ᠨᠡᠪᠲᠡᠷᠡᠨ ᠤᠷᠤᠬᠤ
ᠢᠷᠠᠭᠤ ᠨᠠᠢ᠌ᠷᠠᠭᠴᠢ ᠶᠢᠨ ᠰᠦᠨᠢ

ᠴᠣᠢ᠌ᠨᠤᠮ ᠲᠡᠶ ᠬᠠᠮᠳᠤ

ᠮᠦᠷᠳᠠᠨ ᠤ ᠱᠤᠷᠦᠩ ᠳᠤ ᠭᠡᠪᠳᠡᠵᠤ ᠪᠠᠢ᠌ᠭᠰᠠᠨ

ᠪᠢᠯᠢᠭ᠌ ᠤᠨ ᠴᠠᠭᠠᠨ ᠰᠦᠨᠢ

ᠴᠤᠩᠬᠤᠨ ᠤ ᠴᠠᠭᠠᠨ᠎ᠠ ᠡᠴᠡ

ᠥᠵᠦᠭ᠌ ᠤᠨ ᠮᠢᠨᠢ ᠥᠵᠦᠭᠦᠷ ᠭᠦᠷᠳᠡᠯ᠎ᠡ

ᠥᠷᠭᠦᠯᠵᠢᠯᠡᠭᠦ ᠮᠠᠳᠤ ᠁

ᠴᠤᠮᠤᠨ ᠳᠤ ᠮᠡᠯᠮᠡᠯᠵᠡᠭ᠍ᠰᠡᠨ

ᠮᠥᠩᠭᠡ ᠶᠢᠨ ᠷᠠᠰᠢᠶᠠᠨ ᠣᠰᠤᠨ

ᠠᠭᠤᠤ ᠶᠡᠭᠡ ᠡᡁᠦᠲ᠋ᠮᠡᠨ ᠤ

ᠠᠩᠬᠠᠨ ᠤ ᠣᠩᠰᠢᠠᠠᠴᠢ ᠶᠢᠨ ᠨᠢᠳᠤ ᠬᠤᠪᠢᠯᠵᠤ

ᠨᠠᠮ᠎ᠠ ᠶᠢ

ᠴᠤᠭᠤᠷᠤᠳᠠᠯ᠎ᠠ ᠰᠢᠷᠳᠡᠭᠦ ᠮᠠᠳᠤ ᠁

ᠰᠢᠨᠤᠯ ᠳᠠᠭᠠᠨ ᠳᠡᠢ᠌ᠯᠳᠡᠭ᠍ᠰᠡᠨ ᠰᠢᠷ᠎ᠠ ᠡᠮᠡᠭᠡᠨ ᠡᠴᠡ ᠳᠠᠢ᠌ᠵᠢᠭᠰᠠᠨ

ᠫᠦᠱᠺᠢᠨ ᠤ ᠠᠯᠳᠠᠨ ᠵᠢᠭᠠᠰᠤ

ᠰᠢᠯᠦᠭ᠍ᠴᠢ ᠶᠢᠨ ᠥᠷᠦᠭᠡᠨ ᠳᠤ ᠨᠢᠭᠤᠭᠳᠠᠨ

ᠰᠢᠯ ᠰᠠᠪᠠᠨ ᠳᠤ ᠣᠩᠭ᠋ᠤᠳ ᠮᠠᠨᠠᠨ ᠳᠠᠢ᠌ᠤᠠᠬᠤᠷᠠᠬᠤ ᠮᠠᠳᠤ ᠁

ᠰᠢᠷᠡᠭᠡᠨ ᠳᠡᠭᠡᠷᠡᠭᠢ ᠬᠠᠷ᠎ᠠ ᠨᠢᠳᠤᠨ ᠢᠳᠰᠢᠠᠬᠤᠷᠯᠸ᠎ᠠ ᠶᠢᠨ ᠵᠢᠷᠤᠭ

ᠰᠢᠷᠳᠡᠭᠦᠢ ᠬᠠᠷᠠᠴᠠᠨ ᠡᠴᠡ ᠪᠠᠨ ᠰᠤᠴᠢᠨ ᠪᠦᠱᠦᠭᠦᠷᠭᠡᠭᠦ ᠮᠠᠳᠤ

ᠠᠮᠢᠳᠤ ᠶᠢᠨ ᠣᠷᠢᠨ ᠳᠠᠴᠢᠶᠠᠯ ᠭᠦᠰᠡᠵᠤ

ᠠᠶᠠᠯᠭᠤ ᠨᠢ ᠴᠠᠷᠴᠠᠭᠰᠠᠨ ᠰᠠᠷᠠᠨ ᠰᠢᠠᠨ ᠴᠠᠴᠠᠷᠠᠨ ᠪᠦᠦᠳᠡᠢ᠌ᠭᠦ ᠴᠤ ᠮᠠᠳᠤ ᠁

ᠬᠤᠭ ᠤᠨ ᠰᠠᠪᠠᠨ ᠳ᠋ᠠᠭᠢ

ᠡᠭᠡ ᠪᠢᠴᠢᠭ᠌ ᠤᠨ ᠴᠠᠭᠠᠰᠤ ᠨᠤᠭᠤᠳ

ᠶᠠᠯ᠎ᠠ ᠪᠠᠨ ᠮᠡᠳᠡᠷᠡᠭ᠍ᠰᠡᠨ ᠮᠦᠷᠳᠠᠨ ᠤ ᠦᠬᠢᠳ ᠮᠠᠳᠤ

ᠳᠤᠯᠤᠭᠠᠢ ᠳᠤᠯᠤᠭᠠᠢ ᠪᠠᠨ ᠳᠠᠪᠠᠷᠢᠨ ᠮᠡᠭ᠍ᠰᠢᠯᠳᠦᠭᠦᠢ ᠁

ᠬᠤᠯᠠ ᠶᠢᠨ ᠣᠳᠤᠳ ᠤᠨ ᠰᠦᠨ ᠳᠤᠶᠠᠭ᠎ᠠ

ᠶᠠᠩᠵᠢᠯᠯᡁᠮᠤ ᠶᠢᠨ ᠰᠠᠪᠬᠠᠨ ᠴᠠᠭᠠᠨ ᠬᠤᠷᠤᠭᠤᠳ ᠮᠠᠳᠤ

ᠡᠭᠦᠳᠡ ᠶᠢ ᠮᠢᠨᠢ

ᠳᠤᠭᠰᠢᠮᠠᠷ ᠳᠤᠭᠰᠢᠮᠠᠷ ᠰᠠᠨᠠᠭᠳᠠᠬᠤᠢ ᠁

ᠡᠷᠳᠡ ᠳᠠᠩ ᠤᠨ ᠯᠢ ᠪᠠᠢ ᠶᠢᠨ ᠬᠤᠠᠳᠠᠭᠠᠨ ᠳ᠋ᠠᠭᠢ

ᠰᠠᠷᠠᠨ ᠤ ᠠᠨᠢᠷ ᠢ

ᠵᠡᠷᠭᠡᠯᠡᠳᠡᠭᠡ ᠠᠢ᠌ᠯ ᠢ ᠵᠠᠭᠠᠭᠯᠠᠭᠰᠠᠨ ᠳᠦᠯᠡᠢ ᠬᠠᠨ᠎ᠠ

ᠨᠠᠮ ᠵᠢᠮ ᠴᠢᠩᠨᠠᠬᠤᠢ ᠁

ᠡᠴᠦᠰ ᠤᠨ ᠳᠠᠯᠠᠢ ᠶᠢᠨ ᠠᠮᠠᠷᠠᠭ ᠱᠤᠤᠭᠢᠶᠠᠨ

ᠵᠡᠭᠦᠳᠤᠨ ᠤ ᠭᠢᠵᠠᠭᠠᠷ ᠡᠴᠡ

ᠨᠠᠭᠠᠰᠢ ᠠᠢ᠌ᠰᠤᠢ ᠳᠤᠭᠤᠯᠳᠠᠬᠤᠢ ᠁

ᠰᠦᠨᠠᠰᠤ ᠮᠢᠨᠢ ᠢᠷᠠᠭᠤ ᠨᠠᠢ᠌ᠷᠠᠭ ᠤᠨ ᠠᠯᠳᠠᠨ ᠴᠠᠯᠮ᠎ᠠ ᠪᠠᠷ

ᠨᠠᠮ᠎ᠠ ᠶᠢ ᠭᠦᠳᠦᠯᠵᠤ

ᠰᠦᠨᠢ ᠶᠢᠨ ᠭᠦᠨ ᠢ ᠳᠤᠭᠤᠴᠠᠬᠤᠢ ᠁

ᠰᠢᠯᠦᠭ᠌ ᠤᠨ ᠮᠢᠨᠢ ᠠᠰᠬᠠᠷᠠᠩᠭ᠋ᠤᠢ ᠢᠷᠠᠭᠤᠯᠢᠭ ᠮᠦᠷ ᠨᠤᠭᠦᠳ

ᠨᠠᠳᠠ ᠳ᠋ᠤ

ᠰᠢᠨ᠎ᠠ ᠥᠤᠷ ᠢ ᠬᠠᠳᠠᠭ ᠪᠣᠯᠭᠠᠨ ᠡᠷᠭᠦᠭᠦᠢ ᠁

ᠵᠤᠬᠢᠶᠠᠭᠴᠢ᠄ ᠬᠠᠩᠳᠠᠭᠤᠳ·ᠣᠰᠤᠠᠪᠣᠳᠤᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2845
ᠴᠠᠭ᠄ 2009 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ