ᠨᠡᠪᠲᠡᠷᠡᠨ ᠤᠷᠤᠬᠤ
ᠨᠤᠳᠤᠭ ᠤᠨ ᠮᠢᠨᠢ ᠰᠠᠷᠠ

         ᠨᠢᠭᠡ


ᠣᠨᠠᠭᠠᠨ ᠪᠠᠭ᠎ᠠ ᠶᠢᠨ ᠡᠭᠡ ᠨᠤᠳᠤᠭ ᠲᠤ

ᠣᠷᠭᠤᠬᠤ ᠰᠠᠷᠠ ᠨᠢ ᠳᠤᠩᠭ᠋ᠠᠯᠠᠭ ᠪᠢᠯᠠ

ᠳᠤᠩᠭ᠋ᠠᠯᠠᠭ ᠠᠷᠢᠭᠤᠨ ᠳᠤᠶᠠᠭᠠᠨ ᠳ᠋ᠤᠨᠢ ᠪᠢ

ᠳᠤᠭᠤᠯ ᠨᠢᠳᠤ ᠪᠠᠨ ᠨᠡᠭᠡᠭᠡᠵᠤ ᠪᠢᠯᠠ


ᠡᠮᠡᠭᠡ ᠶᠢᠨ ᠶᠠᠷᠢᠬᠤ ᠳᠤᠮᠤᠭ ᠢ

ᠭᠡᠷᠡᠯ ᠳ᠋ᠤᠨᠢ ᠰᠠᠭᠤᠵᠤ ᠰᠤᠨᠤᠰᠳᠠᠭ ᠪᠢᠯᠠ

ᠬᠠᠰ ᠤᠨ ᠳᠠᠤᠯᠠᠢ ᠶᠢ ᠠᠪᠬᠤ ᠭᠡᠳ

ᠡᠮᠡᠭᠡ ᠪᠠᠨ ᠠᠷᠭ᠎ᠠ ᠪᠠᠷᠠᠭᠤᠯᠳᠠᠭ ᠪᠢᠯᠠ

  

ᠰᠠᠷᠠᠨ ᠤ ᠨᠤᠳᠤᠭ ᠬᠠᠮᠢᠭ᠎ᠠ ᠣᠷᠤᠰᠢᠳᠠᠭ ᠢ

ᠰᠠᠠᠰᠠᠷ ᠡᠴᠡ ᠡᠷᠢᠭᠡᠳ ᠣᠯᠳᠠᠭ ᠦᠭᠡᠶ

ᠵᠡᠭᠦᠨ ᠮᠠᠩᠬᠠᠨ ᠤ ᠴᠠᠭᠠᠨᠠᠬᠠᠨ ᠦᠦ ᠭᠡᠳ

ᠡᠮᠡᠭᠡ ᠪᠠᠨ ᠢᠨᠢᠶᠡᠯᠭᠡᠳᠡᠭ᠌ ᠪᠢᠯᠠ


ᠲ᠋ᠠᠷᠠ ᠦᠶᠡᠰ ᠡᠴᠡ ᠯᠠ ᠰᠠᠷᠠ

ᠳᠡᠭ᠍ᠷᠢ ᠶᠢᠨ ᠪᠢᠰᠢ ᠮᠢᠨᠤᠭᠢ ᠪᠣᠯᠵᠤ

ᠳᠡᠵᠢᠭᠡᠵᠤ ᠦᠰᠭᠡᠭ᠍ᠰᠡᠨ ᠨᠤᠳᠤᠭ ᠲᠡᠶ ᠮᠢᠨᠢ

ᠳᠤᠷᠠᠳᠬᠠᠯ ᠮᠦᠷᠦᠭᠡᠳᠦᠯ ᠢ ᠬᠤᠯᠪᠣᠳᠠᠭ ᠪᠢᠯᠠ


ᠰᠤᠪᠣᠤᠨ ᠰᠢᠤᠬᠠᠨ ᠪᠣᠳᠤᠯ ᠤᠨ ᠭᠡᠯᠭᠢᠶ᠎ᠡ ᠪᠠᠨ

ᠮᠠᠩᠬᠠᠨ ᠤ ᠡᠩᠭᠡᠷ ᠲᠤ ᠣᠷᠭᠢᠨ ᠶᠠᠪᠣᠭᠠᠤᠨ

ᠰᠤᠯᠤᠩᠭ᠋᠎ᠠ ᠠᠳᠠᠯᠢ ᠭᠦᠰᠡᠯᠡᠩ ᠤᠨ ᠳᠠᠭᠤᠤ ᠪᠠᠨ

ᠰᠠᠷᠠᠨ ᠤ ᠳᠤᠤᠷ᠎ᠠ ᠪᠠᠨ ᠭᠢᠩᠰᠢᠳᠡᠭ᠌ ᠪᠢᠯᠠ


             ᠬᠤᠶᠠᠷ


ᠡᠪᠦᠯ ᠵᠤᠨ ᠤ ᠠᠮᠠᠷᠠᠯᠳᠠ ᠪᠠᠷ ᠢᠷᠡᠭᠦ ᠳᠤ

ᠨᠤᠳᠤᠭ ᠤᠨ ᠭᠦᠤ ᠰᠠᠢ᠌ᠨ ᠢᠷᠠᠪᠠ ᠦᠦ ᠭᠡᠳ

ᠢᠴᠢᠮᠡᠳᠡᠭᠡᠢ ᠭᠡᠦᠭᠡᠨ ᠰᠢᠭ᠌ ᠬᠠᠴᠠᠷ ᠶᠢᠡᠨ ᠬᠠᠯᠬᠠᠯᠠᠭᠠᠤᠨ

ᠨᠤᠳᠤᠭ ᠤᠨ ᠰᠠᠷᠠ ᠮᠢᠨᠢ ᠨᠠᠮᠢ᠋ᠢ ᠣᠭᠳᠤᠳᠠᠭ ᠪᠢᠯᠠ


ᠳᠤᠩᠭ᠋ᠠᠯᠠᠭ ᠭᠡᠭᠡᠨ ᠨᠤᠳᠤᠭ ᠤᠨ ᠰᠠᠷᠠ ᠳᠤ ᠪᠠᠨ

ᠳᠤᠰᠢᠶᠠᠳᠠᠭ ᠦᠭᠡᠶ ᠨᠢᠭᠤᠴᠠ ᠨᠠᠳᠠ ᠠᠯᠠᠭ᠎ᠠ

ᠨᠢᠭᠤᠯᠴᠠᠵᠤ ᠨᠠᠭᠠᠳᠤᠭᠰᠠᠨ ᠮᠠᠩᠬᠠᠨ ᠤ ᠡᠩᠭᠡᠷ

ᠢᠨᠠᠭ ᠤᠨ ᠠᠮᠠᠷᠠᠭ ᠲᠡᠶ ᠪᠠᠨ ᠪᠣᠯᠵᠤᠭᠰᠠᠨ ᠪᠢᠯᠠ


ᠲ᠋ᠡᠭᠡᠭᠦ ᠳᠤ ᠨᠤᠳᠤᠭ ᠤᠨ ᠮᠢᠨᠢ ᠰᠠᠷᠠ

ᠵᠠᠮᠴᠢ ᠪᠣᠯᠵᠤ ᠨᠠᠮ᠎ᠠ ᠶᠢ ᠪᠠᠨ ᠳᠠᠠᠳᠠ ᠭᠦᠷᠭᠡᠭᠡᠳ

ᠬᠠᠯᠠᠭᠤᠨ ᠢᠨᠠᠭᠯᠠᠯ ᠳ᠋ᠠᠭᠢ ᠠᠮᠠᠷᠠᠭ ᠰᠡᠳᠭᠢᠯ ᠤᠨ

ᠬᠠᠮᠤᠭ ᠨᠢᠭᠤᠴᠠ ᠶᠢ ᠮᠢᠨᠢ ᠰᠤᠨᠤᠰᠳᠠᠭ ᠪᠢᠯᠠ


ᠨᠠᠪᠴᠢᠨ ᠤ ᠵᠠᠪᠰᠠᠷ ᠵᠢᠠᠷ ᠰᠢᠷᠭᠤᠵᠤ ᠳᠤᠰᠤᠭᠰᠠᠨ

ᠨᠠᠷᠢᠨ ᠮᠢᠠᠳᠠᠰᠤ ᠰᠢᠭ ᠳᠤᠶᠠᠭᠠᠨ ᠰᠢᠷᠭᠡᠭ᠌ ᠨᠢ

ᠣᠠᠳᠤᠷᠬᠤ ᠠᠮᠢᠳᠤᠷᠠᠯ ᠳᠠᠭᠠᠨ ᠴᠠᠳᠬᠤᠯᠠᠩ ᠪᠠᠶᠠᠰᠤᠭ᠎ᠠ

ᠣᠯᠠᠭᠠᠨ ᠵᠢᠷᠦᠭᠡᠨ ᠤ ᠬᠠᠢ᠌ᠷ᠎ᠠ ᠶᠢ ᠰᠢᠵᠢᠮᠯᠡᠳᠡᠭ᠌


ᠵᠢᠷᠭᠠᠯ ᠳᠠᠭᠠᠨ ᠰᠤᠭᠳᠤᠭᠤᠷᠠᠭ᠎ᠠ ᠬᠤᠤᠰ ᠰᠡᠭᠦᠳᠡᠷ ᠢ

ᠵᠠᠪᠳᠤᠨ ᠰᠡᠮᠡᠭᠡᠷ ᠰᠡᠭᠦᠳᠡᠷᠯᠡᠵᠤ ᠠᠪᠣᠭᠠᠤᠨ

ᠰᠠᠢ᠌ᠬᠠᠨ ᠢᠷᠦᠭᠡᠯ ᠶᠢᠡᠨ ᠭᠢᠯᠪᠠᠭᠤᠯᠤᠭᠰᠠᠭᠠᠷ

ᠰᠠᠠᠰᠠᠷ ᠤᠨ ᠵᠠᠮ ᠶᠢᠡᠨ ᠡᠯᠭᠦᠳᠡᠭ᠌ ᠪᠢᠯᠠ


             ᠭᠤᠷᠪᠠ


ᠣᠨᠠᠭᠠᠨ ᠪᠠᠭ᠎ᠠ ᠶᠢᠨ ᠡᠭᠡ ᠨᠤᠳᠤᠭ ᠳᠤ

ᠣᠷᠭᠤᠳᠠᠭ ᠰᠠᠷᠠ ᠨᠢ ᠰᠠᠷᠠᠭᠤᠯ ᠳᠤᠩᠭ᠋ᠠᠯᠠᠭ ᠪᠢᠯᠠ

ᠭᠡᠭᠡ ᠦᠭᠡᠶ ᠰᠦᠨᠢ ᠶᠢᠨ ᠣᠭᠳᠠᠷᠭᠤᠢ ᠳᠤ

ᠨᠠᠳᠠ ᠳᠠᠭᠠᠨ ᠪᠣᠯ ᠭᠡᠷᠡᠯᠳᠤ ᠨᠠᠷᠠ ᠯᠠ ᠪᠢᠯᠠ


ᠡᠷᠢᠯ ᠭᠦᠰᠡᠯ ᠢ ᠡᠷᠢᠭᠦ ᠪᠠᠷ

ᠠᠯᠤᠰ ᠭᠠᠵᠠᠷ ᠣᠴᠢᠵᠤ ᠰᠤᠷᠤᠯᠴᠠᠬᠤ ᠳᠠᠭᠠᠨ

ᠠᠶᠤᠤᠯᠢᠬᠠᠢ ᠳᠠᠭᠠᠨ ᠴᠢᠮᠢ᠋ᠢ ᠪᠠᠨ ᠪᠣᠳᠤᠵᠤ

ᠠᠯᠵᠢᠶᠠᠯ ᠵᠠᠯᠬᠠᠭᠤ ᠪᠠᠨ ᠳᠠᠢ᠌ᠯᠳᠠᠭ ᠰᠠᠨ


ᠮᠥᠯᠢᠭᠡᠷ ᠰᠠᠢ᠌ᠬᠠᠨ ᠨᠢᠭᠤᠷ ᠢ ᠨᠢ ᠬᠠᠷᠠᠭᠠᠤᠨ ᠯᠠ

ᠮᠥᠩᠭᠡ ᠣᠷᠤᠰᠢᠬᠤ ᠨᠤᠳᠤᠭ ᠶᠢᠡᠨ ᠰᠠᠨᠠᠵᠤ ᠯᠠ ᠶᠠᠪᠣᠳᠠᠭ

ᠠᠷᠢᠭᠤᠨ ᠭᠡᠭᠡᠨ ᠵᠢᠰᠤ ᠶᠢ᠌ ᠨᠢ ᠦᠵᠡᠭᠡᠳ ᠯᠠ

ᠢᠨᠠᠭ ᠠᠮᠠᠷᠠᠭ ᠶᠢᠡᠨ ᠵᠡᠭᠦᠳᠦᠯᠡᠵᠤ ᠯᠠ ᠶᠠᠪᠣᠳᠠᠭ ᠰᠠᠨ


ᠨᠠᠯᠠᠭᠠᠷ ᠳᠡᠯᠡᠭᠡᠢ ᠭᠡᠳᠦᠢ ᠦᠷᠭᠡᠨ ᠠᠭᠤᠳᠠᠮ ᠪᠠᠢ᠌ᠭᠰᠠᠨ ᠴᠤ

ᠰᠡᠳᠭᠢᠯ ᠢ ᠠᠷᠭᠠᠮᠵᠢᠳᠠᠭ ᠨᠢ ᠨᠤᠳᠤᠭ ᠤᠨ ᠮᠢᠨᠢ ᠰᠠᠷᠠ ᠶᠤᠮᠰᠠᠨ

ᠨᠡᠯᠦᠭᠡᠷ ᠬᠤᠷᠸ᠎ᠠ ᠭᠡᠳᠦᠢ ᠦᠷᠭᠡᠨ ᠭᠡᠪᠴᠢᠶ᠎ᠡ ᠲ᠋ᠡᠢ ᠪᠠᠢ᠌ᠭᠰᠠᠨ ᠴᠤ

ᠰᠡᠳᠭᠢᠯ ᠢ ᠳᠠᠳᠠᠳᠠᠭ ᠨᠢ ᠨᠤᠳᠤᠭ ᠤᠨ ᠮᠢᠨᠢ ᠰᠠᠷᠠ ᠶᠤᠮᠰᠠᠨ᠃


ᠵᠤᠬᠢᠶᠠᠭᠴᠢ ᠶᠢᠨ ᠬᠠᠶᠠᠭ ᠄ ᠳᠦᠡᠭᠯᠢᠶ‍ᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ

ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄ ᠰᠢᠯᠦᠭ
ᠳᠠᠷᠤᠮ᠄ 13023
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ