ᠨᠡᠪᠲᠡᠷᠡᠨ ᠤᠷᠤᠬᠤ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ

ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠠᠶᠠᠰ ᠤᠨ ᠰᠠᠯᠭᠢ ᠢᠯᠪᠢᠨ ᠦᠨᠦᠰᠤᠨ᠎ᠡ

ᠷᠠᠰᠢᠶᠠᠨ ᠬᠤᠷ᠎ᠠ ᠰᠢᠪᠠᠷᠠᠨ ᠪᠠᠭᠤᠨ᠎ᠠ

ᠠᠷᠢᠭᠤᠨ ᠬᠠᠳᠠᠭ ᠢᠷᠦᠭᠡᠯ ᠶᠢᠡᠷ ᠳᠡᠯᠭᠡᠨ᠎ᠡ

ᠠᠳᠤᠭᠤᠨ ᠰᠦᠷᠦᠭ᠌ ᠦᠣᠷᠰᠠᠨ ᠳᠠᠪᠭᠢᠨ᠎ᠠ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠬᠤᠷᠮᠤᠰᠳᠠ ᠳᠡᠭ᠍ᠷᠢ ᠤᠶᠠᠩ‍ᠭ᠎ᠠ ᠪᠠᠷ ᠴᠠᠯᠮᠠᠢ᠌ᠨ᠎ᠡ

ᠬᠤᠷᠸ᠎ᠠ ᠳᠡᠯᠡᠭᠡᠢ ᠨᠠᠢ᠌ᠷᠠᠭ ᠶᠢᠡᠷ ᠰᠠᠷᠠᠭᠤᠯᠵᠢᠨ᠎ᠠ

ᠬᠤᠷᠴᠢᠨ ᠰᠤᠶᠤᠯ ᠨᠠᠷᠠ ᠲᠡᠶ ᠳᠤᠶᠠᠭᠠᠷᠠᠨ᠎ᠠ

ᠬᠤᠳᠤᠭ ᠪᠣᠶᠠᠨ ᠦᠨᠢ ᠣᠷᠤᠰᠢᠨ᠎ᠠ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠰᠦᠷᠦᠭ᠌ ᠤᠨ ᠳᠠᠯᠠᠢ ᠳᠠᠯ᠎ᠠ ᠪᠦᠷᠭᠦᠨ᠎ᠡ

ᠰᠦᠨ ᠦᠨᠦᠷ ᠭᠦᠮᠦᠰ ᠢ ᠰᠤᠭᠳᠤᠭᠠᠨ᠎ᠠ

ᠰᠥᠰᠦᠭ᠌ ᠪᠢᠰᠢᠷᠠᠯ ᠵᠢᠷᠦᠭᠡᠨ ᠳᠤ ᠪᠣᠴᠠᠯᠤᠨ᠎ᠠ

ᠰᠥᠵᠢᠷᠭᠦ ᠰᠤᠶᠤᠯ ᠴᠢᠰᠤᠨ ᠳᠤ ᠦᠶᠡᠷᠯᠠᠨ᠎ᠡ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠨᠤᠭᠤᠠᠵᠠᠶᠠᠭ᠎ᠠ ᠭᠡᠦᠭᠡᠨ ᠤ ᠨᠢᠯᠪᠣᠰᠤ ᠮᠡᠯᠳᠡᠭᠡᠨᠡᠨ᠎ᠡ

ᠨᠤᠳᠤᠭ ᠣᠰᠤ ᠡᠩᠰᠡᠷᠡᠨ ᠣᠭᠢᠯᠠᠨ᠎ᠠ

ᠨᠤᠭᠤᠰᠤ ᠭᠠᠯᠠᠭᠤ ᠪᠣᠴᠠᠨ ᠨᠠᠭᠠᠰᠢᠯᠠᠨ᠎ᠠ

ᠨᠠᠭᠤᠷ ᠪᠦᠷᠢᠳᠤ ᠠᠢ᠌ᠷᠠᠭ ᠶᠢᠡᠷ ᠳᠤᠯᠭᠢᠶᠠᠯᠠᠨ᠎ᠠ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠳᠤᠭᠤᠨᠤᠳᠤ ᠭᠡᠷ ᠳᠡᠦᠭᠡ ᠪᠠᠷ ᠳᠡᠩᠭᠡᠢ᠌ᠨ᠎ᠡ

ᠳᠤᠭᠳᠠᠬᠤ ᠪᠠᠭᠠᠳᠤᠷ ᠳᠠᠪᠭᠢᠨ ᠢᠷᠠᠨ᠎ᠡ

ᠳᠤᠭᠤᠷᠭ᠎ᠠ ᠬᠠᠨ᠎ᠠ ᠳᠤ ᠰᠠᠷᠠᠨ ᠳᠡᠷᠭᠡᠯᠰᠢᠨ᠎ᠡ

ᠳᠤᠭᠳᠠᠭᠤᠨ ᠠᠮᠢᠳᠤᠷᠠᠯ ᠵᠢᠷᠭᠠᠯ ᠴᠠᠯᠭᠢᠨ᠎ᠠ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠭᠠᠳᠠ ᠮᠠᠢ᠌ᠷᠠᠨ ᠠᠮᠢᠯᠠᠨ ᠪᠣᠰᠤᠨ᠎ᠠ

ᠭᠠᠯ ᠴᠠᠭᠢᠯᠭᠠᠨ ᠨᠢᠵᠢᠭᠢᠨᠠᠨ ᠴᠠᠭᠢᠯᠤᠨ᠎ᠠ

ᠭᠠᠯᠳᠤ ᠠᠭᠤᠯᠠ ᠨᠦᠵᠢᠭᠢᠨᠠᠨ ᠳᠠᠯᠪᠠᠷᠠᠨ᠎ᠡ

ᠭᠠᠯᠪᠠ ᠶ‍ᠢᠷᠳᠢᠠᠴᠤ ᠳᠠᠢ᠌ᠪᠠᠨ ᠬᠠᠢ᠌ᠪᠠᠯᠵᠠᠨ᠎ᠠ


ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ

ᠭᠦᠭᠡ ᠰᠤᠳᠤᠷ ᠳᠠᠶᠠᠩ ᠢ ᠳᠤᠷᠭᠢᠭᠤᠯᠤᠨ᠎ᠠ

ᠭᠦᠯᠦᠭ᠌ ᠤᠨ ᠰᠠᠯᠭᠢ ᠳᠠᠯ᠎ᠠ ᠳᠤ ᠬᠣᠢ᠌ᠯᠠᠷᠠᠨ᠎ᠠ

ᠭᠦᠳᠦᠰᠤᠨ ᠳᠠᠪᠠᠯᠳᠠᠨ ᠡᠴᠠ ᠴᠢᠩᠭᠢᠰ ᠮᠠᠠᠳᠤᠯᠠᠨ᠎ᠡ

ᠭᠦᠭᠡᠷᠡᠭᠦ ᠢᠷᠡᠭᠡᠳᠦᠢ ᠨᠠᠷᠠᠨ ᠳᠤᠶᠠᠭᠠᠷᠠᠨ᠎ᠠ



ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠩ ᠳᠢᠶ‍ᠧ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ