☆ ᠭᠦᠳᠡᠭᠡ
ᠮᠤᠷᠢ
ᠠᠷᠪᠠᠨ ᠭᠤᠷᠪᠠᠳᠤᠭᠠᠷ ᠵᠠᠭᠤᠨ ᠤ ᠬᠠᠮᠤᠭ ᠶᠡᠭᠡ ᠬᠤᠷᠳᠤ
ᠠᠽᠢᠶ᠎ᠠ ᠧᠦ᠋ᠷᠦᠫᠡ ᠶᠢ ᠳᠤᠪᠳᠤᠯᠤᠭᠰᠠᠨ ᠬᠠᠮᠤᠭ ᠶᠡᠭᠡ ᠳᠠᠮᠠᠭ᠎ᠠ
ᠡᠵᠡᠨ ᠴᠢᠩᠭᠢᠰ ᠤᠨ ᠡᠷᠢᠯ ᠶᠢᠡᠷ ᠠᠠᠳᠠ ᠣᠯᠤᠭᠰᠠᠨ ᠰᠢᠯᠳᠠᠭᠠᠨ
ᠡᠢ᠌ᠯᠡᠵᠤ ᠶᠠᠪᠣᠭᠠᠤᠨ ᠡᠷᠭᠢᠭᠡᠳ ᠪᠣᠴᠠᠭᠰᠠᠨ ᠢᠳᠡᠭᠡᠯ
ᠮᠤᠳᠤ ᠪᠠᠷ ᠰᠡᠢ᠌ᠯᠦᠭᠡᠳ ᠮᠤᠳᠤᠷ ᠣᠨᠤᠭᠰᠠᠨ ᠠᠶᠠᠯᠭᠤ
ᠮᠦᠽᠸᠢ ᠶᠢᠨ ᠳᠡᠭᠡᠷ᠎ᠡ ᠳᠠᠪᠭᠢᠵᠤ ᠳᠡᠭᠦᠯᠢᠭ᠍ᠰᠡᠨ ᠳᠦᠷᠢ
ᠨᠢᠭᠡ ᠶᠠᠰᠤᠳᠠᠨ ᠢ ᠡᠭᠦᠷᠴᠤ ᠶᠠᠪᠣᠭᠰᠠᠨ ᠭᠠᠪᠢᠶ᠎ᠠ
ᠨᠠᠢ᠌ᠳᠠ ᠣᠯᠤᠰ ᠤᠨ ᠪᠢᠰᠢᠷᠠᠵᠤ ᠰᠤᠳᠤᠯᠤᠭᠰᠠᠨ ᠰᠠᠳᠤᠪ
ᠣᠷᠭ᠎ᠠ ᠳᠤ ᠪᠠᠷᠢᠭᠳᠠᠬᠤ ᠣᠷᠳᠤ ᠨᠠᠷᠢᠨ ᠭᠦᠵᠦᠭᠦᠤ
ᠣᠷᠤᠭᠰᠢ ᠪᠠᠨ ᠳᠡᠮᠡᠤᠯᠡᠭᠦ ᠴᠢᠳᠤᠷ ᠦᠭᠡᠶ ᠵᠡᠭᠦᠳᠤ
ᠳᠡᠭ᠍ᠷᠢ ᠶᠢᠨ ᠳᠤᠤᠷᠠᠭᠢ ᠬᠠᠮᠤᠭ ᠰᠠᠢ᠌ᠨ ᠬᠠᠨᠢ
ᠳᠢᠪ ᠤᠨ ᠬᠤᠭᠤᠷᠤᠠᠳᠤᠭᠢ ᠬᠠᠮᠤᠭ ᠣᠷᠳᠤ ᠵᠦᠳᠡᠷᠡᠯ
ᠡᠷ᠎ᠡ ᠭᠦᠮᠤᠨ ᠤ ᠴᠢᠮᠡᠭ᠌ ᠡᠮᠡᠭᠡᠯ ᠬᠠᠵᠠᠭᠠᠷ ᠤᠨ ᠡᠵᠡᠨ
ᠰᠦᠯᠳᠡ ᠶᠢᠨ ᠣᠷᠤᠨ ᠳᠤ ᠳᠠᠭᠢᠵᠤ ᠳᠠᠯᠪᠢᠭᠰᠠᠨ ᠭᠦᠷᠦᠭ᠌
ᠰᠦᠷᠤᠩ ᠨᠢ ᠴᠥᠭᠡᠷᠡᠵᠤ ᠳᠠᠯ᠎ᠠ ᠨᠢ ᠢᠪᠴᠤᠷᠤᠭᠰᠠᠨ ᠭᠤᠳᠤᠷᠠᠯ
ᠣᠩᠭ᠋ᠤᠨ ᠪᠠᠢ᠌ᠭᠠᠯᠢ ᠶᠢᠨ ᠠᠮᠢ ᠲᠡᠩᠴᠡᠬᠦᠷᠢ ᠶᠢᠨ ᠣᠷᠢᠶ᠎ᠠ
ᠣᠳᠤᠮᠳᠤ ᠮᠤᠩᠭ᠋ᠤᠯ ᠤᠨ ᠰᠡᠳᠭᠢᠯ ᠢᠳᠡᠭᠡᠯ ᠤᠨ ᠴᠤᠤᠷᠢᠶ᠎ᠠ
ᠮᠥᠩᠭᠡ ᠰᠤᠶᠤᠯ ᠤᠨ ᠭᠢᠯᠠᠯᠵᠠᠨ ᠵᠢᠷᠭᠠᠬᠤ ᠦᠪ
ᠮᠤᠯᠤᠷ ᠡᠷᠳᠡᠨᠢ ᠶᠢᠨ ᠦᠨ᠎ᠡ ᠳᠤ ᠣᠷᠤᠬᠤ ᠢᠷᠡᠭᠡᠳᠦᠢ
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ