☆ ᠮᠤᠩᠭ᠋ᠤᠯᠰᠤᠶᠤᠯ
ᠳᠤᠷᠠᠯᠠᠯ ᠤᠨ ᠮᠤᠳᠤᠨ ᠳᠤ ᠵᠢᠮᠢᠰ ᠰᠠᠭᠤᠭᠰᠠᠨ ᠥᠭᠡᠢ
ᠳᠠᠷᠠ ᠬᠠᠪᠣᠷ -----
ᠴᠢᠨᠤ ᠨᠤᠳᠤᠭ ᠤᠨ ᠭᠦᠷᠦᠰᠤᠨ ᠳᠤ
ᠪᠢᠳᠠ ᠬᠤᠶᠠᠭᠤᠯᠠ
ᠳᠤᠷᠠᠯᠠᠯ ᠤᠨ ᠮᠤᠳᠤ ᠵᠠᠢ᠌ᠯᠠᠭᠰᠠᠨ ᠶᠤᠮ
ᠬᠠᠢ᠌ᠷ᠎ᠠ ᠶᠢᠨ ᠪᠣᠯᠠᠭ ᠶᠢᠡᠨ ᠣᠠᠳᠤᠷᠤᠭᠤᠯᠵᠤ
ᠬᠤᠷ᠎ᠠ ᠬᠤᠮᠰᠠᠳᠠᠭᠤᠯᠤᠭᠰᠠᠨ ᠦᠭᠡᠶ ᠥᠰᠭᠡᠭ᠍ᠰᠡᠨ ᠶᠤᠮ
ᠬᠠᠯᠠᠭᠤᠨ ᠨᠠᠷᠠ ᠰᠢᠷᠠᠬᠤ ᠡᠴᠡ ᠠᠶᠤᠵᠤ
ᠬᠠᠢ᠌ᠷ᠎ᠠ ᠶᠢᠨ ᠰᠢᠭᠦᠷ ᠶᠢᠡᠨ ᠡᠷᠭᠦᠭ᠍ᠰᠡᠨ ᠶᠤᠮ
ᠬᠠᠯᠢᠰᠤ ᠮᠦᠴᠢᠷ ᠢ ᠨᠢ ᠬᠠᠮᠠᠭᠠᠯᠠᠵᠤ
ᠨᠠᠪᠴᠢ ᠨᠠᠭᠢᠶ᠎ᠠ ᠭᠦᠯᠦᠭᠡᠯᠡᠭᠦᠯᠦᠭ᠍ᠰᠡᠨ ᠶᠤᠮ
ᠬᠤᠵᠢᠮ ᠨᠢ ᠴᠢ -----
ᠮᠢᠨᠤ ᠠᠷᠤ ᠳᠤ
ᠭᠡᠯᠡ ᠣᠠᠳᠤᠤ ᠬᠡᠦᠭᠡᠨ ᠲᠡᠶ
ᠬᠠᠢ᠌ᠷ᠎ᠠ ᠶᠢᠨ ᠮᠤᠳᠤ
ᠬᠤᠯᠠᠭᠤᠨ ᠵᠠᠢ᠌ᠯᠠᠴᠢᠬᠠᠭᠰᠠᠨ ᠶᠤᠮ
ᠳᠡᠯᠭᠡᠷᠡᠴᠢᠭᠡᠭ᠍ᠰᠡᠨ ᠴᠡᠴᠡᠭ᠌ ᠶᠢᠡᠨ
ᠰᠠᠯᠭᠢᠨ ᠪᠣᠯᠵᠤ ᠥᠯᠢᠶᠡᠭ᠍ᠰᠡᠨ ᠶᠤᠮ
ᠰᠠᠭᠤᠮᠠᠷ ᠪᠣᠯᠤᠭᠰᠠᠨ ᠵᠢᠮᠢᠰ ᠶᠢᠡᠨ
ᠭᠢᠷᠠᠭᠤ ᠪᠣᠯᠵᠤ ᠭᠦᠯᠳᠡᠭᠡᠭ᠍ᠰᠡᠨ ᠶᠤᠮ
ᠳᠡᠭᠡᠭᠡᠳ ᠪᠢ ------
ᠳᠠᠷᠠ ᠡᠳᠦᠷ ᠡᠴᠡ ᠬᠣᠢ᠌ᠰᠢ
ᠴᠢᠨᠤᠭᠢ
ᠬᠠᠢ᠌ᠷ᠎ᠠ ᠴᠢᠨᠢ ᠬᠠᠭᠤᠷᠮᠠᠭ ᠪᠠᠢ᠌ᠵᠤ
ᠢᠨᠢᠶᠠᠳᠤ ᠴᠢᠨᠢ ᠬᠤᠳᠠᠯ ᠭᠡᠳᠡᠭ᠌ ᠢ
ᠬᠤᠪᠳᠤᠯ ᠳᠠᠭᠠᠨ
ᠭᠦᠨ ᠳᠠᠨᠢᠭᠰᠠᠨ ᠶᠤᠮ
ᠭᠢᠷᠠᠭᠤ ᠳᠤ ᠴᠤᠭᠢᠭᠳᠠᠭᠰᠠᠨ
ᠳᠠᠷᠠ ᠮᠤᠳᠤ ᠪᠠᠨ
ᠵᠢᠷᠤᠭ ᠰᠡᠭᠦᠳᠡᠷ ᠪᠣᠯᠭᠠᠵᠤ
ᠵᠢᠷᠦᠭᠡᠨ ᠳᠠᠯ᠎ᠠ ᠳᠠᠭᠠᠨ ᠨᠠᠭᠠᠭᠰᠠᠨ ᠶᠤᠮ
ᠮᠥᠩᠭᠡ ᠶᠢᠨ ᠰᠠᠳᠤᠪ ᠪᠣᠯᠭᠠᠵᠤ
ᠰᠢᠯᠦᠭ᠌ ᠤᠨ ᠮᠦᠷ ᠲᠡᠭᠡᠨ
ᠬᠠᠳᠠᠭᠠᠯᠠᠭᠰᠠ ᠶᠤᠮ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ