ᠨᠡᠪᠲᠡᠷᠡᠨ ᠤᠷᠤᠬᠤ
ᠪᠦᠮᠪᠦᠷᠴᠡᠭ᠌ ᠤᠨ ᠳᠠᠭᠤᠯᠠᠯ

        ᠪᠦᠮᠪᠦᠷᠴᠡᠭ᠌

                  ᠽᠠᠮᠪᠣᠳᠢᠪ ᠭᠡᠵᠤ ᠰᠠᠷᠠᠨ ᠨᠠᠷᠠᠨ ᠶᠢᠡᠷ ᠭᠡᠢ᠌ᠭᠦᠯᠦᠭ᠍ᠰᠡᠨ ᠣᠷᠴᠢᠯᠠᠩ

                  ᠰᠠᠢ᠌ᠬᠠᠨ ᠨᠢ ᠭᠡᠵᠤ ᠠᠮᠢ ᠳᠡᠭᠡᠭᠡᠭ᠍ᠰᠡᠨ ᠴᠡᠩᠭᠡᠷ ᠪᠦᠮᠪᠦᠷᠴᠡᠭ᠌


ᠽᠠᠮᠪᠣᠳᠢᠪ ᠤᠨ ᠴᠡᠩᠭᠡᠷ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠮᠪᠦᠷᠴᠡᠭ᠌ ᠳᠡᠭᠡᠷ᠎ᠡ

ᠰᠠᠷᠠᠨ ᠡᠩᠭᠦᠷᠡᠢ᠌ᠯᠡᠵᠤ ᠰᠡᠭᠦᠳᠡᠷ ᠶᠢᠡᠨ ᠣᠨᠠᠭᠠᠵᠤ ᠳᠤᠰᠬᠠᠭ᠎ᠠ ᠥᠭᠡᠢ

ᠳᠡᠭ᠍ᠷᠢ ᠶᠢᠨ ᠨᠠᠷᠠᠨ ᠢᠯᠴᠢ ᠪᠠᠨ ᠥᠭ᠍ᠴᠤ ᠳᠤᠯᠠᠭᠠᠴᠠᠭᠤᠯᠳᠠᠭ ᠶᠤᠮ᠃

ᠽᠠᠮᠪᠣᠳᠢᠪ ᠤᠨ ᠴᠡᠩᠭᠡᠷ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠮᠪᠦᠷᠴᠡᠭ᠌ ᠳᠡᠭᠡᠷ᠎ᠡ

ᠴᠠᠭ ᠬᠠᠢ᠌ᠷ᠎ᠠ ᠢᠪᠠᠭᠡᠵᠤ ᠣᠷᠤᠮ ᠶᠢᠡᠨ ᠥᠯᠡᠳᠡᠭᠡᠵᠤ ᠵᠢᠷᠤᠭ᠎ᠠ ᠥᠭᠡᠢ

ᠴᠡᠭᠡᠨ ᠭᠡᠷᠡᠯ ᠲᠡᠶ ᠣᠳᠤᠳ ᠰᠦᠨᠢᠵᠢᠨ ᠬᠠᠨᠢ ᠪᠣᠯᠵᠤ ᠪᠠᠷᠠᠭᠠᠯᠠᠳᠠᠭ ᠶᠤᠮ᠃

ᠽᠠᠮᠪᠣᠳᠢᠪ ᠤᠨ ᠴᠡᠩᠭᠡᠷ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠮᠪᠦᠷᠴᠡᠭ᠌ ᠳᠡᠭᠡᠷ᠎ᠡ

ᠠᠶᠤᠩᠭ᠎ᠠ ᠶᠢᠨ ᠠᠷᠭᠢᠷᠠᠭᠰᠠᠨ ᠳᠠᠭᠤᠨ ᠠᠶᠤᠵᠤ ᠥᠯᠡᠳᠡᠭᠡ ᠥᠭᠡᠢ

ᠭᠢᠯᠪᠠᠭᠠᠨ ᠳᠡᠭ᠍ᠷᠢ ᠶᠢᠨ ᠬᠠᠶᠠᠭ᠎ᠠ ᠭᠦᠷᠦᠭᠡᠳ ᠵᠠᠮᠬᠠᠷᠠᠳᠠᠭ ᠶᠤᠮ᠃

ᠽᠠᠮᠪᠣᠳᠢᠪ ᠤᠨ ᠴᠡᠩᠭᠡᠷ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠮᠪᠦᠷᠴᠡᠭ᠌ ᠳᠡᠭᠡᠷ᠎ᠡ

ᠰᠠᠯᠭᠢᠨ ᠳᠠᠢ᠌ᠹᠧᠩ ᠪᠣᠯᠤᠭᠰᠠᠨ ᠴᠤ ᠳᠤᠭᠳᠠᠵᠤ ᠴᠢᠳᠠᠭ᠎ᠠ ᠥᠭᠡᠢ

ᠴᠠᠭᠢᠯᠤᠭᠰᠠᠨ ᠰᠤᠯᠢᠷ ᠭᠠᠵᠠᠷ ᠲᠤ ᠨᠢ ᠣᠨᠠᠭᠠᠤᠨ ᠰᠥᠢᠷᠡᠳᠡᠭ᠌ ᠶᠤᠮ᠃


            

         ᠪᠠᠢ᠌ᠭᠠᠯᠢ

                ᠪᠠᠢ᠌ᠭᠠᠯᠢ ᠭᠡᠵᠤ ᠪᠠᠢ᠌ᠭ᠎ᠠ ᠯᠠ ᠣᠷᠤᠰᠢᠬᠤᠢ ᠶᠤᠮ

                ᠪᠠᠢ᠌ᠭᠰᠠᠨ ᠪᠦᠭᠦᠨ ᠢ ᠨᠢ ᠡᠳ᠋ᠯᠡᠳᠡᠭ᠌ ᠣᠷᠴᠢᠬᠤᠢ ᠶᠤᠮ


ᠭᠦᠯ ᠳᠤ ᠳᠡᠭᠡᠭ᠌ ᠪᠣᠯᠤᠭᠰᠠᠨ ᠪᠣᠷᠤ ᠴᠢᠯᠠᠭᠤ ᠳᠤ ᠪᠣᠤ ᠠᠭᠰᠤᠮᠨᠠ

ᠭᠦᠡᠳᠡᠯᠡᠨ ᠤ ᠨᠡᠢ᠌ᠭᠡᠮ ᠳᠤ ᠠᠯᠬᠤᠬᠤ ᠳᠤ ᠰᠦᠰᠦ ᠴᠢᠨᠢ ᠴᠢᠩᠭ᠋ᠠᠷᠠᠨ᠎ᠠ᠃

ᠪᠣᠷᠭᠠᠰᠤᠨ ᠲᠤ ᠡᠭᠦᠷᠯᠡᠳᠡᠭ᠌ ᠪᠣᠷᠤ ᠪᠢᠯᠵᠤᠤᠬᠠᠢ ᠳᠤ ᠪᠣᠤ ᠠᠭᠤᠷᠯᠠ

ᠪᠣᠳᠠᠭ᠎ᠠ ᠵᠥᠭᠡᠭᠡᠭ᠍ᠰᠡᠨ ᠴᠤ ᠪᠣᠶᠠᠨ ᠭᠡᠰᠢᠭ᠌ ᠤᠨ ᠴᠢᠨᠢ ᠭᠦᠨᠡᠰᠤ ᠶᠢ ᠬᠤᠷᠠᠮᠳᠠᠭᠤᠯᠤᠨ᠎ᠠ᠃

ᠳᠡᠯᠭᠡᠷᠡᠵᠤ ᠪᠠᠢ᠌ᠭᠰᠠᠨ ᠴᠡᠴᠡᠭ᠌ ᠢ ᠳᠤᠷᠠᠯᠠᠭᠰᠠᠨ ᠰᠡᠳᠭᠢᠯ ᠶᠢᠡᠷ ᠪᠣᠤ ᠳᠠᠰᠤᠳᠠ

ᠳᠡᠭᠡᠷ᠎ᠡ ᠨᠢ ᠪᠦᠮᠪᠦᠷᠢᠭᠦ ᠰᠢᠭᠦᠳᠡᠷᠢ ᠶᠢᠨ ᠮᠦᠩᠭᠦᠨ ᠳᠤᠰᠤᠯ ᠰᠢᠷᠣᠢ᠌ᠳᠠᠴᠢᠬᠠᠨ᠎ᠠ᠃

ᠦᠷᠭᠦᠵᠤ ᠳᠤᠳᠠᠭᠠᠭᠰᠠᠨ ᠭᠠᠭᠴᠠ ᠬᠤᠶᠠᠷ ᠥᠨᠡᠭᠡ ᠴᠢᠨ᠋ᠸ᠎ᠠ ᠶᠢ ᠪᠣᠤ ᠬᠤᠷᠤᠭ᠎ᠠ

ᠦᠯᠠᠳᠠᠵᠤ ᠬᠤᠴᠤᠷᠤᠭᠰᠠᠨ ᠠᠳᠤᠭᠤᠨ ᠳᠤ ᠴᠢᠨᠢ ᠳᠠᠷ ᠨᠠᠮᠠᠵᠤ ᠬᠠᠢ᠌ᠷᠠᠯᠠᠨ᠎ᠠ᠃


        ᠭᠦᠮᠤᠨ

              ᠪᠠᠢ᠌ᠭᠠᠯᠢ ᠪᠠᠨ ᠳᠠᠨᠢᠭᠠᠳᠤᠢ ᠪᠠᠢ᠌ᠬᠤ ᠳᠤ ᠪᠠᠯᠠᠷ ᠭᠦᠮᠤᠨ

              ᠪᠠᠶᠠᠯᠢᠭ ᠢ ᠨᠢ ᠮᠡᠳᠡᠭᠦ ᠳᠤ ᠳᠡᠭᠡᠳᠤ ᠵᠡᠷᠭᠡ ᠶᠢᠨ ᠠᠮᠢᠳᠠᠨ


ᠭᠠᠯᠪᠠ ᠳᠤ ᠭᠠᠭᠴᠠ ᠪᠦᠮᠪᠦᠷᠴᠡᠭ᠌ ᠤᠨ ᠶᠢᠡᠨ ᠨᠠᠰᠤ ᠶᠢ ᠪᠣᠤ ᠠᠰᠠᠭᠤ

ᠭᠠᠩᠭ᠋ᠠᠩ ᠪᠠᠢ᠌ᠭᠠᠯᠢ ᠲᠡᠶ ᠪᠠᠨ ᠦᠨᠢᠳᠠ ᠴᠤᠭ ᠪᠠᠢ᠌ᠳᠠᠭ ᠶᠤᠮ᠃

ᠭᠠᠢ᠌ᠭᠤᠢ ᠪᠠᠰᠠ ᠪᠠᠢ᠌ᠬᠤ ᠪᠣᠢ ᠭᠡᠵᠤ ᠥᠭᠡᠷ᠎ᠡ ᠶᠢ ᠪᠣᠤ ᠡᠷᠢ

ᠭᠠᠷ ᠶᠢᠡᠨ ᠳᠡᠯᠭᠡᠨ ᠳᠤᠰᠳᠠᠭ ᠨᠢ ᠭᠠᠭᠴᠠ ᠨᠢᠭᠡ ᠶᠤᠮ᠃

ᠣᠯᠠᠨ ᠢ ᠥᠵᠡᠭᠦᠯᠦᠭ᠍ᠰᠡᠨ ᠠᠷᠢᠭᠤᠨ ᠳᠤᠩᠭ᠋ᠠᠯᠠᠭ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠳᠤ ᠪᠣᠢ

ᠣᠷᠴᠢᠯᠠᠩ ᠢ ᠳᠠᠨᠢᠭᠤᠯᠤᠭᠰᠠᠨ ᠴᠡᠩᠭᠡᠷ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠮᠪᠦᠷᠴᠡᠭ᠌ ᠪᠣᠢ᠃

ᠴᠡᠩᠭᠡᠭ᠌ ᠮᠠᠠᠳᠠᠯ ᠳ᠋ᠠᠭᠢ ᠣᠰᠤ ᠭᠡᠢ ᠶᠢᠡᠷ ᠨᠢ ᠭᠦᠮᠤᠨ ᠮᠥᠩᠭᠡᠷᠡᠳᠡᠭ᠌ ᠶᠤᠮ᠃

ᠴᠡᠯᠡᠭᠡᠷᠯᠡᠨ ᠣᠷᠤᠰᠢᠬᠤ ᠳᠠᠷᠠ ᠪᠠᠢ᠌ᠭᠠᠯᠢ ᠪᠠᠷ ᠨᠢ ᠳᠡᠯᠡᠭᠡᠢ ᠮᠥᠩᠭᠡᠷᠡᠳᠡᠭ᠌ ᠶᠤᠮ᠃

            


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ