ᠨᠡᠪᠲᠡᠷᠡᠨ ᠤᠷᠤᠬᠤ
ᠴᠡᠷᠢᠭ᠌ ᠡᠷ᠎ᠡ ᠶᠢᠨ ᠳᠠᠷ᠎ᠠ

ᠴᠡᠷᠢᠭ᠌ ᠡᠷ᠎ᠡ ᠳᠠᠷ᠎ᠠ ᠥᠭᠡᠢ ᠲ᠋ᠦᠯᠡ

ᠴᠡᠴᠡᠭ᠌ ᠳᠠᠷᠠᠯᠠᠵᠤ ᠬᠤᠨᠤᠳᠠᠭ ᠶᠤᠮ᠂

ᠴᠡᠩᠭᠡᠷ ᠳᠡᠭ᠍ᠷᠢ ᠶᠢᠨ ᠣᠷᠤᠨ ᠤ ᠪᠠᠨ

ᠣᠳᠤᠳ ᠢ ᠪᠦᠪᠠᠢ᠌ᠯᠠᠵᠤ ᠬᠤᠨᠤᠳᠠᠭ ᠶᠤᠮ᠃

ᠴᠡᠭᠡ ᠠᠭᠤᠰᠤᠭᠰᠠᠨ ᠳᠠᠯ᠎ᠠ ᠶᠢᠨ ᠵᠢᠠᠨ

ᠰᠠᠯᠭᠢ ᠶᠢ ᠳᠠᠷᠠᠯᠠᠵᠤ ᠬᠤᠨᠤᠳᠠᠭ ᠶᠤᠮ᠂

ᠴᠠᠴᠠᠨ ᠮᠤᠩᠭ᠋ᠤᠯ ᠣᠬᠠᠭᠠᠨ ᠤ ᠪᠠᠨ

ᠭᠡᠢ᠌ᠮᠦᠷᠢ ᠶᠢ ᠪᠠᠳᠠᠷᠭᠠᠵᠤ ᠬᠤᠨᠤᠳᠠᠭ ᠶᠤᠮ᠃

ᠬᠤᠯᠠ ᠶᠢᠨ ᠪᠣᠳᠤᠯ ᠲᠡᠶ ᠠᠪᠣ ᠶᠢᠨ ᠵᠢᠠᠨ

ᠵᠠᠭᠢᠶ᠎ᠠ ᠶᠢ ᠳᠠᠷᠠᠯᠠᠵᠤ ᠬᠤᠨᠤᠳᠠᠭ ᠶᠤᠮ

ᠬᠤᠩᠭ᠋ᠤᠷ ᠬᠠᠢ᠌ᠷ᠎ᠠ ᠲᠡᠶ ᠡᠵᠢ ᠶᠢᠨ ᠵᠢᠠᠨ

ᠢᠷᠦᠭᠡᠯ ᠳᠤ ᠵᠢᠷᠭᠠᠨ ᠬᠤᠨᠤᠳᠠᠭ ᠶᠤᠮ᠂

ᠬᠤᠷᠸ᠎ᠠ ᠳᠤ ᠭᠠᠭᠴᠠ ᠨᠥᠭᠦᠷ ᠤᠨ ᠵᠢᠠᠨ

ᠢᠳᠡᠭᠡᠯ ᠢ ᠳᠠᠷᠠᠯᠠᠵᠤ ᠬᠤᠨᠤᠳᠠᠭ ᠶᠤᠮ᠂

ᠬᠤᠤᠰ ᠦᠭᠡᠶ ᠰᠠᠢ᠌ᠬᠠᠨ ᠠᠷᠠᠤᠨ ᠤᠨ ᠵᠢᠠᠨ

ᠵᠠᠶᠠᠭ᠎ᠠ ᠶᠢ ᠮᠠᠨᠠᠵᠤ ᠬᠤᠨᠤᠳᠠᠭ ᠶᠤᠮ᠃

ᠴᠡᠷᠢᠭ᠌ ᠡᠷ᠎ᠡ ᠳᠠᠷ᠎ᠠ ᠦᠭᠡᠶ ᠭᠡᠵᠤ

ᠴᠢ ᠯᠠᠪ ᠭᠠᠢ᠌ᠬᠠᠭᠰᠠᠨ ᠪᠠᠢ᠌ᠯᠭᠦᠢ

ᠡᠢ᠌ᠮᠤ ᠯᠠ ᠣᠯᠠᠨ ᠳᠠᠷ᠎ᠠ ᠲᠡᠶ ᠭᠦᠮᠤᠨ

ᠡᠨᠡ ᠬᠤᠷᠸ᠎ᠠ ᠳᠤ ᠬᠤᠪᠣᠷ ᠶᠤᠮ ᠰᠢᠤ᠂

ᠡᠷ᠎ᠡ ᠴᠡᠷᠢᠭ᠌ ᠤᠨ ᠳᠠᠷ᠎ᠠ ᠳ᠋ᠤ

ᠡᠭᠡ ᠣᠷᠤᠨ ᠨᠢ ᠪᠠᠢ᠌ᠳᠠᠭ ᠲ᠋ᠤᠯᠠ

ᠡ᠊ᠨᠳᠡᠭᠡᠤᠨ ᠳᠠᠳᠠ ᠣᠨᠠᠬᠤ ᠳᠠᠭᠠᠨ ᠴᠤ

ᠡᠯᠢᠭᠡ ᠪᠠᠷ ᠶᠢᠡᠨ ᠭᠠᠵᠠᠷ ᠳᠡᠷᠡᠯᠡᠳᠡᠭ᠌ ᠶᠤᠮ᠃

ᠤᠯᠡᠢ᠌ᠵᠤ ᠰᠢᠩᠭᠡᠭᠦ ᠨᠠᠷᠠᠨ ᠤ

ᠪᠣᠳᠤᠭ ᠊ᠢ ᠨᠡᠪᠴᠢᠭᠡᠵᠤ ᠣᠨᠠᠳᠠᠭ ᠴᠤ

ᠣᠶᠠᠩᠭ᠋ᠠᠳᠠᠢ ᠴᠠᠩᠭᠢᠨᠠᠬᠤ ᠪᠦᠷᠢᠶᠡᠨ ᠤ

ᠡᠭᠡᠰᠢᠭ᠌ ᠢ ᠭᠦᠭᠯᠡᠵᠤ ᠪᠣᠰᠳᠠᠭ ᠶᠤᠮ

ᠲᠦᠷᠦ ᠶᠢᠨ ᠰᠠᠢ᠌ᠬᠠᠨ ᠰᠦᠯᠳᠡ ᠪᠠᠨ

ᠳᠦᠰᠢᠭᠡᠤᠨ ᠲ᠋ᠡᠷᠡ ᠥᠡᠳᠡᠢ᠌ᠳᠡᠭ᠌ ᠶᠤᠮ

ᠳᠦᠭ᠍ᠰᠢᠭᠦᠷᠢᠳᠤ ᠳᠠᠢ᠌ᠨ ᠤ ᠭᠠᠯ ᠢ

ᠳᠦᠰᠦᠷᠭᠦ ᠴᠢᠰᠤ ᠪᠠᠷ ᠶᠢᠡᠨ ᠣᠠᠳᠠᠷᠭᠠᠳᠠᠭ ᠶᠤᠮ᠃

ᠴᠡᠷᠢᠭ᠌ ᠡᠷ᠎ᠡ ᠣᠳᠤ ᠳᠠᠷᠠᠯᠠᠵᠤ

ᠴᠡᠴᠡᠭ᠌ ᠮᠠᠨᠠᠵᠤ ᠬᠤᠨᠤᠳᠠᠭ ᠶᠤᠮ

ᠴᠡᠩᠭᠡᠷ ᠳᠡᠭ᠍ᠷᠢ ᠶᠢᠨ ᠣᠷᠤᠨ ᠤ ᠪᠠᠨ

ᠬᠠᠢ᠌ᠷ᠎ᠠ ᠶᠢᠨ ᠪᠦᠪᠠᠢ ᠶᠢ ᠭᠢᠩᠰᠢᠳᠡᠭ᠌ ᠶᠤᠮ᠂

ᠴᠡᠷᠢᠭ᠌ ᠡᠷ᠎ᠡ ᠶᠢᠨ ᠳᠠᠷ᠎ᠠ ᠳ᠋ᠤ

ᠡᠭᠡ ᠣᠷᠤᠨ ᠨᠢ ᠪᠠᠢ᠌ᠳᠠᠭ ᠶᠤᠮ

ᠴᠡᠯᠮᠡᠭ᠌ ᠨᠠᠷ᠎ᠠ ᠲᠡᠶ ᠣᠷᠤᠨ ᠤ ᠭᠢᠨᠢ

ᠡᠩᠭᠡ ᠳᠠᠢ᠌ᠪᠣᠩ ᠴᠤ ᠪᠠᠭᠳᠠᠳᠠᠭ ᠶᠤᠮ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2992
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ