ᠨᠡᠪᠲᠡᠷᠡᠨ ᠤᠷᠤᠬᠤ
ᠠᠯᠪᠠᠨ ᠲᠡᠳᠦᠢ ᠲᠠᠯᠪᠢᠭᠰᠠᠨ ᠠᠯᠪᠠᠯᠠᠬᠤ ᠺᠤᠮᠫᠢᠦ᠋ᠲ᠋ᠧᠷ ᠤᠳ

ᠣᠷᠴᠢᠮ ᠤᠨ ᠵᠢᠯ ᠤᠳ ᠲᠤ ᠠᠯᠪᠠᠨ ᠪᠠᠢ᠌ᠭᠤᠯᠭ᠎ᠠ ᠨᠤᠭᠤᠳ ᠤᠨ ᠠᠯᠪᠠᠯᠠᠬᠤ ᠨᠥᠭᠦᠴᠡᠯ ᠤᠨ ᠬᠤᠪᠢᠷᠠᠵᠤ ᠰᠠᠢ᠌ᠵᠢᠷᠠᠭᠰᠠᠨ ᠭᠡᠭ᠍ᠴᠢ ᠵᠢᠭ᠍ᠳᠡᠢ᠃ ᠨᠢᠳᠤ ᠭᠢᠯᠪᠠᠳᠠᠯ᠎ᠠ ᠵᠠᠰᠠᠵᠤ ᠴᠢᠮᠡᠭ᠍ᠰᠡᠨ ᠠᠭᠤᠵᠢᠮ ᠰᠠᠷᠠᠭᠤᠯ ᠠᠯᠪᠠᠨ ᠭᠡᠷ ᠲᠤ ᠨᠢᠭᠤᠷ ᠳᠤᠯᠢᠳᠠᠮ᠎ᠠ ᠰᠢᠷᠳᠡᠭ᠍ᠰᠡᠨ ᠭᠡᠳᠤᠨ ᠳᠡᠭ᠍ᠰᠢ ᠳᠦᠷᠪᠡᠯᠵᠠᠨ ᠮᠸᠲ᠋ᠷ ᠤᠨ ᠨᠢᠭᠤᠷ ᠲᠡᠶ ᠶᠡᠷᠦᠩᠭᠡᠢ᠌ᠯᠡᠭ᠍ᠴᠢ ᠶᠢᠨ ᠰᠢᠷᠡᠭᠡ ᠡᠴᠠ ᠨᠢᠭᠡ ᠬᠤᠶᠠᠷ ᠢ ᠰᠤᠷᠳᠤᠭᠤᠴᠢᠯᠠᠨ ᠳᠠᠯᠪᠢᠵᠤ ᠰᠢᠷᠡᠭᠡ ᠪᠣᠯᠭᠠᠨ ᠳ᠋ᠤᠨᠢ ᠳᠡᠭᠡᠳᠤ ᠳᠠᠰ ᠤᠨ ᠺᠤᠮᠫᠢᠦ᠋ᠲ᠋ᠧᠷ ᠡᠴᠠ ᠵᠠᠪᠠᠯ ᠨᠢᠭᠡ ᠶᠢ ᠳᠤᠭᠢᠷᠠᠭᠤᠯᠴᠢᠬᠠᠭᠰᠠᠨ ᠪᠠᠢ᠌ᠳᠠᠭ᠃ ᠪᠠᠢ᠌ᠭᠤᠯᠭ᠎ᠠ ᠪᠣᠯᠭᠠᠨ ᠡᠭᠦᠨ ᠶᠢᠡᠷ ᠶᠢᠡᠨ ᠣᠳᠤᠭᠢᠴᠢᠯᠠᠭᠰᠠᠨ ᠠᠯᠪᠠᠯᠠᠬᠤ ᠨᠥᠭᠦᠴᠡᠯ ᠤᠨ ᠪᠠᠷᠢᠮᠵᠢᠶ᠎ᠠ ᠪᠣᠯᠭᠠᠵᠤ ᠦᠵᠡᠨ᠎ᠡ᠃ ᠰᠢᠷᠡᠭᠡᠨ ᠤ ᠰᠢᠯᠢᠳᠡᠭ᠌ ᠶᠢᠡᠷ ᠠᠯᠪᠠᠯᠠᠭᠴᠢ ᠶᠢ ᠥᠩᠭᠡᠯᠡᠵᠤ᠂ ᠠᠯᠪᠠᠯᠠᠬᠤ ᠨᠥᠭᠦᠴᠡᠯ ᠶᠢᠡᠷ ᠣᠳᠤᠷᠢᠳᠤᠯᠭ᠎ᠠ ᠶᠢᠨ ᠴᠢᠳᠠᠪᠣᠷᠢ ᠶᠢ ᠪᠠᠷᠢᠮᠵᠢᠶᠠᠯᠠᠨ᠎ᠠ᠃ ᠡᠭᠦᠨ ᠶᠢᠡᠨ ᠰᠢᠨᠠᠴᠢᠯᠠᠯᠳᠠ ᠥᠭᠡᠷᠡᠴᠢᠯᠡᠯᠳᠡ᠂ ᠠᠯᠬᠤᠮ ᠳᠠᠪᠰᠢᠯᠳᠠ ᠭᠡᠵᠤ ᠦᠨᠡᠯᠠᠨ᠎ᠠ᠃ ᠦᠨᠡᠨ ᠳᠡᠭᠡᠨ ᠳᠡᠭᠡᠳᠤ ᠳᠸᠩᠨᠢᠭ᠌ ᠮᠡᠷᠭᠡᠵᠢᠯ ᠤᠨ ᠳᠤᠨᠤᠭ ᠳᠦᠭᠦᠭᠡᠷᠦᠮᠵᠢ ᠠᠵᠢᠯ ᠤᠨ ᠦᠷ᠎ᠡ ᠪᠦᠳᠦᠮᠵᠢ ᠶᠢ ᠳᠡᠭᠡᠭ᠍ᠰᠢᠯᠡᠭᠦᠯᠵᠤ᠂ ᠭᠦᠳᠡᠯᠮᠦᠷᠢ ᠭᠦᠴᠤ ᠪᠠ ᠴᠠᠭ ᠢ ᠠᠷᠪᠢᠯᠠᠵᠤ ᠴᠢᠳᠠᠨ᠎ᠠ᠃ ᠭᠡᠪᠠᠴᠤ ᠣᠯᠠᠩᠭᠢ ᠪᠠᠢ᠌ᠭᠤᠯᠭ᠎ᠠ ᠶᠢᠨ ᠠᠯᠪᠠᠯᠠᠭᠴᠢ ᠶᠢᠨ ᠮᠡᠳᠡᠯᠭᠡ ᠴᠢᠳᠠᠪᠣᠷᠢ ᠦᠵᠡᠯᠳᠠ ᠳᠠᠨᠢᠯᠳᠠ ᠳᠤᠤᠷ᠎ᠠ ᠡᠴᠠ ᠪᠣᠯᠵᠤ ᠳᠡᠳᠡᠭᠡᠷ ᠪᠣᠷᠤ ᠳᠠᠷᠢᠭᠢ ᠶᠢ ᠣᠷᠤᠯᠠᠵᠤ ᠴᠢᠳᠠᠬᠤ ᠪᠣᠳᠤᠯᠭ᠎ᠠ ᠶᠢᠨ ᠪᠣᠭᠳᠠ ᠶᠢ ᠨᠠᠭᠠᠳᠤᠮ ᠤᠨ ᠪᠠᠭᠠᠵᠢ ᠪᠣᠶᠤ ᠰᠢᠷᠡᠭᠡᠨ ᠨᠢᠷᠤᠭᠤᠨ ᠤ ᠴᠢᠮᠡᠭᠯᠡᠯ ᠤᠨ ᠡᠳ᠋ ᠪᠣᠯᠭᠠᠨ ᠦᠵᠡᠮᠤᠷᠢ ᠳᠤ ᠳᠠᠯᠪᠢᠨ ᠣᠢ᠌ᠯᠠᠳᠤᠯ ᠢ ᠨᠢ ᠠᠯᠳᠠᠭᠤᠯᠵᠤ ᠪᠦᠷᠢᠯᠭᠡᠵᠤ ᠪᠠᠢ᠌ᠭ᠎ᠠ ᠨᠢ ᠥᠨᠡᠭᠡᠷ ᠬᠠᠷᠠᠮᠰᠠᠯᠳᠠᠢ᠃

ᠳᠠᠨᠠᠷ ᠳᠡᠳᠡᠭᠡᠷ ᠣᠳᠤᠭᠢᠴᠢᠯᠠᠭᠰᠠᠨ ᠠᠯᠪᠠᠯᠠᠬᠤ ᠨᠥᠭᠦᠴᠡᠯ ᠲᠡᠶ ᠪᠠᠢ᠌ᠭᠤᠯᠭ᠎ᠠ ᠶᠢᠨ ᠠᠯᠪᠠᠨ ᠭᠡᠷ ᠤᠳ ᠶᠢᠡᠷ ᠣᠴᠢᠵᠤ ᠣᠢ᠌ᠯᠠᠭᠠᠷᠠᠢ︕ ᠠᠯᠪᠠᠯᠠᠭᠴᠢ ᠨᠢ ᠠᠯᠪᠠᠨ ᠰᠢᠷᠡᠭᠡᠨ ᠳᠡᠭᠡᠨ ᠰᠠᠭᠤᠮᠠᠭᠴᠠ ᠺᠤᠮᠫᠢᠦ᠋ᠲ᠋ᠧᠷ ᠶᠢᠡᠨ ᠨᠡᠭᠡᠭᠡᠵᠤ ᠡᠯᠳᠡᠪ ᠵᠣᠢ᠌ᠯ ᠤᠨ ᠨᠠᠭᠠᠳᠤᠮ ᠶᠢᠡᠨ ᠡᠭᠢᠯᠡᠭᠦᠯᠴᠢᠭᠡᠨ᠎ᠡ᠃ ᠡᠰᠡᠭᠦᠯ᠎ᠡ ᠰᠦᠯᠵᠢᠶᠠᠨ ᠳᠤ ᠭᠠᠷᠴᠤ ᠠᠵᠢᠯ ᠣᠢ᠌ᠯᠠᠰ ᠲᠡᠶ ᠨᠢ ᠶᠠᠮᠠᠷ ᠴᠤ ᠬᠤᠯᠪᠣᠭᠳᠠᠯ ᠦᠭᠡᠶ ᠠᠭᠤᠯᠭ᠎ᠠ ᠪᠠᠷ ᠦᠨᠡᠨ ᠬᠤᠳᠠᠯ ᠶᠠᠭᠤᠮ᠎ᠠ ᠵᠤᠬᠢᠶᠠᠵᠤ ᠥᠴᠦᠭᠡᠨ ᠴᠤ ᠣᠤᠠᠬ᠎ᠠ ᠠᠭᠤᠯᠭ᠎ᠠ ᠦᠭᠡᠶ ᠪᠠᠷ ᠪᠣᠰᠤᠳ ᠲᠡᠶ ᠵᠤᠭᠤᠭᠳᠠᠨ᠎ᠠ᠃ ᠡᠰᠡᠭᠦᠯ᠎ᠡ ᠱᠠᠯᠢᠭ ᠵᠠᠪᠠᠬᠠᠢ ᠵᠢᠷᠤᠭ ᠰᠡᠭᠦᠳᠡᠷ ᠪᠣᠶᠤ ᠺᠢᠨᠤ᠋ ᠵᠥᠴᠦᠭᠡ ᠳᠤ ᠬᠠᠷᠠᠭ᠎ᠠ ᠪᠠᠨ ᠣᠶᠠᠵᠤ ᠡᠳᠦᠷ ᠢ ᠨᠥᠭ᠍ᠴᠢᠭᠡᠨ᠎ᠡ᠃ ᠨᠢᠭᠡ ᠡᠳᠦᠷ ᠢ ᠢᠩᠭᠢᠵᠤ ᠪᠠᠷᠠᠭᠠᠨ᠎ᠠ᠃ ᠨᠢᠭᠡ ᠨᠠᠰᠤ ᠪᠠᠨ ᠴᠤ ᠢᠩᠭᠢᠵᠤ ᠯᠠ ᠪᠠᠷᠠᠭᠠᠨ᠎ᠠ ᠳ᠋ᠠ᠃

A ᠳᠤᠪᠴᠢᠶᠠᠨ ᠳᠤ ᠬᠤᠷᠢᠨ ᠨᠢᠭᠡᠨ ᠺᠠᠳ᠋ᠷ ᠠᠵᠢᠯᠳᠠᠨ ᠲᠡᠶ᠃ ᠬᠤᠷᠢᠨ ᠭᠡᠳᠤᠨ ᠳᠡᠭ᠍ᠰᠢ ᠳᠦᠷᠪᠡᠯᠵᠢᠨ ᠮᠸᠲ᠋ᠷ ᠤᠨ ᠡᠡᠷᠪᠠᠨ ᠳᠠᠰᠤᠯᠭ᠎ᠠ ᠠᠭᠤᠵᠢᠮ ᠰᠠᠷᠠᠭᠤᠯ ᠠᠯᠪᠠᠨ ᠭᠡᠷ ᠲᠡᠶ᠃ ᠣᠳᠤᠭᠢ ᠵᠠᠬ᠎ᠠ ᠳᠡᠯᠭᠡᠭᠦᠷ ᠳᠡᠭᠡᠷ᠎ᠡ ᠴᠢᠳᠠᠮᠵᠢ ᠪᠠᠷ ᠬᠠᠮᠤᠭ ᠤᠨ ᠦᠨᠳᠦᠷ ᠬᠠᠮᠤᠭ ᠤᠨ ᠦᠨᠡᠳᠠᠢ ᠺᠤᠮᠫᠢᠦ᠋ᠲ᠋ᠧᠷ ᠡᠴᠠ ᠭᠦᠮᠤᠨ ᠪᠦᠷᠢ ᠨᠢᠭᠡ ᠶᠢ ᠡᠳ᠋ᠯᠡᠵᠤ ᠭᠠᠳᠠᠨ᠎ᠠ ᠡᠴᠠ ᠥᠵᠡᠭᠦ ᠳᠤ ᠶᠡᠭᠡᠯᠡ ᠰᠤᠶᠤᠯᠵᠠᠵᠤ ᠴᠢᠳᠠᠪᠤᠷᠢᠵᠢᠭᠰᠠᠨ᠂ ᠣᠳᠤᠭᠢᠴᠢᠯᠠᠵᠤ ᠰᠢᠨᠡᠴᠢᠯᠡᠭ᠍ᠰᠡᠨ ᠳᠤᠪᠴᠢᠶᠠᠨ ᠤ ᠳᠦᠷᠦᠭ᠍ᠳᠡᠯ ᠣᠯᠭᠤᠨ᠎ᠠ᠃ ᠭᠡᠪᠠᠴᠤ ᠳᠠᠳᠠᠨ ᠤ ᠳᠤᠳᠤᠷᠠᠭᠢ ᠨᠢᠭᠡᠯᠡ ᠪᠢᠴᠢᠭᠡᠴᠢ ᠨᠢ ᠺᠤᠮᠫᠢᠦ᠋ᠲ᠋ᠧᠷ ᠶᠢᠡᠷ ᠠᠵᠢᠯᠯᠠᠬᠤ ᠳᠤ ᠨᠠᠯᠢᠶᠠᠳ ᠴᠠᠭᠠᠷᠠᠵᠤ ᠪᠣᠰᠤᠳ ᠬᠤᠷᠢᠨ ᠨᠢᠭᠡᠨ ᠭᠦᠮᠤᠨ ᠨᠢ ᠥᠰᠦᠭ᠌ ᠴᠤ ᠴᠤᠭᠢᠵᠤ ᠴᠢᠳᠠᠬᠤ ᠦᠭᠡᠶ ᠺᠤᠮᠫᠢᠦ᠋ᠲ᠋ᠧᠷ ᠤᠨ ᠪᠠᠯᠠᠢ᠌ᠴᠤᠳ ᠪᠠᠢ᠌ᠯ᠎ᠠ᠃ ᠳᠠᠳᠠᠨ ᠳᠤ ᠳᠠᠷᠠ ᠣᠯᠠᠨ ᠳᠡᠭᠡᠳᠤ ᠳᠠᠰ ᠤᠨ ᠺᠤᠮᠫᠢᠦ᠋ᠲ᠋ᠧᠷ ᠤᠳ ᠶᠠᠮᠠᠷ ᠭᠡᠷᠡᠭ᠍ᠴᠡᠭᠡ ᠲᠡᠶ ᠪᠣᠯ︖

B ᠪᠠᠢ᠌ᠭᠤᠯᠭ᠎ᠠ ᠶᠢᠨ ᠠᠷᠪᠠ ᠬᠤᠷᠢᠨ ᠺᠤᠮᠫᠢᠦ᠋ᠲ᠋ᠧᠷ ᠡᠳᠦᠷ ᠪᠦᠷᠢ ᠨᠡᠭᠡᠭᠡᠯᠳᠡ ᠲᠡᠶ ᠪᠠᠢ᠌ᠳᠠᠭ᠃ ᠺᠤᠮᠫᠢᠦ᠋ᠲ᠋ᠧᠷ ᠤᠨ ᠡᠮᠤᠨ᠎ᠡ ᠨᠢ ᠴᠠᠭ ᠢᠮᠠᠭᠳᠠ ᠭᠦᠮᠤᠨ ᠲᠡᠶ ᠴᠤ ᠪᠠᠢ᠌ᠳᠠᠭ᠃ ᠭᠡᠪᠠᠴᠤ ᠳᠠᠷᠠ ᠣᠯᠠᠨ ᠺᠤᠮᠫᠢᠦ᠋ᠲ᠋ᠧᠷ ᠲᠤ ᠬᠠᠮᠤᠭ ᠤᠨ ᠡᠩ ᠤᠨ ᠠᠯᠪᠠᠯᠠᠬᠤ ᠳᠤ ᠭᠡᠷᠡᠭᠯᠡᠭᠦ ᠵᠥᠭᠡᠯᠡᠨ ᠳᠤᠨᠤᠭᠯᠠᠯ ᠢ ᠣᠭᠰᠠᠷᠠᠭᠰᠠᠨ ᠮᠠᠰᠢᠨ ᠨᠢᠭᠡ ᠴᠤ ᠦᠭᠡᠶ ᠪᠠᠢ᠌ᠯ᠎ᠠ᠃ ᠳᠠᠳᠠ ᠺᠤᠮᠫᠢᠦ᠋ᠲ᠋ᠧᠷ ᠶᠢᠡᠷ ᠶᠠᠭᠤ ᠭᠢᠳᠡᠭ᠌ ᠪᠣᠯ︖

C ᠪᠠᠢ᠌ᠭᠤᠯᠭ᠎ᠠ ᠠᠯᠪᠠᠨ ᠭᠡᠷ ᠲᠡᠭᠡᠨ ᠺᠤᠮᠫᠢᠦ᠋ᠲ᠋ᠧᠷ ᠣᠷᠤᠭᠤᠯᠤᠭᠰᠠᠨ ᠡᠴᠠ ᠪᠢᠷ ᠭᠡᠷᠡᠭᠯᠡᠭᠦ ᠪᠠᠨ ᠪᠣᠯᠢᠴᠢᠬᠠᠯ᠎ᠠ᠃ ᠰᠦᠯᠵᠢᠶ᠎ᠠ ᠬᠤᠯᠪᠣᠭᠰᠠᠨ ᠡᠴᠠ ᠬᠣᠢ᠌ᠰᠢ ᠳᠠᠷᠢᠭᠢ ᠴᠤ ᠭᠡᠷᠡᠭᠯᠡᠭᠦ ᠪᠠᠨ ᠪᠣᠯᠢᠴᠢᠬᠠᠯ᠎ᠠ᠃ ᠳᠠᠳᠠ ᠳᠡᠭᠡᠭ᠍ᠰᠢ ᠳᠤᠭᠤᠭᠰᠢ ᠶᠠᠪᠣᠭᠤᠯᠬᠤ ᠪᠢᠴᠢᠭ᠌ ᠮᠠᠲ᠋ᠸᠷᠢᠶᠠᠯ ᠡᠴᠠ ᠡᠭᠢᠯᠡᠭᠡᠤᠨ᠂ ᠬᠤᠷᠠᠯ ᠰᠤᠷᠤᠯᠴᠠᠯᠭ᠎ᠠ ᠶᠢᠨ ᠶᠠᠷᠢᠶᠠᠨ ᠤ ᠨᠤᠤᠷᠠᠭ᠂ ᠲᠦᠰᠤᠯ ᠳᠦᠯᠦᠪᠯᠡᠭᠡ᠂ ᠮᠡᠳᠡᠭᠦᠯᠦᠯᠭᠡ ᠳ᠋ᠦ᠋ᠩᠨᠡᠯᠲᠡ᠂ ᠮᠡᠳᠡᠭᠡᠯᠡᠯ ᠴᠢᠮᠡᠭᠡᠯᠡᠯ᠂ ᠴᠢᠨᠠᠭᠰᠢᠯᠠᠪᠠᠯ ᠴᠢᠯᠦᠭᠡ ᠭᠤᠶᠤᠬᠤ ᠪᠢᠴᠢᠭ᠌ ᠶᠢᠡᠨ ᠴᠤ ᠪᠦᠷ ᠯᠠ ᠰᠦᠯᠵᠢᠶᠠᠨ ᠡᠴᠠ ᠪᠠᠭᠤᠯᠭᠠᠨ ᠨᠠᠷ᠎ᠠ ᠪᠠ ᠭᠡᠳᠤᠨ ᠳᠤᠭ᠎ᠠ ᠮᠠᠭᠠᠤᠨ ᠶᠢᠡᠨ ᠥᠭᠡᠷᠡᠴᠢᠯᠡᠭᠡᠤᠨ ᠳᠦᠩᠭᠡᠴᠢᠭᠡᠨ᠎ᠡ᠃ ᠪᠢᠷ ᠢ ᠭᠡᠷᠡᠭᠯᠡᠭᠦ ᠦᠭᠡᠶ ᠣᠳᠠᠴᠢᠬᠠᠪᠠᠯ ᠵᠢᠪᠠᠷᠴᠢᠭᠡᠳᠡᠭ᠌ ᠲᠡᠶ ᠠᠳᠠᠯᠢ ᠪᠠᠷ ᠳᠠᠷᠢᠭᠢ ᠶᠢ ᠭᠡᠷᠡᠭᠯᠡᠭᠦ ᠦᠭᠡᠶ ᠣᠳᠠᠴᠢᠬᠠᠪᠠᠯ ᠮᠤᠩᠬᠠᠭᠤᠷᠴᠢᠬᠠᠳᠠᠭ ᠶᠤᠮ ᠪᠢᠰᠢ ᠦᠦ︖

D ᠳᠤᠪᠴᠢᠶᠠᠨ ᠤ ᠪᠢᠴᠢᠭᠡᠴᠢ ᠵᠠᠯᠠᠭᠤ ᠶᠢᠨ ᠳᠡᠷᠭᠡᠳᠡ ᠳᠤᠯᠤᠭ᠎ᠠ ᠨᠢ᠋ᠮᠠᠨ ᠭᠦᠮᠤᠨ ᠨᠢᠵᠡᠭᠡᠤᠨ ᠳᠡᠪᠠᠷᠢᠭ᠌ ᠭᠦᠰᠦᠨᠦᠭ᠍ᠳᠤ ᠲᠡᠶ ᠵᠤᠭᠰᠤᠵᠠᠭᠠᠨ᠎ᠠ᠃ ᠳᠠᠳᠠ ᠦᠨᠳᠦᠰᠦᠨ ᠱᠠᠳᠤᠨ ᠡᠴᠠ ᠢᠷᠡᠭ᠍ᠰᠡᠨ ᠳᠤᠭ᠎ᠠ ᠪᠦᠷᠢᠦᠡᠭᠡᠯ ᠮᠡᠳᠡᠭᠦᠯᠦᠭ᠍ᠴᠢᠳ ᠪᠠᠢ᠌ᠯ᠎ᠠ᠃ ᠪᠢᠴᠢᠭᠡᠴᠢ ᠵᠠᠯᠠᠭᠤ ᠮᠠᠨᠢ ᠰᠦᠯᠵᠢᠶᠠᠨ ᠨᠠᠭᠠᠳᠤᠮ ᠳᠠᠭᠠᠨ ᠭᠡᠳᠤᠨ ᠠᠷᠪᠠᠨ ᠲᠦᠮᠡᠨ ᠳᠦᠭᠦᠷᠢᠭ᠌ ᠣᠯᠵᠠᠢ (ᠦᠨᠡᠨ ᠳᠡᠭᠡᠨ ᠶᠠᠮᠠᠷ ᠴᠤ ᠠᠰᠢᠭ ᠦᠭᠡᠶ ᠨᠠᠭᠠᠳᠤᠮ ᠤᠨ ᠬᠤᠪᠢ)᠂ ᠳᠤᠳᠠᠭᠤ ᠳᠤᠷᠭᠤᠨ ᠨᠠᠭᠠᠤᠠᠬᠤ ᠪᠠᠨ ᠵᠤᠭᠰᠤᠪᠠᠯ ᠠᠷᠪᠢᠨ ᠵᠤᠭᠤᠰ ᠠᠯᠳᠠᠴᠢᠬᠠᠨ᠎ᠠ ᠭᠡᠨ᠎ᠡ᠃ ᠪᠢᠴᠢᠭᠡᠴᠢ ᠵᠠᠯᠠᠭᠤ ᠶᠢᠨ ᠨᠠᠭᠠᠤᠠᠴᠤ ᠪᠠᠷᠠᠬᠤ ᠶᠢ ᠯᠠ ᠭᠦᠯᠢᠶᠡᠭᠦ ᠭᠡᠷᠡᠭ᠌᠃ ᠴᠠᠭ ᠮᠢᠨᠦ᠋ᠲ ᠮᠢᠨᠦ᠋ᠲ ᠶᠢᠡᠷ ᠥᠩᠭᠡᠷᠡᠭ᠍ᠰᠡᠭᠡᠷ ᠁

ᠣᠯᠤᠰ ᠡᠴᠠ ᠪᠠᠯᠠ ᠣᠷᠤᠭᠤᠯᠵᠤ ᠪᠠᠢ᠌ᠭᠤᠯᠤᠭᠰᠠᠨ ᠠᠯᠪᠠᠨ ᠭᠡᠷ ᠭᠡᠭ᠍ᠴᠢ ᠠᠵᠢᠯᠯᠠᠵᠤ ᠠᠯᠪᠠᠯᠠᠵᠤ᠂ ᠠᠷᠠᠤᠨ ᠲᠦᠮᠡᠨ ᠳᠤ ᠥᠢᠯᠡᠴᠢᠯᠡᠭᠦ ᠪᠠᠷ ᠪᠦᠳᠦᠭᠡᠨ ᠪᠠᠢ᠌ᠭᠤᠯᠤᠭᠰᠠᠨ ᠶᠤᠮ ᠰᠢᠤ︕ ᠳᠡᠭᠦᠨ ᠢ ᠡᠯᠸᠺᠲ᠋ᠷᠤᠨ ᠨᠠᠭᠠᠳᠤᠮ ᠤᠨ ᠭᠠᠵᠠᠷ ᠪᠣᠯᠭᠠᠵᠤ ᠪᠣᠯᠤᠨ᠎ᠠ ᠦᠦ ︖ ᠠᠯᠪᠠᠨ ᠭᠡᠷ ᠲᠤ ᠳᠤᠭᠢᠷᠠᠭᠤᠯᠤᠭᠰᠠᠨ ᠺᠤᠮᠫᠢᠦ᠋ᠲ᠋ᠧᠷ ᠴᠢᠨᠢ ᠠᠵᠢᠯᠯᠠᠵᠤ ᠠᠯᠪᠠᠯᠠᠬᠤ ᠳᠤ ᠭᠡᠷᠡᠭᠯᠡᠭᠦ ᠪᠠᠷ ᠳᠤᠭᠢᠷᠠᠭᠤᠯᠤᠭᠰᠠᠨ ᠪᠢᠰᠢ ᠦᠦ︖ ᠳᠡᠭᠦᠨ ᠶᠢᠡᠷ ᠪᠠᠬ᠎ᠠ ᠪᠠᠨ ᠬᠠᠨᠤᠭᠠᠬᠤ ᠵᠤᠭ᠎ᠠ ᠴᠡᠩᠭᠡᠯ ᠤᠨ ᠨᠠᠭᠠᠳᠤᠮ ᠤᠨ ᠪᠠᠭᠠᠵᠢ ᠪᠣᠯᠭᠠᠵᠤ ᠪᠣᠯᠬᠤ ᠦᠦ ︖

ᠣᠳᠤᠷᠢᠳᠤᠯᠭ᠎ᠠ ᠨᠡᠷ ᠮᠢᠨᠢ ᠡ︕ ᠪᠦᠭ᠍ᠴᠢᠮ ᠬᠠᠯᠠᠭᠤᠨ ᠦᠳᠡ ᠳᠤ᠂ ᠳᠦᠨᠠᠷ ᠬᠠᠷᠠᠩᠭ᠋ᠤᠢ ᠰᠦᠨᠢ ᠠᠷᠪᠠ ᠨᠢ᠋ᠮᠠᠭᠤᠯᠠ ᠪᠠᠨ ᠵᠢᠵᠢᠭ᠍‍ᠭᠡᠨ ᠥᠷᠦᠭᠡᠨ ᠳᠤ ᠭᠦᠯᠦᠰᠤ ᠣᠷᠤᠰᠬᠠᠨ ᠰᠢᠬᠠᠯᠳᠤᠵᠤ᠂ ᠰᠥᠮᠡᠯᠵᠡᠭ᠍ᠰᠡᠨ ᠪᠦᠳᠡᠭᠢ ᠭᠡᠷᠡᠯ ᠤᠨ ᠳᠤᠤᠷ᠎ᠠ ᠴᠠᠭ ᠨᠠᠮᠠᠨ ᠶᠠᠭᠠᠷᠠᠯᠳᠠᠢ ᠠᠵᠢᠯᠯᠠᠵᠤ ᠪᠠᠢ᠌ᠭ᠎ᠠ ᠪᠠᠭᠰᠢ ᠨᠡᠷ ᠢ ᠥᠵᠡᠭᠡᠴᠢ ᠳ᠋ᠠ︕ ᠵᠢᠷᠭᠤᠭ᠎ᠠ ᠳᠤᠯᠤᠭᠤᠯᠠ ᠪᠠᠨ ᠨᠢᠭᠡᠭᠡᠨ ᠮᠠᠰᠢᠨ ᠢ ᠮᠠᠨᠠᠵᠤ ᠳ᠋ᠤᠭᠠᠷ ᠪᠣᠯᠢᠶᠠᠯᠳᠤᠨ ᠵᠤᠭᠰᠤᠭ᠎ᠠ ᠭᠦᠭᠡᠷᠦᠭᠦᠢ ᠰᠤᠷᠤᠭᠴᠢᠳ ᠢ ᠦᠷᠦ ᠡᠪᠠᠦᠡᠳᠦᠭᠡᠴᠢ ᠳ᠋ᠠ᠃


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠣᠳᠤᠭ ᠬᠤᠰᠢᠭᠤᠨ ᠤ ᠬᠤᠳᠠ ᠭᠦᠳᠡᠭᠡ ᠶᠢᠨ ᠪᠦᠳᠦᠭᠡᠨ ᠪᠠᠢ᠌ᠭᠤᠯᠤᠯᠳᠠ ᠶᠢᠨ ᠳᠤᠪᠴᠢᠶ᠎ᠠ


ᠵᠤᠬᠢᠶᠠᠭᠴᠢ᠄ ᠡᠯᠪᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11061
ᠴᠠᠭ᠄ 2010 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ