ᠨᠡᠪᠲᠡᠷᠡᠨ ᠤᠷᠤᠬᠤ
ᠮᠢᠨᠤ ᠭᠦᠳᠡᠭᠡ

ᠨᠠᠷᠠ ᠪᠠᠨ ᠭᠡᠵᠢᠶᠡᠳᠡ ᠳᠠᠭᠤᠳᠠᠵᠤ ᠰᠡᠷᠢᠭᠡᠳᠡᠭ᠌

ᠰᠠᠷᠠ ᠪᠠᠨ ᠡᠭᠦᠷᠢ ᠡᠯᠭᠦᠮᠡᠡᠵᠢᠨ ᠠᠮᠠᠷᠠᠳᠠᠭ

ᠰᠠᠷᠠᠪᠴᠢᠨ ᠤ ᠪᠣᠷᠤ ᠪᠢᠯᠵᠤᠤᠬᠠᠢ ᠭᠦᠷᠳᠡᠯ᠎ᠡ

ᠨᠠᠰᠤᠨ ᠳᠤᠷᠰᠢᠳᠠ ᠱᠤᠯᠤᠭᠠᠨᠠᠵᠤ ᠶᠠᠭᠠᠷᠠᠳᠠᠭ

ᠵᠦᠳᠡᠷᠡᠯᠳᠠᠢ ᠭᠦᠳᠡᠯᠮᠦᠷᠢ ᠊᠊᠊᠊᠊᠊᠊᠊᠊᠊᠊᠊᠊᠊᠊ ᠮᠢᠨᠤ ᠭᠦᠳᠡᠭᠡ᠃

ᠬᠠᠪᠣᠷ ᠤᠨ ᠦᠣᠷ ᠨᠢ ᠳᠣᠢ᠌ᠭ ᠤᠨ ᠳᠠᠭᠤᠤ ᠪᠠᠷ ᠰᠤᠪᠣᠷᠠᠳᠠᠭ

ᠵᠤᠨ ᠤ ᠦᠳᠡᠰᠢ ᠨᠢ ᠬᠤᠭᠤᠷ ᠤᠨ ᠡᠭᠡᠰᠢᠭ᠌ ᠶᠢᠡᠷ ᠳᠤᠯᠤᠩᠷᠠᠳᠠᠭ

ᠨᠠᠮᠤᠷ ᠤᠨ ᠰᠡᠷᠢᠭᠦᠤ ᠨᠢ ᠣᠯᠠᠯᠵᠢᠨ ᠳᠦᠷᠦᠭᠦᠤ ᠪᠠᠷ ᠪᠣᠳᠠᠷᠠᠳᠠᠭ

ᠡᠪᠦᠯ ᠤᠨ ᠭᠦᠢᠳᠡᠨ ᠨᠢ ᠴᠤ ᠬᠤᠳᠠᠴᠢ ᠶᠢᠨ ᠳᠠᠭᠤᠨ ᠳᠠᠭᠠᠨ ᠪᠦᠯᠢᠶᠡᠰᠴᠢᠭᠡᠳᠡᠭ᠌

ᠠᠮᠢᠯᠠᠯ ᠤᠨ ᠭᠦᠭ᠌ ᠊᠊᠊᠊᠊᠊᠊᠊᠊᠊᠊᠊᠊᠊᠊ ᠮᠢᠨᠤ ᠭᠦᠳᠡᠭᠡ᠃

ᠨᠠᠮᠤᠭᠤᠬᠠᠨ ᠢᠷᠭᠠᠯᠠᠬᠤ ᠰᠦᠷᠦᠭ᠌ ᠳᠤᠨᠢ ᠬᠠᠯᠳᠠᠬᠤ ᠴᠢᠨ᠋ᠸ᠎ᠠ ᠥᠭᠡᠢ

ᠨᠠᠷᠠ ᠬᠠᠷᠠᠭᠰᠠᠨ ᠡᠭᠦᠳᠡ ᠶᠢ ᠨᠢ ᠳᠦᠭ᠍ᠵᠢᠭᠦ ᠣᠨᠢᠰᠤ ᠥᠭᠡᠢ

ᠨᠠᠰᠤᠳᠠᠨ ᠨᠢ ᠬᠡᠦᠬᠡᠳ ᠶᠢᠡᠨ ᠳᠤᠮᠤᠭ ᠶᠢᠡᠷ ᠠᠷᠭᠠᠳᠠᠴᠢᠬᠠᠳᠠᠭ

ᠨᠠᠭᠤᠷ ᠨᠢ ᠭᠠᠯᠠᠭᠤᠳ ᠤᠨ ᠳᠠᠭᠤᠨ ᠳᠠᠭᠠᠨ ᠣᠶᠠᠷᠠᠴᠢᠬᠠᠳᠠᠭ

ᠠᠮᠤᠭᠤᠯᠠᠩ ᠵᠠᠢ ᠊᠊᠊᠊᠊᠊᠊᠊᠊᠊᠊᠊᠊᠊᠊ ᠮᠢᠨᠤ ᠭᠦᠳᠡᠭᠡ᠃

ᠵᠡᠷᠭᠡᠯᠭᠡᠨ ᠳᠤᠮᠳᠠ ᠨᠢ ᠰᠠᠢ᠌ᠬᠠᠨ ᠤ ᠭᠦᠰᠡᠯ ᠪᠣᠯᠤᠭᠰᠠᠨ

ᠵᠡᠭᠡᠷ᠎ᠡ ᠶᠢᠨ ᠰᠦᠷᠦᠭ᠌ ᠨᠢ ᠬᠤᠨᠢᠳ ᠲᠠᠭᠠᠨ ᠢᠵᠢᠯᠢ

ᠵᠡᠷᠭᠡᠴᠡᠨ ᠰᠠᠭᠤᠭᠰᠠᠨ ᠰᠠᠬᠠᠭᠠᠯᠳᠠ ᠠᠢ᠌ᠯ ᠶᠢᠡᠷ ᠵᠢᠠᠨ

ᠵᠤᠪᠠᠯ ᠪᠠᠶᠠᠰᠤᠯ ᠶᠢᠡᠨ ᠬᠠᠮᠳᠤᠤᠠᠬᠠᠨ ᠵᠢᠷᠭᠠᠳᠠᠭ

ᠡᠰᠡᠨᠢᠯ ᠠᠮᠢᠵᠢᠷᠠᠯ ᠊᠊᠊᠊᠊᠊᠊᠊᠊᠊᠊᠊᠊᠊᠊ ᠮᠢᠨᠤ ᠭᠦᠳᠡᠭᠡ᠃

ᠬᠠᠶᠠ ᠱᠠᠭᠢᠳᠠᠭ ᠪᠣᠷᠤᠭᠠᠨ ᠨᠢ ᠰᠦ᠋ ᠶᠢᠨ ᠦᠨᠦᠷ ᠳᠠᠢ

ᠬᠠᠮᠢᠭ᠎ᠠ ᠵᠥᠭ᠌ ᠤᠨ ᠰᠠᠯᠭᠢᠨ ᠨᠢ ᠪᠣᠯᠪᠠᠴᠤ ᠴᠡᠴᠡᠭ᠌ ᠤᠨ ᠠᠩᠭᠢᠯᠤᠮ᠎ᠠ ᠦᠨᠦᠷ ᠳᠠᠢ

ᠬᠠᠯᠠᠭᠤᠷᠠᠵᠤ ᠨᠤᠭᠤᠭᠠᠷᠠᠳᠠᠭ ᠪᠠᠯᠴᠢᠭᠡᠷ ᠨᠢ ᠨᠣᠢ᠌ᠳᠠᠨ ᠣᠨᠢᠶᠠᠷ ᠳᠠᠢ

ᠬᠠᠯᠠᠭᠤᠨ ᠬᠤᠰᠢᠭᠤᠳᠤ ᠰᠦᠷᠦᠭ᠌ ᠤᠨ ᠪᠠᠷ᠎ᠠ ᠨᠢ ᠳᠤᠰᠤᠨ ᠦᠨᠦᠷ ᠳᠠᠢ

ᠮᠤᠩᠭ᠋ᠤᠯ ᠠᠮᠢᠳᠤᠷᠠᠯ ᠊᠊᠊᠊᠊᠊᠊᠊᠊᠊᠊᠊᠊᠊᠊ ᠮᠢᠨᠤ ᠭᠦᠳᠡᠭᠡ᠃

ᠡᠷ᠎ᠡ ᠭᠦᠯᠦᠭ᠌ ᠨᠢ ᠳᠠᠯ᠎ᠠ ᠶᠢᠨ ᠴᠡᠴᠡᠭ᠌ ᠶᠢᠡᠨ ᠭᠢᠰᠭᠢᠳᠡᠭ᠌ ᠥᠭᠡᠢ

ᠡᠷᠡᠮᠡᠭᠡᠢ ᠭᠦᠮᠦᠰ ᠨᠢ ᠡᠭᠡ ᠳᠡᠯᠡᠭᠡᠢ ᠪᠠᠨ ᠰᠡᠭ᠍ᠴᠢᠳᠡᠭ᠌ ᠥᠭᠡᠢ

ᠬᠠᠯᠴᠠᠭᠠᠢ᠌ᠷᠠᠭᠰᠠᠨ ᠭᠦᠷᠦᠰᠤ ᠪᠠᠨ ᠰᠦ᠋ ᠪᠠᠷ ᠮᠢᠯᠢᠶᠠᠵᠤ ᠠᠨᠠᠭᠠᠳᠠᠭ

ᠬᠠᠶᠠᠭᠳᠠᠭᠰᠠᠨ ᠲᠦᠯ ᠶᠢᠡᠨ ᠳᠠᠭᠤᠤ ᠪᠠᠷ ᠣᠶᠠᠷᠠᠭᠤᠯᠵᠤ ᠭᠦᠭᠦᠭᠦᠯᠳᠡᠭ᠌

ᠬᠠᠢ᠌ᠷ᠎ᠠ ᠶᠢᠨ ᠬᠤᠷᠸ᠎ᠠ ᠊᠊᠊᠊᠊᠊᠊᠊᠊᠊᠊᠊᠊᠊᠊ ᠮᠢᠨᠤ ᠭᠦᠳᠡᠭᠡ᠃

ᠵᠤᠭᠤᠰ ᠤᠨ ᠦᠨ᠎ᠡ ᠬᠠᠶᠠᠯᠴᠠᠳᠠᠭ ᠥᠭᠡᠢ

ᠰᠡᠳᠭᠢᠯ ᠤᠨ ᠭᠦᠡᠳᠤ ᠶᠢ ᠮᠠᠷᠳᠠᠳᠠᠭ ᠥᠭᠡᠢ

ᠵᠤᠪᠠᠭᠤᠷᠢ ᠶᠢ ᠬᠠᠳᠠᠭᠤ ᠭᠡᠵᠤ ᠪᠣᠳᠤᠳᠠᠭ ᠥᠭᠡᠢ

ᠵᠢᠷᠭᠠᠯ ᠤᠨ ᠬᠠᠯᠠᠭᠤᠨ ᠳᠤ ᠰᠢᠨᠤᠳᠠᠭ ᠴᠤ ᠥᠭᠡᠢ

ᠠᠷᠢᠭᠤᠨ ᠰᠠᠨᠠᠭ᠎ᠠ ᠊᠊᠊᠊᠊᠊᠊᠊᠊᠊᠊᠊᠊᠊᠊ ᠮᠢᠨᠤ ᠭᠦᠳᠡᠭᠡ᠃

ᠠᠭᠳᠠ ᠶᠢᠨ ᠨᠢᠷᠤᠭᠤᠨ ᠳᠤ ᠠᠭᠤᠯᠠ ᠭᠡᠮᠡᠷ ᠭᠦᠪᠠᠭᠦᠤᠨ ᠤᠨ ᠵᠢᠪᠬᠤᠭ᠎ᠠ

ᠠᠷᠠᠤᠨ ᠤᠨ ᠳᠠᠭᠤᠨ ᠳᠠᠭᠠᠨ ᠬᠠᠢ᠌ᠯ ᠰᠢᠭ ᠮᠡᠯᠮᠡᠷᠡᠳᠡᠭ᠌ ᠦᠬᠢᠳ ᠤᠨ ᠵᠠᠶᠠᠭ᠎ᠠ

ᠠᠮᠠᠨ ᠢᠷᠦᠭᠡᠯ ᠶᠢᠡᠷ ᠶᠢᠡᠨ ᠰᠠᠢ᠌ᠬᠠᠨ ᠢ ᠵᠠᠭᠢᠴᠢᠬᠠᠳᠠᠭ ᠡᠪᠦᠭᠡᠳ ᠤᠨ ᠰᠤᠷᠭᠠᠯ

ᠠᠶᠠᠭ᠎ᠠ ᠶᠢᠨ ᠳᠡᠭᠡᠵᠢ ᠪᠠᠨ ᠠᠯᠠᠭᠠᠨ ᠳᠠᠭᠠᠨ ᠳᠡᠭᠡᠳᠦᠯᠡᠳᠡᠭ᠌ ᠦᠷ᠎ᠡ ᠶᠢᠨ ᠠᠴᠢᠯᠠᠯ

ᠮᠤᠩᠭ᠋ᠤᠯ ᠠᠭᠠᠯᠢ ᠊᠊᠊᠊᠊᠊᠊᠊᠊᠊᠊᠊᠊᠊᠊ ᠮᠢᠨᠤ ᠭᠦᠳᠡᠭᠡ᠃


ᠵᠤᠬᠢᠶᠠᠭᠴᠢ ᠶᠢᠨ ᠬᠠᠶ‍ᠢᠭ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ