᠯᠠᠭᠳᠠᠨ ᠢᠷᠡᠭ᠍ᠰᠡᠨ ᠰᠠᠢ᠌ᠬᠠᠨ ᠠᠮᠢᠳᠤᠷᠠᠯ ᠤᠨ ᠰᠤᠷᠳᠠᠯ ᠶᠤᠮ᠃ ᠣᠳᠤ ᠳᠤ ᠣᠯᠠᠮᠵᠢᠯᠠᠨ ᠬᠠᠮᠠᠭᠠᠯᠠᠵᠤ ᠭᠦᠭ᠍ᠵᠢᠭᠦᠯᠭᠦ ᠴᠢᠬᠤᠯᠠᠳᠠᠢ ᠰᠤᠶᠤᠯ ᠤᠨ ᠦᠪ ᠮᠦᠨ᠃

ᠵᠢᠷᠭᠤᠭ᠎ᠠ᠂ ᠭᠦᠯᠳᠡᠭᠦᠰᠤ ᠶᠢ ᠮᠠᠯᠴᠢᠳ ᠴᠦᠮ ᠬᠠᠪᠣᠷ ᠲᠠᠭᠠᠨ ᠬᠠᠰᠢᠶᠠᠯᠠᠳᠠᠭ᠃ ᠣᠯᠠᠩᠭᠢ ᠳᠠᠭᠠᠨ ᠳᠤᠭᠤᠷᠢᠭ ᠭᠡᠯᠪᠠᠷᠢᠳᠡᠢ ᠭᠦᠷᠦᠮᠡᠯ ᠫᠠᠢ᠌ᠰᠠᠨ ᠡᠰᠡᠭᠦᠯ᠎ᠡ ᠳᠠᠪᠬᠤᠷ (ᠰᠢᠪᠠᠭᠡ ᠪᠠᠷ ᠭᠦᠷᠢᠶᠡᠯᠡᠵᠤ ᠪᠦᠳᠦᠭᠡᠭ᠍ᠰᠡᠨ ᠣᠷᠳᠤ ᠳᠦᠷᠪᠡᠯᠵᠢᠨ ᠭᠡᠯᠪᠠᠷᠢᠳᠡᠢ) ᠲᠤ ᠣᠪᠣᠭ᠎ᠠ ᠲᠡᠶ ᠭᠦᠯᠳᠡᠭᠦᠰᠤ ᠶᠢ ᠠᠷᠤᠭ ᠶᠢᠡᠷ ᠵᠥᠭᠡᠭᠡᠵᠤ ᠭᠢᠳᠡᠭ᠌᠃ ᠡᠭᠦᠨ ᠢ ᠭᠦᠯᠳᠡᠭᠦᠰᠤ ᠬᠠᠰᠢᠶᠠᠯᠠᠬᠤ ᠭᠡᠳᠡᠭ᠌᠃ ᠠᠷᠭᠠᠯ ᠶᠢᠡᠨ ᠫᠠᠢ᠌ᠰᠠᠨ ᠳᠤ ᠬᠠᠰᠢᠶᠠᠯᠠᠬᠤ ᠳᠠᠭᠠᠨ ᠶᠠᠷᠤ ᠳᠡᠭᠡᠨ ᠬᠠᠭᠤᠷᠠᠢ ᠰᠢᠭ᠌ ᠢ ᠨᠢ ᠳᠤᠮᠳᠠ ᠨᠢ ᠭᠢᠵᠤ ᠭᠦᠯᠳᠡᠭᠦᠤ ᠰᠢᠭ᠌ ᠢ ᠨᠢ ᠭᠦᠪᠠᠭᠡ ᠪᠠᠷ ᠨᠢ ᠭᠢᠳᠡᠭ᠌᠃ ᠢᠩᠭᠢᠭᠦ ᠨᠢ ᠳᠤᠮᠳᠠ ᠨᠢ ᠭᠦᠯᠳᠡᠭᠦᠤ ᠭᠠᠷᠬᠤ ᠡᠴᠡ ᠰᠡᠷᠭᠡᠢ᠌ᠯᠡᠭᠦ ᠣᠢ᠌ᠯᠠᠳᠤᠯ ᠲᠡᠶ᠃ ᠵᠠᠷᠢᠮ ᠠᠢ᠌ᠯ ᠨᠢ ᠭᠦᠯᠳᠡᠭᠦᠰᠤ ᠪᠠᠨ ᠰᠢᠭᠤᠳ ᠳᠠᠪᠬᠤᠷ ᠲᠤ ᠬᠠᠰᠢᠶᠠᠯᠠᠳᠠᠭ᠃ ᠣᠴᠢᠷ ᠨᠢ ᠳᠠᠪᠬᠤᠷ ᠪᠣᠯ ᠥᠷᠭᠡᠨ ᠨᠢ ᠠᠯᠳᠠ ᠭᠢᠷᠢ ᠲᠡᠶ ᠣᠷᠳᠤ ᠢ ᠨᠢ ᠪᠣᠳᠠᠳᠠᠢ ᠡᠴᠡ ᠡᠭᠦᠰᠴᠤ (ᠮᠠᠯ ᠤᠨ ᠬᠠᠰᠢᠶ᠎ᠠ ᠴᠤ ᠪᠣᠯᠭᠠᠨ ᠭᠡᠷᠡᠭᠯᠡᠳᠡᠭ᠌) ᠳᠤᠭᠳᠠᠭᠠᠳᠠᠭ᠃ ᠳᠠᠪᠬᠤᠷ ᠨᠢ ᠵᠢᠪᠠᠷ ᠨᠡᠪᠳᠡᠷᠡᠭᠦ ᠨᠢ ᠰᠠᠢ᠌ᠨ ᠳᠤᠯᠠ ᠭᠦᠯᠳᠡᠭᠦᠤ ᠭᠠᠷᠬᠤ ᠨᠤᠷᠮ᠎ᠠ ᠨᠢ ᠳᠤᠤᠷ᠎ᠠ ᠪᠠᠢ᠌ᠳᠠᠭ᠂ ᠭᠡᠪᠠᠴᠤ ᠳᠦᠯᠡᠭᠦ ᠦᠶᠡᠰ ᠬᠤᠮᠤᠭ ᠠᠷᠪᠢᠨ ᠭᠠᠷᠬᠤ ᠪᠦᠭᠡᠤᠨ ᠪᠣᠷᠤᠭᠠᠨ ᠶᠡᠭᠡ ᠵᠢᠯ ᠳᠤ ᠮᠦᠨ ᠭᠦᠯᠳᠡᠭᠦᠤ ᠭᠠᠷᠳᠠᠭ᠃ ᠫᠠᠢ᠌ᠰᠠᠨ ᠲᠤ ᠬᠠᠰᠢᠶᠠᠯᠠᠬᠤ ᠳᠠᠭᠠᠨ ᠠᠷᠭᠠᠯ ᠠᠪᠬᠤ ᠳᠤ ᠳᠦᠭᠦᠮ ᠤᠨ ᠳᠤᠰᠠ ᠳᠤ ᠠᠮᠠᠰᠠᠷ ᠥᠯᠡᠳᠡᠭᠡᠵᠤ ᠡᠭᠦᠨ ᠶᠢᠡᠨ ᠪᠦᠭᠦᠯᠢ ᠰᠢᠭ᠌ ᠠᠷᠭᠠᠯ ᠶᠢᠡᠷ ᠵᠡᠷᠭᠡᠯᠡᠨ ᠭᠠᠷᠭᠠᠬᠤ ᠪᠦᠭᠡᠤᠨ ᠫᠠᠢ᠌ᠰᠠ ᠪᠠᠨ ᠭᠡᠵᠢᠶᠡᠳᠡ ᠳᠡᠭ᠍ᠰᠢᠭᠡᠨ ᠭᠠᠵᠠᠷ ᠲᠤ ᠡᠭ᠍ᠴᠡ ᠵᠤᠭᠰᠤᠭᠠᠬᠤ ᠶᠢ ᠠᠩᠬᠠᠷᠴᠤ᠂ ᠬᠠᠰᠢᠶᠠᠯᠠᠬᠤ ᠶᠠᠪᠣᠴᠠ ᠳᠠᠭᠠᠨ ᠫᠠᠢ᠌ᠰᠠ ᠪᠠᠨ ᠪᠠᠢ᠌ᠨ ᠳᠠᠭᠢᠨ ᠵᠠᠰᠠᠵᠤ ᠳᠡᠭ᠍ᠰᠢᠯᠡᠳᠡᠭ᠌᠃ ᠢᠩᠭᠢᠭᠦ ᠨᠢ ᠠᠷᠭᠠᠯ ᠤᠨ ᠫᠠᠢ᠌ᠰᠠᠨ ᠤ ᠭᠡᠷᠡᠭᠯᠡᠭᠦ ᠠᠮᠢ ᠨᠠᠰᠤ ᠶᠢ ᠣᠷᠳᠤ ᠪᠣᠯᠭᠠᠬᠤ ᠶᠢᠨ ᠳᠦᠯᠦᠭᠡ ᠮᠦᠨᠴᠤ ᠵᠤᠨ ᠤ ᠪᠣᠷᠤᠭᠠᠨ ᠳᠤ ᠨᠤᠷᠠᠵᠤ ᠡᠪᠳᠡᠷᠡᠭᠦ ᠡᠴᠡ ᠭᠡᠴᠢᠶᠡᠭ᠍ᠰᠡᠨ ᠶᠠᠪᠣᠳᠠᠯ ᠶᠤᠮ᠃ ᠭᠡᠷᠪᠡ ᠠᠷᠭᠠᠯ ᠤᠨ ᠫᠠᠢ᠌ᠰᠠ ᠬᠭᠤᠴᠢᠷᠠᠭᠰᠠᠨ ᠪᠣᠯ ᠳᠡᠭᠡᠰᠤ ᠪᠣᠶᠤ ᠳᠤᠰᠬᠠᠢ ᠪᠡᠯᠡᠳᠭᠡᠭ᠍ᠰᠡᠨ ᠮᠤᠷᠤᠢ ᠮᠤᠳᠤ ᠪᠠᠷ ᠬᠤᠯᠪᠣᠵᠤ ᠭᠢᠭ᠍ᠰᠡᠨ ᠪᠦᠰᠡᠯᠡᠭᠦᠷ ᠶᠢᠡᠷ ᠪᠦᠰᠡᠯᠡᠭᠦᠷ ᠳᠠᠳᠠᠵᠤ ᠣᠶᠠᠳᠠᠭ᠃ ᠡᠨᠡ ᠨᠢ ᠮᠦᠨᠴᠤ ᠵᠤᠨ ᠤ ᠪᠣᠷᠤᠭᠠᠨ ᠳᠤ ᠭᠠᠳᠠᠭᠰᠢ ᠳᠠᠷᠤᠭᠳᠠᠨ ᠨᠤᠷᠠᠬᠤ ᠡᠴᠡ ᠰᠡᠷᠭᠡᠢ᠌ᠯᠡᠵᠤ᠂ ᠠᠷᠭᠠᠯ ᠭᠡᠮᠭᠡᠷᠡᠵᠤ ᠰᠥᠢᠦᠡᠭᠦ ᠡᠴᠡ ᠪᠣᠯᠭᠤᠮᠵᠢᠯᠠᠭᠰᠠᠨ ᠶᠠᠪᠣᠳᠠᠯ ᠶᠤᠮ᠃

ᠭᠡᠷᠪᠡ ᠨᠥᠭᠦᠴᠡᠯ ᠲᠡᠶ ᠪᠣᠯ ᠳᠠᠷᠤᠢ ᠭᠦᠯᠳᠡᠭᠦᠰᠤ ᠪᠠᠨ ᠴᠢᠤᠠᠬᠤᠬᠤ ᠭᠠᠵᠠᠷ ᠲᠡᠶ ᠪᠣᠯ ᠡᠪᠦᠯ ᠤᠨ ᠬᠠᠰᠢᠶᠠᠨ ᠤ ᠭᠦᠯᠳᠡᠭᠦᠰᠤ ᠶᠢ ᠣᠯᠠᠩᠭᠢ ᠳᠠᠭᠠᠨ ᠰᠢᠭᠤᠳ ᠠᠷᠭᠠᠯ ᠤᠨ ᠫᠠᠢ᠌ᠰᠠ ᠪᠠ ᠳᠠᠪᠬᠤᠷ ᠲᠤ ᠭᠢᠳᠡᠭ᠌ ᠦᠭᠡᠶ᠃ ᠣᠴᠢᠷ ᠨᠢ ᠬᠠᠰᠢᠶᠠᠨ ᠤ ᠭᠦᠯᠳᠡᠭᠦᠰᠤ ᠳᠤ ᠬᠠᠰᠢᠶᠠᠨ ᠳ᠋ᠠᠭᠢ ᠬᠤᠮᠤᠭ ᠵᠤᠭᠢᠬᠤ ᠭᠡᠮᠵᠢᠶ᠎ᠡ ᠪᠠᠷ ᠨᠠᠭᠠᠯᠳᠤᠬᠤ ᠳᠤᠯᠠ᠂ ᠭᠠᠳᠠᠨ᠎ᠠ ᠨᠢᠺᠠ ᠡᠪᠦᠯ ᠣᠪᠣᠭᠠᠯᠠᠵᠤ ᠳᠠᠯᠪᠢᠪᠠᠯ ᠰᠠᠯᠭᠢᠨ ᠵᠢᠪᠠᠷ ᠲᠤ ᠠᠶᠠᠠᠳᠠᠭᠠᠨ ᠭᠡᠢ᠌ᠰᠴᠤ ᠣᠨᠤᠬᠤ ᠪᠣᠶᠤ ᠬᠠᠳᠠᠵᠤ ᠣᠨᠠᠳᠠᠭ᠃ ᠳᠠᠷᠠᠭ᠎ᠠ ᠬᠠᠪᠣᠷ ᠨᠢ ᠬᠠᠰᠢᠶᠠᠯᠠᠬᠤ ᠦᠶᠡᠰ ᠳᠠᠭᠢᠨ ᠰᠠᠪᠠᠷ ᠶᠢᠡᠷ ᠰᠠᠮᠠᠷᠠᠨ ᠭᠡᠢ᠌ᠰᠭᠡᠵᠤ ᠬᠠᠰᠢᠶᠠᠯᠠᠪᠠᠯ ᠦᠨᠳᠦᠰᠦᠨ ᠳᠡᠭᠡᠨ ᠬᠤᠭ ᠦᠭᠡᠶ ᠪᠠᠢ᠌ᠵᠤ ᠳᠤᠮᠳᠠ ᠨᠢ ᠭᠦᠯᠳᠡᠭᠦᠤ ᠭᠠᠷᠬᠤ ᠦᠭᠡᠶ ᠴᠠᠪᠠᠷ ᠰᠠᠢ᠌ᠬᠠᠨ ᠬᠠᠰᠢᠶᠠᠯᠠᠵᠤ ᠴᠢᠳᠠᠳᠠᠭ᠃ ᠭᠦᠯᠳᠡᠭᠦᠰᠤ ᠶᠢᠨ ᠭᠡᠮᠭᠡᠳᠡᠭ᠌ ᠢ ᠨᠢ ᠰᠠᠯᠭᠢᠨ ᠳᠤ ᠭᠡᠢ᠌ᠰᠭᠡᠵᠤ ᠬᠠᠮᠤᠭ ᠰᠡᠭᠦᠯ ᠳ᠋ᠤᠨᠢ ᠠᠷᠭᠠᠯ ᠤᠨ ᠫᠠᠢ᠌ᠰᠠᠨ ᠤ ᠳᠡᠭᠡᠷᠡᠭᠢ ᠱᠤᠪᠣᠭᠤᠷ ᠣᠷᠤᠢ ᠳᠡᠭᠡᠷ᠎ᠡ ᠨᠢ ᠬᠠᠶᠠᠵᠤ᠂ ᠵᠤᠨ ᠪᠣᠷᠤᠭᠠᠨ ᠣᠰᠤ ᠨᠠᠪᠴᠢᠨ ᠣᠷᠤᠬᠤ ᠶᠢ ᠰᠡᠷᠭᠡᠢ᠌ᠯᠡᠳᠡᠭ᠌ ᠶᠤᠮ᠃

ᠮᠠᠯᠴᠢᠳ ᠬᠠᠪᠣᠷ ᠤᠨ ᠬᠠᠰᠢᠶᠠᠯᠠᠭᠰᠠᠨ ᠠᠷᠭᠠᠯ ᠶᠢᠡᠨ ᠵᠤᠨ ᠨᠡᠭᠡᠭᠡᠵᠤ ᠳᠦᠯᠦᠭᠦ ᠦᠭᠡᠶ᠂ ᠵᠤᠨ ᠳᠦᠯᠠᠪᠠᠯ ᠪᠣᠷᠤᠭᠠᠨ ᠣᠰᠤᠨ ᠳᠤ ᠨᠤᠷᠤᠵᠤ ᠭᠡᠮᠭᠡᠷᠡᠵᠤ ᠰᠥᠢᠦᠡᠳᠡᠭ᠌᠃ ᠡᠢ᠌ᠮᠤ ᠡᠴᠡ ᠣᠯᠠᠩᠭᠢ ᠳᠠᠭᠠᠨ ᠭᠦᠯᠳᠡᠭᠦᠤ ᠣᠷᠤᠬᠤ ᠦᠶᠡᠰ ᠰᠠ‍‌ᠶᠢ ᠬᠠᠰᠢᠶ᠎ᠠ ᠲᠡᠶ ᠠᠷᠭᠠᠯ ᠶᠢᠡᠨ ᠨᠡᠭᠡᠭᠡᠵᠤ ᠳᠦᠯᠡᠳᠡᠭ᠌᠃

ᠠᠷᠭᠠᠯ ᠨᠢ ᠮᠤᠩᠭ᠋ᠤᠯ ᠭᠠᠵᠠᠷ ᠮᠠᠯᠵᠢᠬᠤ ᠣᠷᠤᠨ ᠤ ᠨᠡᠭᠦᠳᠡᠯ ᠠᠮᠢᠳᠤᠷᠠᠯ ᠤᠨ ᠣᠴᠤᠭ ᠳᠤᠯᠭ᠎ᠠ᠃ ᠬᠤᠪᠣᠩ ᠳᠤᠭᠤᠭ᠎ᠠ ᠵᠤᠤᠬ᠎ᠠ ᠳᠤ ᠴᠦᠮ ᠳᠤᠭᠢᠷᠠᠬᠤ ᠪᠦᠭᠡᠤᠨ ᠨᠤᠴᠤᠭᠠᠵᠤ ᠳᠦᠯᠡᠭᠦ ᠳ᠋ᠤ ᠭᠢᠯᠪᠠᠷ ᠣᠴᠠᠯᠢᠭ ᠲᠡᠶ ᠲᠦᠯᠡᠰᠢ ᠶᠤᠮ᠃ ᠡᠢ᠌ᠮᠤ ᠡᠴᠡ ᠮᠠᠯᠴᠢᠳ ᠭᠡᠵᠢᠶᠡᠳᠡ ᠠᠷᠭᠠᠯ ᠶᠢᠡᠷ ᠭᠤᠤᠯ ᠲᠦᠯᠡᠰᠢ ᠰᠢᠳᠠᠭᠠᠯᠭ᠎ᠠ ᠪᠣᠯᠭᠠᠳᠠᠭ᠃ ᠡᠨᠡᠭᠦ ᠠᠮᠢᠳᠤᠷᠠᠯ ᠤᠨ ᠠᠷᠭ᠎ᠠ ᠪᠠᠷᠢᠯ ᠨᠢ ᠡᠭᠡ ᠪᠠᠢ᠌ᠭᠠᠯᠢ ᠶᠢ ᠬᠠᠮᠠᠭᠠᠯᠠᠬᠤ ᠳᠤ ᠥᠵᠡᠭᠦᠯᠵᠤ ᠪᠠᠢ᠌ᠭ᠎ᠠ ᠪᠣᠳᠠᠳᠠᠢ ᠠᠵᠢᠯᠯᠠᠭᠠᠨ ᠮᠥᠷᠳᠡᠭᠡᠨ ᠮᠤᠩᠭ᠋ᠤᠯ ᠦᠨᠳᠦᠰᠦᠳᠠᠨ ᠤ ᠨᠤᠳᠤᠭ ᠣᠰᠤ ᠪᠠᠨ ᠬᠠᠢ᠌ᠷᠠᠯᠠᠵᠤ᠂ ᠡᠭᠡ ᠪᠠᠢ᠌ᠭᠠᠯᠢ ᠪᠠᠨ ᠡᠪᠳᠡᠭᠦ ᠦᠭᠡᠶ ᠡᠷᠭᠢᠮ ᠳᠡᠭᠡᠳᠤ ᠵᠠᠩ ᠴᠢᠨᠠᠷ ᠢ ᠬᠠᠷᠠᠭᠤᠯᠤᠭᠰᠠᠨ ᠶᠠᠪᠣᠳᠠᠯ ᠮᠦᠨ᠃ ᠮᠤᠩᠭ᠋ᠤᠯ ᠦᠨᠳᠦᠰᠦᠳᠠᠨ ᠤ ᠭᠢᠯᠠᠯᠵᠠᠮ᠎ᠠ ᠰᠤᠶᠤᠯ ᠤᠨ ᠦᠪ ᠳ᠋ᠠᠭᠢ ᠦᠨᠡᠳᠤ ᠡᠷᠳᠡᠨᠢ ᠭᠡᠳᠡᠭ᠌ ᠢ ᠮᠡᠳᠡᠭᠦ ᠪᠠᠷ ᠪᠠᠷᠠᠬᠤ ᠦᠭᠡᠶ ᠮᠤᠩᠭ᠋ᠤᠯ ᠭᠦᠮᠤᠨ ᠤ ᠦᠨᠡᠠᠴᠢ ᠴᠠᠢ᠌ᠯᠭᠠᠨ ᠴᠠᠪᠠᠷ ᠠᠷᠢᠭᠤᠨ ᠴᠢᠭ᠍ᠴᠢ ᠰᠢᠳᠤᠷᠭᠤ ᠲᠦᠪ ᠭᠤᠤᠯᠴᠢ ᠠᠵᠢᠯᠴᠢ ᠪᠣᠷᠤᠭᠵᠢᠭᠤᠨ ᠠᠮᠢᠳᠤᠷᠠᠯ ᠤᠨ ᠰᠤᠷᠳᠠᠯ ᠢ ᠨᠠᠩ ᠭᠦᠡᠵᠡᠭᠡᠢ ᠣᠢ᠌ᠯᠠᠭᠠᠵᠤ ᠪᠣᠯᠬᠤ ᠶᠤᠮ᠃

2008 ᠣᠨ ᠤ 5 ᠰᠠᠷ᠎ᠠ ᠶᠢᠨ 6 ᠊ᠤ ᠡᠳᠦᠷ᠎ᠡ

ᠵᠤᠬᠢᠶᠠᠭᠴᠢ᠄ ᠰᠠᠴᠠᠠᠪᠠᠳᠤ
ᠢᠷᠡᠯᠲᠡ᠄ ᠰᠠᠴᠠᠠᠪᠠᠳᠤ
ᠬᠠᠷᠢᠶ᠎ᠠ᠄ ᠵᠠᠩ ᠤᠢ᠌ᠯᠠ
ᠳᠠᠷᠤᠮ᠄ 7458
ᠴᠠᠭ᠄ 2008 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ