☆ ᠬᠠ᠊·ᠯᠢᠩᠬᠸ᠎ᠠ
ᠵᠤᠯᠵᠠᠭᠠᠨ ᠰᠠᠮᠵᠠ ᠡᠷᠳᠡᠨᠢ ᠰᠢᠰᠢ ᠮᠤᠯᠳᠤᠯᠪᠠᠢ
ᠵᠠᠯᠭ᠎ᠠ ᠳᠦᠭᠦᠷᠡᠩ ᠡᠷᠳᠡᠨᠢ ᠰᠢᠰᠢ
ᠵᠠᠯᠠᠭ᠎ᠠ ᠰᠠᠠᠵᠢᠭᠨᠠᠭᠤᠯᠤᠨ ᠵᠤᠭᠰᠤᠯᠴᠠᠨᠠ
ᠵᠤᠯᠵᠠᠭᠠᠨ ᠰᠠᠮᠵᠠ ᠰᠠᠭᠰᠤ ᠲᠤᠬᠤᠢ᠌ᠯᠠᠨ
ᠵᠤᠷᠬ᠎ᠠ ᠪᠠᠷ ᠱᠤᠭᠰᠢᠨ ᠮᠤᠯᠳᠤᠯᠠᠨᠠ
ᠵᠡᠭᠦᠡᠰᠢ ᠪᠠᠷᠠᠭᠤᠠᠰᠢ ᠰᠠᠷᠠᠪᠴᠢᠯᠠᠭᠠᠤᠨ
ᠵᠢᠭᠠᠬᠠᠨ ᠴᠤ ᠠᠨᠢᠷ ᠴᠢᠮᠡᠭᠡ ᠠᠯᠠᠭ᠎ᠠ
ᠵᠢᠷᠦᠭᠡ ᠳᠦᠭ᠍ᠰᠢᠭᠦᠯᠤᠨ ᠡᠮᠢᠶᠡᠭ᠍ᠰᠡᠭᠡᠷ
ᠵᠡᠭᠦᠨ ᠦᠵᠦᠭᠦᠷ ᠲᠤ ᠭᠠᠷᠬᠤᠯ᠎ᠠ
ᠵᠠᠬ᠎ᠠ ᠪᠠᠷ ᠬᠤᠭᠤᠯᠵᠤ ᠪᠠᠢ᠌ᠭᠰᠠᠨ ᠳᠤᠮᠤᠴᠤᠤᠯ
ᠵᠠᠭᠤᠢ ᠬᠤᠯᠠ ᠣᠷᠭᠢᠭᠠᠤᠨ ᠶᠠᠪᠣᠴᠢᠬᠠᠵᠠᠢ
ᠵᠢᠷᠭᠤᠭᠠᠨ ᠬᠤᠪᠢ ᠳᠡᠮᠳᠡᠭᠯᠡᠭ᠍ᠰᠡᠨ ᠴᠤ ᠶᠠᠭᠠᠭᠢᠬᠤᠪ
ᠵᠠᠭᠤᠨ ᠵᠢᠩ ᠪᠣᠳᠠᠭ᠎ᠠ ᠴᠤ ᠣᠯᠤᠶ᠎ᠠ ᠭᠡᠮᠡᠨ
ᠵᠤᠷᠢᠭᠯᠠᠨ ᠵᠤᠷᠢᠭᠯᠠᠨ ᠬᠤᠭᠤᠯᠤᠯᠠ
ᠵᠦᠷᠢᠯᠳᠤᠨ ᠵᠦᠷᠢᠯᠳᠤᠨ ᠳᠤᠭᠤᠯᠴᠠᠭᠠᠤᠨ
ᠵᠡᠭᠦᠡᠳᠡᠢ ᠡᠴᠠ ᠨᠠᠷᠠᠨ ᠮᠠᠠᠳᠤᠭᠠᠤᠨ
ᠵᠠᠪᠰᠠᠷᠯᠠᠬᠤ ᠦᠳᠡ ᠪᠣᠯᠳᠠᠯ᠎ᠠ
ᠵᠥᠭ᠌ ᠭᠠᠷᠤᠭ᠎ᠠ ᠦᠭᠡᠶ᠁
ᠦᠳᠡ ᠶᠢᠨ ᠬᠤᠭᠤᠯᠠ ᠪᠠᠨ ᠵᠤᠭᠤᠭᠯᠠ ᠭᠡᠳ
ᠡᠷᠭᠢᠮ ᠨᠤᠶᠠᠨ ᠪᠠᠷᠭᠢᠷᠠᠬᠤ ᠰᠤᠨᠤᠰᠳᠠᠨ᠎ᠠ
ᠡᠮᠧ ᠶᠢᠨ ᠴᠠᠢ᠌ᠷ ᠤᠨ ᠰᠠᠪᠠᠨ ᠳᠤ ᠭᠢᠭ᠍ᠰᠡᠨ
ᠠᠮᠳᠠᠳᠤ ᠲᠦᠮᠦᠰᠦᠨ ᠬᠠᠭᠤᠷᠯᠠᠭᠠ ᠲᠡᠶ ᠪᠣᠳᠠᠭ᠎ᠠ ᠪᠠᠨ
ᠠᠮᠠᠷᠠᠬᠤ ᠭᠡᠷ ᠤᠨ ᠵᠤᠤᠬᠠᠨ ᠨᠤᠷᠠᠮ ᠳᠤ ᠬᠠᠯᠠᠭᠠᠭᠠᠤᠨ
ᠠᠮᠠ ᠬᠠᠮᠠᠷ ᠶᠢᠡᠨ ᠣᠯᠬᠤ ᠦᠭᠡᠶ ᠴᠢᠭᠢᠯᠠ
ᠠᠩᠭ᠎ᠠ ᠭᠡᠳᠤᠨ ᠵᠤᠷᠬ᠎ᠠ ᠬᠤᠭᠤᠯᠤᠭᠰᠠᠨ ᠪᠣᠢ ᠭᠡᠵᠤ
ᠠᠰᠠᠭᠤᠭᠰᠠᠨ ᠭᠦᠮᠤᠨ ᠪᠠᠢ᠌ᠭ᠎ᠠ ᠥᠭᠡᠢ
ᠠᠩᠬᠠᠷᠤᠭᠤᠯᠵᠤ ᠭᠡᠳᠤᠨ ᠬᠤᠪᠢ ᠦᠭᠭᠦᠯ᠎ᠡ ᠭᠡᠵᠤ
ᠮᠡᠳᠡᠭ᠍ᠳᠡᠭ᠍ᠰᠡᠨ ᠭᠦᠮᠤᠨ ᠴᠤ ᠪᠠᠢ᠌ᠬᠤ ᠥᠭᠡᠢ
ᠡᠳᠦᠭᠡ ᠪᠣᠳᠤᠬᠤᠯ᠎ᠠ ᠭᠡᠳᠦᠢ ᠭᠢᠭ᠍ᠰᠡᠨ ᠨᠢ ᠴᠢᠬᠤᠯᠠ ᠪᠢᠰᠢ
ᠣᠷᠤᠯᠴᠠᠭᠰᠠᠨ ᠪᠦᠭᠦᠨ ᠬᠤᠪᠢ ᠲᠡᠶ ᠠᠵᠤᠭᠤ
ᠣᠰᠤᠨ ᠭᠠᠩ ᠡᠴᠠ ᠬᠤᠯᠤ ᠪᠠᠷ ᠤᠳᠬᠤᠨ
ᠠᠰᠠᠭᠵᠤ ᠴᠢᠳᠬᠤᠨ ᠭᠡᠳᠤ ᠣᠭᠤᠴᠢᠯᠠ
ᠭᠦᠳᠡᠯᠵᠡᠭᠡᠶᠡ ︕ ᠭᠡᠳ ᠵᠠᠷᠯᠢᠭᠳᠠᠯ᠎ᠠ
ᠭᠦᠯ ᠭᠠᠷ ᠨᠢ ᠣᠷᠳᠤ ᠠᠬᠠᠰ ᠭᠦᠮᠦᠰ ᠤᠳ
ᠬᠤᠶᠠᠷ ᠳᠠᠰᠢ ᠪᠠᠨ ᠰᠠᠷᠪᠠᠢ᠌ᠪᠠᠯ ᠪᠣᠯᠤᠴᠢᠬᠠᠨᠠ
ᠭᠦᠭᠡᠷᠦᠭᠦᠢ ᠰᠠᠷᠮᠠᠭᠴᠢᠨ ᠪᠢ
ᠬᠤᠤᠰ ᠵᠤᠷᠬ᠎ᠠ ᠶᠢᠨ ᠳᠤᠮᠳᠠᠭᠤᠷ
ᠬᠠᠮᠢᠭᠠᠰᠢ ᠪᠠᠨ ᠰᠠᠷᠮᠠᠭᠠᠤᠨ ᠴᠤ ᠭᠦᠷᠭᠦ ᠥᠭᠡᠢ
ᠭᠦᠮᠤᠨ ᠡᠴᠠ ᠪᠣᠤ ᠯᠠ ᠬᠤᠴᠤᠷᠤᠶ᠎ᠠ ᠭᠡᠳ
ᠭᠦᠴᠤ ᠮᠠᠳᠠᠨ ᠡᠢ᠌ᠰᠢ ᠳᠠᠢ᠌ᠰᠢ ᠵᠢᠷᠤᠭᠠᠯᠠᠨ᠎ᠠ
ᠭᠦᠷᠳᠤᠨ ᠨᠠᠷᠠ ᠱᠤᠭᠯᠠᠨ ᠢᠨᠢᠶᠡᠮᠰᠦᠭᠯᠡᠨ᠎ᠡ
ᠭᠦᠭ᠌ ᠤᠨ ᠰᠠᠮᠵᠠ ᠨᠢᠳᠤ ᠳᠤᠷᠮᠤᠯᠵᠠᠭᠤᠯᠤᠨ
ᠬᠤᠭᠤᠰᠤᠨ ᠰᠠᠭᠰᠤ ᠲᠡᠶ ᠪᠠᠨ ᠬᠠᠷᠢᠯ᠎ᠠ
ᠭᠦᠯᠢᠶᠡᠵᠤ ᠪᠠᠢ᠌ᠭᠰᠠᠨ ᠡᠮᠧ ᠮᠢᠨᠢ
ᠬᠠᠭᠰᠠᠭᠠᠮᠠᠯ ᠰᠢᠷ᠎ᠠ ᠪᠣᠤᠪᠣ
ᠬᠤᠨᠢᠨ ᠮᠢᠬ᠎ᠠ ᠲᠡᠶ ᠪᠣᠷᠴᠠᠭ ᠨᠤᠭᠤᠭ᠎ᠠ ᠢᠳᠡᠭᠦᠯᠦᠯᠡ
ᠭᠦᠯᠦᠰᠤ ᠣᠷᠤᠰᠬᠠᠭᠰᠠᠨ ᠶᠤᠮ ᠴᠢᠨᠢ
ᠬᠠᠷ᠎ᠠ ᠪᠣᠳᠠᠭ᠎ᠠ ᠠᠪᠬᠤ ᠳᠤ ᠨᠢᠭᠤᠷ ᠲᠡᠶ ᠭᠡᠵᠤ ᠪᠣᠳᠤᠳᠠᠭ
ᠬᠤᠳᠡᠢ ᠪᠠᠨ ᠪᠠᠷᠢᠭᠠᠤᠨ ᠣᠴᠢᠬᠤᠯᠠᠷ
ᠭᠡᠮᠵᠢᠭ᠍ᠰᠡᠨ ᠦᠭᠡᠶ ᠳᠦᠭᠦᠷᠭᠡᠨ ᠦᠭᠭᠦᠯ᠎ᠡ
ᠭᠦᠭ᠍ᠰᠡᠨ ᠪᠠᠶᠠᠷᠯᠠᠨ ᠠᠪᠴᠢᠷᠠᠭᠠᠤᠨ ᠡᠵᠢ ᠲᠡᠶ ᠪᠠᠨ ᠴᠠᠢ᠌ᠯᠭᠠᠯᠠ
ᠬᠠᠢ᠌ᠷᠠᠯᠠᠯᠳᠠᠢ ᠳᠤᠷᠠᠰᠤᠯᠳᠠᠢ ᠨᠤᠳᠤᠭ ᠤᠨ ᠵᠢᠠᠨ
ᠬᠠᠷᠠᠮ ᠦᠭᠡᠶ ᠦᠷᠦᠪᠴᠢᠭᠡᠨ ᠰᠡᠳᠭᠢᠯᠳᠠᠨ ᠪᠦᠭᠦᠨ ᠢ
ᠭᠡᠵᠢᠶᠡᠳᠡ ᠮᠠᠷᠳᠠᠰᠢ ᠦᠭᠡᠶ ᠰᠠᠨᠠᠵᠤ ᠶᠠᠪᠣᠨ᠎ᠠ
2012 ᠣᠨ ᠤ 12 ᠰᠠᠷ᠎ᠠ ᠵᠢᠨ 19 ᠊ᠤ ᠡᠳᠦᠷ
ᠵᠤᠬᠢᠶᠠᠭᠴᠢ ᠶᠢᠨ ᠬᠠᠶᠢᠭ ᠄ ᠰᠦᠨᠢᠳ ᠵᠡᠭᠦᠨ ᠬᠤᠰᠢᠭᠤ
ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10115
ᠴᠠᠭ᠄ 2012 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ