ᠨᠡᠪᠲᠡᠷᠡᠨ ᠤᠷᠤᠬᠤ
ᠠᠪᠣ ᠪᠠᠨ ᠮᠥᠷᠦᠭᠡᠳᠭᠦ ᠨᠢ

ᠠᠭᠠᠷ ᠳᠡᠭ᠍ᠷᠢ ᠶᠢᠨ ᠠᠪᠣᠷᠭᠤ ᠤᠳᠤᠨ ᠰᠢᠭ

ᠠᠭᠤᠰᠭᠢᠨ ᠪᠣᠳᠤᠯ ᠢ ᠡᠵᠡᠮᠳᠡᠭ᠍ᠰᠡᠨ

ᠠᠷᠤ ᠭᠡᠷ ᠤᠨ ᠠᠮᠢᠳᠤ ᠪᠣᠷᠬᠠᠨ ᠰᠢᠭ

ᠠᠩᠭ᠋᠎ᠠ ᠥᠷ᠎ᠡ ᠳᠡᠭᠡᠨ ᠰᠠᠨᠠᠭᠳᠠᠭᠰᠠᠨ

ᠠᠴᠢᠯᠠᠯ ᠶᠡᠭᠡᠳᠡᠢ ᠠᠪᠣ ᠮᠢᠨᠢ ᠡ

ᠠᠷᠪᠠᠨ ᠬᠡᠦᠬᠡᠳ ᠴᠢᠨᠢ ᠰᠠᠨᠠᠵᠤ ᠪᠠᠢ᠌ᠨ᠎ᠠ

ᠠᠷᠤ ᠶᠢᠨ ᠵᠤᠤ ᠳᠠᠭᠠᠨ ᠵᠤᠭᠰᠤᠭᠠᠤᠨ

ᠠᠯᠤᠰ ᠤᠨ ᠪᠠᠷ᠎ᠠ ᠡᠴᠡ ᠡᠷᠢᠵᠤ ᠪᠠᠢ᠌ᠨ᠎ᠠ

ᠡᠨᠡᠷᠢᠯ ᠬᠠᠢ᠌ᠷ᠎ᠠ ᠶᠢᠨ ᠬᠠᠷᠠᠴᠠ ᠴᠢᠨᠢ

ᠡᠭᠦᠯᠡᠨ ᠴᠠᠭᠠᠨ᠎ᠠ ᠡᠴᠡ ᠬᠠᠷᠠᠭᠳᠠᠬᠤ ᠶᠤᠮ

ᠡᠯᠪᠠᠷᠢᠯ ᠰᠡᠳᠭᠢᠯ ᠤᠨ ᠰᠤᠷᠭᠠᠯ ᠴᠢᠨᠢ

ᠡᠪᠴᠢᠭᠦᠨ ᠳᠤᠳᠤᠷ᠎ᠠ ᠡᠴᠡ ᠪᠣᠳᠤᠭᠳᠠᠬᠤ ᠶᠤᠮ

ᠡᠶᠡᠯᠳᠡᠭ᠌ ᠶᠠᠪᠣᠭᠰᠠᠨ ᠳᠡᠦᠭᠡ ᠴᠢᠨᠢ

ᠡᠪᠦᠭᠡᠴᠦᠦᠯ ᠤᠨ ᠳᠤᠮᠳᠠ ᠶᠠᠷᠢᠭᠳᠠᠬᠤ ᠶᠤᠮ

ᠡᠷᠡᠰ ᠰᠢᠯᠤᠭᠤᠨ ᠤᠪᠦᠷ ᠴᠢᠨᠢ

ᠡᠨᠡ ᠵᠠᠭᠤᠨ᠎ᠠ ᠮᠥᠩᠭᠡᠵᠢᠭᠦ ᠶᠤᠮ

ᠨᠢᠭᠡᠳᠦᠯ ᠪᠠᠷᠢᠭᠠᠳᠠ ᠶᠢᠨ ᠥᠶ᠎ᠡ ᠡᠴᠡ

ᠨᠢᠮᠪᠠᠢ ᠰᠠᠩ ᠬᠠᠮᠢᠶᠠᠷᠤᠭᠴᠢ ᠠᠪᠣ ᠮᠢᠨᠢ

ᠨᠢᠭᠡ ᠮᠥᠩᠭᠦ ᠶᠢᠨ ᠡ᠊ᠨᠳᠡᠯ ᠥᠭᠡᠢ

ᠨᠢᠭᠳᠠ ᠠᠵᠢᠯᠯᠠᠭᠰᠠᠨ ᠠᠪᠣ ᠮᠢᠨᠢ

ᠨᠡᠢ᠌ᠭᠡᠮ ᠳᠡᠦᠭᠡ ᠶᠢᠨ ᠥᠢᠮᠡᠭᠡᠨ ᠳ᠋ᠤ

ᠨᠠᠢ᠌ᠭᠤᠵᠤ ᠬᠤᠪᠢᠷᠠᠭᠰᠠᠨ ᠥᠭᠡᠢ ᠠᠪᠣ ᠮᠢᠨᠢ

ᠨᠠᠮ ᠲᠦᠷᠦ ᠳᠡᠭᠡᠨ ᠥᠨᠡᠡᠴᠢ

ᠨᠠᠰᠤ ᠪᠠᠷ ᠶᠢᠡᠷ ᠵᠢᠦᠡᠭᠦᠭ᠍ᠰᠡᠨ ᠠᠪᠣ ᠮᠢᠨᠢ

ᠬᠤᠷᠸ᠎ᠠ ᠶᠢᠨ ᠭᠦᠡᠳᠤ ᠳᠠᠷᠤᠭᠠᠰᠤ ᠵᠢ

ᠬᠤᠶᠠᠷ ᠮᠥᠷᠦᠯᠡᠭ᠍ᠰᠡᠨ ᠠᠪᠣ ᠮᠢᠨᠢ

ᠬᠣᠢ᠌ᠬᠤᠷ ᠬᠤᠪᠴᠢ ᠵᠠᠩ ᠳ᠋ᠤ

ᠬᠤᠪᠳᠤᠯ ᠡᠴᠡ ᠪᠠᠨ ᠵᠢᠭ᠍ᠰᠢᠭᠦ ᠠᠪᠣ ᠮᠢᠨᠢ

ᠬᠤᠶᠠᠭ ᠴᠡᠷᠢᠭ᠌ ᠤᠨ ᠠᠯᠪᠠ ᠳ᠋ᠠᠭᠠᠨ

ᠬᠤᠰᠢᠭᠤᠴᠢ ᠴᠤᠯᠠ ᠲᠡᠶ ᠠᠪᠣ ᠮᠢᠨᠢ

ᠬᠤᠷᠰᠢᠶ᠎ᠠ ᠨᠢᠭᠡᠳᠦᠯ ᠤᠨ ᠴᠠᠭ ᠡᠴᠡ

ᠬᠤᠪᠢ ᠪᠠᠨ ᠪᠣᠳᠤᠭᠰᠠᠨ ᠥᠭᠡᠢ ᠠᠪᠣ ᠮᠢᠨᠢ

ᠭᠠᠴᠠᠭ᠎ᠠ ᠬᠤᠪᠢ ᠶᠢᠨ ᠠᠵᠢᠯ ᠳ᠋ᠠᠭᠠᠨ

ᠭᠠᠷᠭᠠᠮᠠᠢ᠌ᠯᠠᠵᠤ ᠶᠠᠪᠣᠭᠰᠠᠨ ᠠᠪᠣ ᠮᠢᠨᠢ

ᠭᠠᠩᠪᠠᠷ ᠮᠥᠩᠭᠦ ᠶᠢ ᠴᠤᠭᠯᠠᠭᠤᠯᠵᠤ

ᠭᠠᠮᠨᠠᠨ ᠠᠷᠪᠢᠯᠠᠭᠰᠠᠨ ᠠᠪᠣ ᠮᠢᠨᠢ

ᠭᠠᠴᠢᠭᠳᠠᠯ ᠳᠦᠪᠠᠭ᠌ ᠢ ᠳᠤᠭᠤᠯᠠᠨ

ᠭᠠᠯ ᠭᠤᠯᠤᠮᠳᠠ ᠪᠠᠨ ᠪᠣᠰᠬᠠᠬᠤ ᠠᠪᠣ ᠮᠢᠨᠢ

ᠭᠠᠪᠢᠶ᠎ᠠ ᠵᠢᠦᠡᠭᠦᠯ ᠤᠨ ᠳᠠᠭᠤᠤ ᠳᠠᠢ

ᠭᠠᠯᠪᠠ ᠳᠠᠭᠠᠨ ᠮᠥᠩᠭᠡᠷᠡᠭᠦ ᠠᠪᠣ ᠮᠢᠨᠢ

ᠭᠡᠭ᠍ᠰᠡᠢ᠌ᠵᠤ ᠰᠦᠷ ᠵᠠᠩᠨᠠᠳᠠᠭ ᠴᠤ

ᠭᠡᠳᠡᠷᠯᠡᠵᠤ ᠵᠤᠳᠤᠳᠠᠭ ᠥᠭᠡᠢ ᠠᠪᠣ ᠮᠢᠨᠢ

ᠭᠡᠳᠦᠭᠡᠨ ᠭᠡᠰᠡᠭ᠌ ᠪᠣᠭᠤᠷᠰᠤᠭ ᠵᠢᠠᠨ

ᠭᠡᠷᠴᠢᠵᠤ ᠬᠤᠪᠢᠶᠠᠳᠠᠭ ᠠᠪᠣ ᠮᠢᠨᠢ

ᠬᠡᠦᠬᠡᠳ ᠨᠢ ᠳᠤᠮᠤᠵᠢᠬᠤ ᠪᠣᠯᠬᠤ ᠳ᠋ᠤ

ᠭᠡᠳᠦᠷᠭᠡᠢ ᠡᠪᠠᠦᠡᠴᠢᠯᠡᠭ᠍ᠰᠡᠨ ᠠᠪᠣ ᠮᠢᠨᠢ

ᠭᠡᠴᠦᠨᠡᠨ ᠭᠤᠨᠢᠭ ᠵᠥᠳᠡᠭᠦᠷᠢ ᠵᠢ

ᠭᠡᠭᠦᠳᠡᠭ ᠲᠡᠭᠡᠨ ᠳᠠᠷᠤᠭᠰᠠᠨ ᠠᠪᠣ ᠮᠢᠨᠢ

ᠠᠩᠬ᠎ᠠ ᠡᠪᠦᠯ ᠤᠨ ᠳᠦᠷᠦᠭᠦᠤ ᠴᠠᠰᠤᠨ᠎ᠠ

ᠠᠷᠢᠶᠠᠪᠠᠯᠤ ᠳᠠᠭᠠᠨ ᠵᠤᠯᠭᠤᠭᠰᠠᠨ ᠶᠤᠮ

ᠠᠷᠢᠭᠤᠨ ᠭᠡᠭᠡᠡᠴᠡᠷ ᠴᠤᠭᠴᠠᠰ ᠴᠢᠨᠢ

ᠠᠯᠳᠠᠨ ᠳᠡᠯᠡᠭᠡᠢ ᠡᠴᠡ ᠮᠤᠷᠳᠠᠭᠰᠠᠨ ᠶᠤᠮ

ᠠᠷᠭᠠᠳᠠᠵᠤ ᠥᠰᠭᠡᠭ᠍ᠰᠡᠨ ᠥᠷ᠎ᠡ ᠭᠡᠦᠭᠡᠨ ᠴᠢᠨᠢ

ᠠᠪᠣ ᠪᠠᠨ ᠥᠭᠡᠢ᠌ᠯᠡᠨ ᠳᠤᠷᠠᠰᠴᠤ ᠪᠠᠢ᠌ᠨ᠎ᠠ

ᠠᠭᠤᠰᠭᠢ ᠵᠢᠷᠦᠭᠡᠨ ᠤ ᠤᠶᠠᠷᠠᠯ ᠤᠨ ᠬᠤᠷ᠎ᠠ

ᠠᠷᠴᠢᠬᠤ ᠵᠠᠪ ᠥᠭᠡᠢ ᠳᠤᠰᠤᠯᠠᠵᠤ ᠪᠠᠢ᠌ᠨ᠎ᠠ


2009-6-19

ᠵᠤᠬᠢᠶᠠᠭᠴᠢ᠄ ᠰᠠᠢ᠌ᠬᠠᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3188
ᠴᠠᠭ᠄ 2009 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ