☆ ᠪᠣᠷᠵᠢᠭᠢᠨ ᠷᠢᠠᠴᠢᠨ
ᠠᠳᠤᠭᠤ ᠦᠣᠷᠰᠠᠨ᠎ᠡ
ᠳᠠᠭ᠎ᠠ ᠪᠠᠷ ᠶᠢᠡᠨ ᠳᠠᠪᠭᠢᠳᠠᠭ ᠳᠠᠯ᠎ᠠ ᠮᠢᠨᠢ
ᠬᠠᠮᠢᠭ᠎ᠠ ᠪᠠᠢ᠌ᠨ᠎ᠠ᠂ ᠡᠵᠡᠨ ᠮᠢᠨᠢ ᠭᠡᠵᠤ
ᠳᠠᠷᠬᠠᠨ ᠪᠠᠯᠴᠢᠳᠡᠭ᠌ ᠰᠦᠷᠦᠭ᠌ ᠮᠢᠨᠢ
ᠬᠠᠮᠢᠭ᠎ᠠ ᠪᠠᠢ᠌ᠨ᠎ᠠ᠂ ᠭᠦᠮᠤᠨ ᠮᠢᠨᠢ ᠭᠡᠵᠤ
ᠠᠽᠢ ᠧᠦ᠋ᠷᠦᠫᠠ ᠶᠢ ᠳᠤᠭᠤᠷᠠᠢ ᠪᠠᠷ ᠶᠢᠡᠨ ᠭᠡᠮᠵᠢᠭ᠍ᠰᠡᠨ ᠨᠢ
ᠳᠡᠦᠭᠡ ᠪᠠᠢ᠌ᠨ᠎ᠠ᠂ ᠮᠤᠩᠭ᠋ᠤᠯ ᠮᠢᠨᠢ ᠭᠡᠵᠤ
ᠠᠶᠠᠨ ᠳᠠᠢ᠌ᠨ ᠳᠤ ᠬᠠᠨᠢ ᠪᠣᠯᠤᠭᠰᠠᠨ
ᠭᠦᠯᠦᠭ᠌ ᠴᠢᠨᠢ ᠪᠠᠢ᠌ᠨ᠎ᠠ᠂ ᠡᠵᠡᠨ ᠮᠢᠨᠢ ᠭᠡᠵᠤ
ᠳᠤᠤᠷ ᠲᠤ ᠬᠠᠰᠢᠭᠳᠠᠭᠰᠠᠨ ᠠᠳᠤᠭᠤ ᠦᠣᠷᠰᠠᠨ᠎ᠡ
ᠳᠤᠭᠤᠬᠤ ᠴᠤ ᠦᠭᠡᠶ ᠳᠡᠭ᠍ᠷᠢ ᠳᠤᠪ ᠳᠤᠭᠤᠢ
ᠪᠠᠯᠴᠢᠭᠡᠷ ᠣᠰᠤ ᠮᠢᠨᠢ ᠣᠷᠠᠩ ᠰᠠᠷᠠᠩ
ᠵᠡᠮᠳᠡᠭ᠍ᠷᠡᠵᠤ ᠪᠠᠢ᠌ᠨ᠎ᠠ᠂ ᠨᠤᠳᠤᠭ ᠮᠢᠨᠢ ᠭᠡᠵᠤ
ᠪᠠᠶ᠎ᠠ ᠮᠢᠨᠢ ᠬᠠᠰᠢᠭᠳᠠᠭᠠᠤᠨ ᠳᠠᠪᠭᠢᠵᠤ ᠴᠢᠳᠠᠬᠤ ᠥᠭᠡᠢ
ᠰᠤᠯᠠᠷᠠᠵᠤ ᠪᠠᠢ᠌ᠨ᠎ᠠ᠂ ᠡᠵᠡᠨ ᠮᠢᠨᠢ ᠭᠡᠵᠤ
ᠪᠠᠢ᠌ᠭᠠᠯᠢ ᠭᠢᠯᠢᠩᠨᠡᠭᠡᠳ ᠡᠯᠡᠰᠤᠨ ᠳᠠᠰᠢᠭᠤᠷ ᠶᠢᠡᠷ ᠵᠢᠠᠨ
ᠭᠤᠶᠠᠳᠠᠵᠤ ᠪᠠᠢ᠌ᠨ᠎ᠠ᠂ ᠬᠠᠷ᠎ᠠ ᠳᠡᠷᠢᠭᠦᠳᠡᠨ ᠮᠢᠨᠢ ᠭᠡᠵᠤ
ᠪᠠᠶᠠᠨ ᠰᠦᠷᠦᠭ᠌ ᠮᠢᠨᠢ ᠣᠨ ᠵᠠᠭᠤᠨ ᠤ ᠵᠤᠯᠠᠢ ᠪᠠᠷ
ᠶᠦᠷᠭᠦᠨ ᠬᠠᠳᠠᠷᠢᠭᠰᠠᠨ ᠮᠦᠷ ᠨᠢ ᠬᠠᠯᠠᠭᠤᠬᠠᠨ ᠪᠠᠢ᠌ᠨ᠎ᠠ ᠭᠡᠵᠤ
ᠪᠣᠭᠤᠷᠤᠯ ᠠᠳᠤᠭᠤ ᠦᠣᠷᠰᠠᠨ᠎ᠡ
ᠪᠣᠷᠬᠠᠨ ᠳᠤᠮᠪᠣᠢ᠌ᠭᠠᠤᠨ ᠳᠠᠭᠤᠨ ᠥᠭᠡᠢ
ᠠᠳᠤᠭᠤ ᠦᠣᠷᠰᠠᠨ᠎ᠡ
ᠠᠯᠳᠠᠨ ᠳᠠᠯ᠎ᠠ ᠪᠠᠨ ᠭᠡᠵᠤ ᠦᠣᠷᠰᠠᠨ᠎ᠡ
ᠠᠶᠠᠨ ᠨᠡᠭᠦᠳᠡᠯ ᠶᠢᠡᠨ ᠭᠡᠵᠤ ᠦᠣᠷᠰᠠᠨ᠎ᠡ
ᠠᠯᠳᠠᠨ ᠳᠤᠪᠴᠢᠶᠠᠨ ᠡᠴᠠ ᠦᠣᠷᠰᠠᠨ᠎ᠡ
ᠠᠳᠤᠭᠤ ᠦᠣᠷᠰᠠᠨ᠎ᠡ
ᠨᠤᠳᠤᠭ ᠤᠨ ᠨᠠᠷᠠ ᠪᠠᠷ ᠦᠣᠷᠰᠠᠨ᠎ᠡ
ᠨᠤᠮ ᠤᠨ ᠴᠠᠳᠢᠭ ᠶᠢᠡᠷ ᠦᠣᠷᠰᠠᠨ᠎ᠡ
ᠨᠢᠭᠤᠴᠠ ᠳᠤᠪᠴᠢᠶᠠᠨ ᠡᠴᠠ ᠦᠣᠷᠰᠠᠨ᠎ᠡ
ᠠᠳᠤᠭᠤ ᠦᠣᠷᠰᠠᠨ᠎ᠡ
ᠡᠪᠠᠰᠤ ᠪᠠᠯᠴᠢᠭᠡᠷ ᠶᠢᠡᠨ ᠭᠡᠵᠤ ᠦᠣᠷᠰᠠᠨ᠎ᠡ
ᠡᠭᠡ ᠪᠠᠢ᠌ᠭᠠᠯᠢ ᠪᠠᠨ ᠭᠡᠵᠤ ᠦᠣᠷᠰᠠᠨ᠎ᠡ
ᠡᠷᠳᠡᠨᠢ ᠶᠢᠨ ᠳᠤᠪᠴᠢᠶᠠᠨ ᠡᠴᠠ ᠦᠣᠷᠰᠠᠨ᠎ᠡ
ᠠᠳᠤᠭᠤ ᠦᠣᠷᠰᠠᠨ᠎ᠡ
ᠳᠤᠤᠯᠢ ᠬᠠᠢ᠌ᠯᠤᠭᠰᠠᠨ ᠴᠤᠭᠤᠷ ᠤᠨ ᠡᠭᠡᠰᠢᠭ᠌ ᠲᠤ ᠠᠳᠤᠭᠤ ᠦᠣᠷᠰᠠᠨ᠎ᠡ
ᠳᠤᠮᠤᠭ ᠶᠠᠷᠢᠭᠳᠠᠭᠰᠠᠨ ᠨᠤᠳᠤᠭ ᠤᠨ ᠳᠡᠭ᠍ᠷᠢ ᠳᠤ ᠠᠳᠤᠭᠤ ᠦᠣᠷᠰᠠᠨ᠎ᠡ
ᠳᠤᠮᠳᠠ ᠨᠠᠮᠤᠷ ᠤᠨ ᠰᠠᠷᠠᠨ ᠪᠠᠭᠤᠷᠢ ᠳᠤ ᠠᠳᠤᠭᠤ ᠦᠣᠷᠰᠠᠨ᠎ᠡ
ᠠᠳᠤᠭᠤ ᠦᠣᠷᠰᠠᠨ᠎ᠡ ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2012 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ