☆ ᠪᠠᠶᠠᠠᠪᠣᠯᠠᠭ
ᠨᠢᠭᠡ ᠯᠠ ᠥᠭᠡ ᠶᠢᠨ ᠣᠴᠢᠷ
ᠨᠢᠭᠡ ᠯᠠ ᠥᠭᠡᠨ ᠡᠴᠡ
ᠭᠦᠮᠦᠰ ᠢᠳᠡᠭᠡᠯ ᠪᠠᠭᠤᠷᠠᠵᠤ ᠮᠠᠳᠠᠨ᠎ᠠ
ᠨᠢᠭᠡ ᠯᠠ ᠥᠭᠡᠨ ᠡᠴᠡ
ᠭᠦᠮᠦᠰ ᠨᠥᠭᠡᠨ ᠳᠤ ᠣᠨᠠᠵᠤ ᠮᠠᠳᠠᠨ᠎ᠠ
ᠨᠢᠭᠡ ᠯᠠ ᠥᠭᠡ ᠴᠢᠮᠢ᠋ᠢ
ᠪᠠᠶᠠᠷᠯᠠᠭᠤᠯᠵᠤ ᠴᠤ ᠮᠠᠳᠠᠨ᠎ᠠ
ᠭᠤᠮᠤᠳᠠᠭᠠᠵᠤ ᠴᠤ ᠮᠠᠳᠠᠨ᠎ᠠ
ᠨᠢᠭᠡ ᠯᠠ ᠥᠭᠡ ᠳᠠ ᠬᠤᠶᠠᠷ ᠢ
ᠤᠢ᠌ᠷᠠᠳᠤᠭᠤᠯᠵᠤ ᠴᠤ ᠮᠠᠳᠠᠨ᠎ᠠ
ᠬᠤᠯᠠᠳᠠᠭᠤᠯᠵᠤ ᠴᠤ ᠮᠠᠳᠠᠨ᠎ᠠ
ᠨᠢᠭᠡ ᠯᠠ ᠥᠭᠡ ᠴᠢᠮᠢ᠋ᠢ
ᠮᠡᠭᠡᠯᠡᠵᠤ ᠴᠤ ᠮᠠᠳᠠᠨ᠎ᠠ
ᠮᠦᠷᠦᠭᠡᠳᠴᠤ ᠴᠤ ᠮᠠᠳᠠᠨ᠎ᠠ
ᠨᠢᠭᠡ ᠯᠠ ᠥᠭᠡ
ᠨᠥᠭᠦᠤᠨ ᠤᠨ ᠬᠠᠢ᠌ᠷ᠎ᠠ ᠪᠠᠷ
ᠡᠷᠭᠦᠵᠤ ᠴᠤ ᠮᠠᠳᠠᠨ᠎ᠠ
ᠨᠥᠭᠦᠷ ᠤᠨ ᠮᠠᠭᠤ ᠪᠠᠷ
ᠥᠭᠡᠢ᠌ᠭᠢᠵᠤ ᠴᠤ ᠮᠠᠳᠠᠨ᠎ᠠ
ᠨᠢᠭᠡ ᠯᠠ ᠥᠭᠡ ᠭᠡᠵᠤ ᠪᠣᠤ ᠪᠠᠰᠤ
ᠨᠢᠭᠡ ᠨᠢᠭᠡ ᠪᠠᠷ ᠶᠢᠡᠨ ᠶᠤᠰᠤ ᠪᠢᠯᠠ
ᠨᠠᠢ᠌ᠳᠠ ᠶᠢᠨ ᠶᠠᠪᠣᠭᠰᠠᠨ ᠵᠠᠮ ᠶᠤᠮ
ᠨᠡᠢ᠌ᠭᠡᠮ ᠳᠤ ᠳᠤᠷᠠᠢ᠌ᠭᠰᠠᠨ ᠮᠦᠷ ᠶᠤᠮ
ᠵᠤᠬᠢᠶᠠᠭᠴᠢ ᠶᠢᠨ ᠬᠠᠶᠢᠭ᠄ ᠠᠷᠤ ᠬᠤᠷᠴᠢᠨ
ᠵᠤᠬᠢᠶᠠᠭᠴᠢ᠄ ᠪᠠᠶᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ