ᠨᠡᠪᠲᠡᠷᠡᠨ ᠤᠷᠤᠬᠤ
ᠭᠦᠭᠡ ᠨᠠᠭᠤᠷ ᠡ

ᠰᠡᠳᠭᠢᠯ ᠤᠨ ᠵᠥᠭᠡᠯᠡᠨ ᠡᠭᠡᠰᠢᠭ᠌ ᠵᠢᠠᠷ

ᠰᠠᠷᠠᠯ ᠤᠨ ᠠᠯᠳᠠᠨ ᠵᠠᠩᠭᠢᠷᠠᠭ᠎ᠠ ᠵᠢ

ᠳᠠᠢ᠌ᠯᠭᠠᠷᠠᠳᠠᠯ᠎ᠠ ᠢᠰᠭᠡᠷᠤᠨ ᠢᠷᠡᠳᠡᠭ᠌

ᠥᠡᠳᠦᠷᠯᠢᠭ᠌ ᠤᠨ ᠬᠠᠯᠠᠭᠤᠨ ᠮᠠᠯᠮᠠᠢ

ᠣᠷᠴᠢᠯᠠᠩ ᠤᠨ ᠮᠦᠩᠭᠦᠨ ᠳᠤᠯᠢ

ᠭᠦᠭᠡ ᠨᠠᠭᠤᠷ ᠡ︕

ᠭᠦᠭᠡᠷᠦᠭᠦᠨ ᠮᠤᠩᠭ᠋ᠤᠯ ᠪᠦᠰᠡᠭᠦᠢ ᠶᠢᠨ ᠮᠢᠨᠢ

ᠬᠤᠨᠤᠭ ᠤᠨ ᠪᠠᠷ᠎ᠠ ᠳᠤ ᠳᠤᠨᠤᠷᠠᠳᠠᠭ

ᠴᠢᠷᠮᠡᠭᠦ ᠦᠭᠡᠶ ᠳᠤᠩᠭ᠋ᠠᠯᠠᠭ ᠨᠢᠳᠤ

ᠭᠦᠳᠦᠰᠤᠨ ᠳᠠᠪᠠᠯᠳᠤ ᠡᠷᠡᠴᠦᠳ ᠤᠨ

ᠨᠤᠳᠤᠭ ᠶᠢᠡᠨ ᠰᠠᠭᠢᠭᠠᠤᠨ ᠣᠷᠤᠰᠬᠠᠭᠰᠠᠨ

ᠰᠢᠷᠭᠢᠰᠢ ᠦᠭᠡᠶ ᠠᠷᠢᠭᠤᠨ ᠴᠢᠰᠤ

ᠭᠦᠭᠡ ᠨᠠᠭᠤᠷ ᠡ︕

ᠣᠬᠠᠭᠠᠠᠳᠤ ᠪᠣᠭᠤᠷᠤᠯ ᠳᠡᠭᠡᠳᠦᠰ ᠤᠨ

ᠠᠳᠤᠭᠤ ᠪᠠᠨ ᠣᠰᠤᠯᠠᠭᠰᠠᠨ ᠨᠠᠭᠤᠷ

ᠦᠷ᠎ᠡ ᠬᠣᠢ᠌ᠴᠢᠰ ᠪᠢᠳᠠᠨ ᠤ

ᠮᠦᠷᠦᠭᠡᠳᠦᠯ ᠳᠤ ᠴᠠᠯᠭᠢᠭᠰᠠᠨ ᠨᠠᠭᠤᠷ

ᠠᠪᠣᠯᠳᠤᠵᠤ (ᠪᠠᠷᠢᠯᠳᠤᠵᠤ) ᠥᠰᠦᠭ᠍ᠰᠡᠨ ᠡᠷᠡᠴᠦᠳ ᠤᠨ

ᠰᠢᠷᠪᠣᠰᠤ ᠶᠢ ᠴᠢᠩᠭ᠋ᠠᠯᠠᠭᠰᠠᠨ ᠨᠠᠭᠤᠷ

ᠠᠵᠢᠯᠰᠠᠭ ᠬᠦᠩᠭᠡᠨ ᠡᠭᠡᠴᠦᠳ ᠤᠨ

ᠰᠦ᠋ ᠪᠠᠨ ᠡᠷᠭᠦᠭ᠍ᠰᠡᠨ ᠨᠠᠭᠤᠷ

ᠬᠤᠯᠠ ᠡᠴᠡ ᠢᠷᠡᠭ᠍ᠰᠡᠨ ᠳᠡᠭᠡᠳᠦᠰ ᠤᠨ

ᠳᠤᠭᠤᠰᠤ ᠪᠠᠨ ᠭᠦᠪᠢᠭ᠍ᠰᠡᠨ ᠨᠠᠭᠤᠷ

ᠬᠤᠨ ᠰᠢᠭ ᠨᠡᠭᠦᠳᠡᠭ᠌ ᠮᠠᠨᠠᠢ᠌ᠭᠢᠨ ᠤ

ᠳᠤᠰᠤ ᠪᠠᠷ ᠳᠠᠭᠢᠭᠰᠠᠨ ᠨᠠᠭᠤᠷ

ᠴᠡᠴᠡᠭ᠌ ᠤᠨ ᠰᠠᠢ᠌ᠬᠠᠨ ᠪᠠᠯᠴᠢᠭᠡᠷ ᠵᠢᠠᠨ

ᠭᠦᠪᠠᠭᠡᠨ ᠳᠡᠭᠡᠨ ᠳᠤᠭᠯᠠᠭᠤᠯᠤᠭᠰᠠᠨ ᠨᠠᠭᠤᠷ

ᠴᠠᠴᠠᠨ ᠬᠤᠭᠤᠯᠠᠢ᠌ᠳᠤ ᠰᠢᠪᠠᠭᠤᠳ ᠶᠢᠡᠨ

ᠭᠦᠢᠰᠤᠨ ᠳᠡᠭᠡᠨ ᠣᠮᠪᠠᠭᠤᠯᠤᠭᠰᠠᠨ ᠨᠠᠭᠤᠷ︕

ᠵᠢᠷᠦᠭᠡᠨ ᠴᠡᠩᠭᠡᠷ ᠨᠠᠭᠤᠷ ᠶᠢᠡᠨ ᠡᠷᠭᠢᠭᠡᠭᠡᠳ

ᠠᠭᠤᠯᠠ ᠳᠠᠯ᠎ᠠ ᠨᠢ ᠳᠤᠭᠳᠤᠯᠤᠨ ᠪᠠᠢ᠌ᠨ᠎ᠠ

ᠵᠢᠰᠤᠯᠠᠵᠤ ᠬᠠᠢ᠌ᠷᠠᠯᠭᠰᠠᠨ ᠮᠤᠩᠭ᠋ᠤᠯ ᠨᠠᠷᠠᠰ

ᠨᠡᠷᠡᠯᠡᠭ᠍ᠰᠡᠨ ᠡᠵᠡᠨ ᠶᠢᠡᠨ ᠥᠭᠡᠢ᠌ᠯᠡᠨ ᠪᠠᠢ᠌ᠨ᠎ᠠ

ᠭᠦᠯ ᠤᠨ ᠮᠦᠷ ᠲᠡᠶ ᠴᠢᠯᠠᠭᠤᠳ ᠨᠢ

ᠭᠦᠮᠤᠨ ᠤ ᠨᠤᠳᠤᠭ ᠲᠤ ᠪᠣᠳᠠᠷᠠᠨ ᠪᠠᠢ᠌ᠨ᠎ᠠ

ᠭᠦᠯᠦᠰᠤᠨ ᠤ ᠦᠨᠦᠷ ᠲᠡᠶ ᠣᠪᠣᠭ᠎ᠠ ᠨᠢ

ᠭᠦᠨᠡᠢ᠌ᠷᠭᠡᠵᠤ ᠴᠢᠳᠠᠬᠤ ᠦᠭᠡᠶ ᠰᠦᠨᠳᠠᠷᠯᠠᠨ ᠪᠠᠢ᠌ᠨ᠎ᠠ

ᠣᠤᠭᠤᠭᠠᠤᠨ ᠬᠠᠨᠤᠰᠢ ᠦᠭᠡᠶ ᠭᠦᠢᠳᠡᠨ ᠣᠰᠤ

ᠣᠷᠤᠭᠤᠯ ᠶᠢᠡᠷ ᠪᠢᠰᠢ ᠰᠤᠳᠠᠯ ᠶᠢᠡᠷ ᠣᠷᠤᠰᠤᠨ᠎ᠡ

ᠳᠡᠭᠦᠭᠡᠳ ᠪᠠᠷᠠᠭᠳᠠᠬᠤ ᠦᠭᠡᠶ ᠪᠣᠮᠠᠨ ᠴᠡᠴᠡᠭ᠌ ᠤᠳ

ᠬᠠᠷᠠᠭᠠᠨ ᠳᠤ ᠪᠢᠰᠢ ᠰᠠᠨᠠᠭᠠᠨ ᠳᠤ ᠳᠡᠯᠭᠡᠷᠡᠨ᠎ᠡ

ᠳᠡᠭᠡᠳᠦᠰ ᠤᠨ ᠨᠠᠮᠤᠷᠵᠢᠭᠰᠠᠨ ᠭᠦᠭᠡ ᠪᠠᠭᠤᠷᠢ ᠵᠢᠨ

ᠬᠤᠷᠭᠤᠯ ᠨᠢ ᠭᠦᠷᠳᠡᠯ᠎ᠡ ᠵᠢᠷᠦᠭᠡᠨ ᠳᠡᠭᠡᠷ᠎ᠡ ᠪᠦᠮᠪᠣᠷᠢᠨ᠎ᠡ

ᠳᠡᠭᠡᠯᠡᠢ ① ᠪᠠᠨ ᠪᠠᠷᠢᠭᠰᠠᠨ ᠳᠤᠯᠠᠭᠠᠨ ᠡᠭᠡᠪᠦᠷ ᠤᠨ

ᠰᠢᠷᠤᠢ ᠨᠢ ᠪᠣᠯᠪᠠᠴᠤ ᠵᠡᠭᠦᠳᠤᠨ ᠳᠤ ᠳᠤᠭᠤᠰᠤᠷᠠᠨ᠎ᠡ

ᠭᠡᠷ ᠶᠢᠡᠨ ᠠᠴᠢᠭᠠᠤᠨ ᠨᠡᠭᠦᠳᠡᠯᠯᠡᠵᠤ ᠢᠷᠡᠭ᠍ᠰᠡᠨ

ᠡᠯᠦᠡᠴᠡ ᠳᠡᠭᠡᠳᠦᠰ ᠤᠨ ᠦᠷᠤᠮᠠᠨ ᠰᠢᠷᠭᠠᠯ ᠭᠦᠰᠡᠯ

ᠭᠦᠭᠡ ᠨᠠᠭᠤᠷ ᠡ

ᠭᠡᠳᠡᠷᠭᠦ ᠪᠠᠨ ᠣᠷᠤᠰᠴᠤ ᠴᠢᠳᠠᠯ ᠦᠭᠡᠶ ᠬᠠᠳᠠᠭᠰᠠᠨ

ᠬᠤᠭᠤᠯᠠᠢ ᠳᠠᠪᠠᠬᠤ ᠦᠭᠡᠶ ᠳᠡᠭᠡᠭᠡᠭᠯᠡᠭᠦ

ᠭᠠᠭᠴᠠ ᠪᠠᠯᠭᠤᠮ ᠭᠠᠰᠢᠭᠤᠨ ᠣᠰᠤ ᠴᠤ

ᠭᠦᠭᠡ ᠨᠠᠭᠤᠷ ᠡ︕

ᠮᠤᠷᠢᠨ ᠳᠤᠭᠤᠷᠠᠢ ᠪᠠᠷ ᠭᠠᠵᠠᠷ ᠳᠠᠮᠠᠭᠠᠯᠠᠭᠰᠠᠨ ᠮᠤᠩᠭ᠋ᠤᠯᠴᠤᠳ ᠤᠨ

ᠮᠥᠩᠭᠡ ᠳᠡᠭ᠍ᠷᠢ ᠳᠤ ᠡᠷᠭᠦᠭ᠍ᠰᠡᠨ ᠰᠡᠳᠭᠢᠯ ᠤᠨ ᠰᠠᠴᠤᠯᠢ

ᠭᠦᠭᠡ ᠨᠠᠭᠤᠷ ᠡ︕

ᠭᠦᠷᠦᠰᠤᠨ ᠤ ᠰᠢᠷᠤᠢ ᠪᠠᠨ ᠭᠦᠡᠳᠡᠳᠡᠭ᠌ ᠦᠭᠡᠶ ᠳᠤ ᠨᠢ

ᠭᠦᠭᠡ ᠳᠡᠭ᠍ᠷᠢ ᠡᠴᠡ ᠮᠤᠩᠭ᠋ᠤᠯᠴᠤᠳ ᠲᠤ ᠪᠠᠯᠡᠭᠯᠡᠭ᠍ᠰᠡᠨ

ᠬᠠᠢ᠌ᠷ᠎ᠠ ᠶᠢᠨ ᠭᠡᠰᠢᠭ᠌ ᠴᠤ ᠭᠦᠭᠡ ᠨᠠᠭᠤᠷ ᠡ︕

ᠪᠣᠷᠬᠠᠨ ᠪᠠᠭᠰᠢ ᠡᠴᠡ ᠬᠠᠢ᠌ᠷᠠᠯᠠᠭᠰᠠᠨ

ᠡᠷᠢᠭᠡᠳ ᠣᠯᠳᠠᠳᠠᠭ ᠦᠭᠡᠶ ᠷᠠᠰᠢᠶᠠᠨ

ᠭᠦᠭᠡ ᠨᠠᠭᠤᠷ ᠶᠤᠮ︕

ᠪᠣᠭᠢᠷᠴᠤ (ᠰᠥᠭᠦᠳᠴᠤ) ᠰᠠᠭᠤᠭᠠᠤᠨ ᠭᠤᠶᠤᠭᠰᠠᠨ ᠴᠤ

ᠪᠣᠴᠠᠭᠠᠵᠤ ᠦᠭ‍ᠭᠦ ᠡᠴᠡ ᠥᠩᠭᠡᠷᠡᠭ᠍ᠰᠡᠨ ᠠᠮᠢᠳᠤ ② ᠪᠠᠯᠴᠢᠭᠡᠷ

ᠭᠦᠭᠡ ᠨᠠᠭᠤᠷ ᠶᠤᠮ︕

ᠨᠤᠳᠤᠭ ᠶᠢᠡᠨ ᠠᠯᠳᠠᠭᠠᠤᠨ ᠬᠠᠷᠠᠮᠰᠠᠬᠤ ᠵᠢᠨ

ᠭᠦᠡᠳᠤ ᠭᠤᠨᠢᠭ ᠤᠨ ᠭᠠᠰᠢᠭᠤᠨ ᠢ

ᠬᠤᠷᠸ᠎ᠠ ᠳᠤ ᠳᠠᠨᠢᠭᠤᠯᠤᠭᠰᠠᠨ ᠠᠩᠬᠠᠨ ᠭᠢᠴᠢᠶᠠᠯ ᠴᠢ ᠶᠤᠮ

ᠭᠦᠭᠡ ᠨᠠᠭᠤᠷ ᠡ︕

ᠭᠦᠮᠤᠨ ᠳᠤ ᠨᠤᠳᠤᠭ ᠶᠢᠡᠨ ᠠᠯᠳᠠᠭᠠᠤᠨ

ᠦᠪᠡᠷ ᠶᠢᠡᠨ ᠬᠤᠭᠤᠰᠤᠨ ᠰᠠᠭᠤᠬᠤ ᠶᠢᠨ ᠵᠤᠪᠠᠯᠠᠩ ᠢ

ᠦᠷᠦᠭᠡᠯ ᠳᠤ ᠰᠢᠪᠠᠨᠡᠭ᠍ᠰᠡᠨ ᠬᠠᠳᠠᠭᠤ ᠰᠤᠷᠭᠠᠮᠵᠢ ᠴᠤ ᠴᠢ ᠶᠤᠮ

ᠭᠦᠭᠡ ᠨᠠᠭᠤᠷ ᠡ︕

ᠨᠤᠳᠤᠭ ᠤᠨ ᠢᠪᠴᠤᠤ ᠳᠤ ᠰᠢᠬᠠᠭᠳᠠᠭᠠᠤᠨ

ᠭᠠᠰᠠᠯᠠᠩ ᠳᠤ ᠴᠠᠳᠤᠭᠰᠠᠨ ᠮᠤᠩᠭ᠋ᠤᠯᠴᠤᠳ ᠤᠨ

ᠦᠨᠢᠳᠠ ᠶᠢᠨ ᠴᠡᠭᠡᠷᠯᠡᠯ ᠭᠦᠭᠡ ᠨᠠᠭᠤᠷ ᠡ︕

ᠭᠠᠵᠠᠷ ᠤᠨ ᠡᠵᠡᠭᠦᠢ ᠳᠤ ᠭᠦᠭᠡᠭᠡᠭ᠍ᠳᠡᠭᠡᠳ

ᠭᠠᠷ ᠲᠤ ᠪᠠᠢ᠌ᠭᠰᠠᠨ ᠶᠢᠡᠨ ᠰᠠᠨᠠᠨ ᠣᠯᠤᠭᠰᠠᠨ

ᠣᠷᠤᠢ ᠣᠬᠠᠭᠠᠷᠠᠯ ᠴᠤ ᠭᠦᠭᠡ ᠨᠠᠭᠤᠷ ᠡ

ᠭᠦᠭᠡ ᠨᠠᠭᠤᠷ︕



① ᠣᠳᠤᠷ ᠨᠡᠭᠦᠳᠡᠯ ᠳᠤ ᠶᠠᠪᠣᠬᠤ ᠳᠤ ᠪᠠᠷᠢᠳᠠᠭ ᠳᠤᠭᠤᠨᠤ ᠦᠭᠡᠶ ᠳᠦᠭᠦᠮ ᠭᠡᠷ

② ᠦᠩ ᠰᠢᠮᠡᠯᠡᠭ᠌ ᠪᠠᠯᠴᠢᠭᠡᠷ


ᠵᠤᠬᠢᠶᠠᠭᠴᠢ ᠶᠢᠨ ᠬᠠᠶ‍ᠢᠭ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠪᠠᠭ᠎ᠠ ᠰᠤᠠᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ