ᠨᠡᠪᠲᠡᠷᠡᠨ ᠤᠷᠤᠬᠤ
ᠠᠪᠣ ᠮᠢᠨᠢ

ᠳᠤᠮᠤᠭ᠎ᠠ ᠣᠷᠤᠭ᠎ᠠ ᠪᠠᠭ᠎ᠠ ᠶᠢᠨ ᠨᠠᠰᠤᠨ ᠳ᠋ᠠᠭᠠᠨ

ᠳᠤᠭᠤᠨᠤ ᠪᠠᠨ ᠡᠷᠭᠦᠵᠤ᠂ ᠬᠠᠨ᠎ᠠ ᠳᠤᠭᠣᠢ᠌ᠯᠠᠬᠤ ᠶᠢ ᠴᠢᠨᠢ ᠬᠠᠷᠠᠵᠤ

ᠳᠤᠭᠤᠮᠰᠠᠷ ᠴᠤ ᠦᠭᠡᠶ ᠪᠢ ᠪᠠᠰᠠ ᠡᠢ᠌ᠮᠤ ᠡᠷ᠎ᠡ ᠭᠦᠮᠤᠨ ᠪᠣᠯᠤᠨ᠎ᠠ ᠭᠡᠵᠤ

ᠳᠤᠭ᠎ᠠ ᠴᠤ ᠣᠯᠠᠨ ᠣᠳᠠᠭ᠎ᠠ ᠪᠣᠳᠤᠵᠤ ᠥᠩᠭᠡᠷᠡᠭ᠍ᠰᠡᠨ ᠰᠢᠤ᠂ ᠠᠪᠣ ᠡ

ᠳᠤᠯᠭ᠎ᠠ ᠶᠢᠨ ᠭᠤᠷᠪᠠᠨ ᠴᠢᠯᠠᠭᠤ ᠰᠢᠭ ᠢᠵᠢᠯᠭᠡᠨ ᠵᠠᠶᠠᠭᠠᠳᠠᠢ

ᠳᠤᠷᠭ᠎ᠠ ᠰᠢᠭ ᠵᠥᠭᠡᠯᠡᠭᠡᠨ ᠨᠤᠳᠤᠭ ᠶᠢᠡᠨ ᠭᠡᠰᠡᠨ ᠰᠡᠳᠭᠢᠯ ᠴᠢᠨᠢ

ᠳᠤᠭᠤᠰᠤᠳᠠᠢ ᠣᠯᠠᠷᠢᠯ ᠤᠳ ᠤᠨ ᠨᠡᠭᠦᠳᠡᠯ ᠠᠮᠢᠳᠤᠷᠠᠯ ᠳᠤᠮᠳᠠ

ᠳᠤᠳᠤᠬᠠᠨ ᠣᠢ᠌ᠯᠠᠰ ᠤᠨ ᠮᠢᠨᠢ ᠵᠠᠮ ᠪᠣᠯᠵᠤ ᠨᠠᠮ᠎ᠠ ᠶᠢ ᠭᠦᠳᠦᠯᠦᠭ᠍ᠰᠡᠨ


ᠠᠷᠤ ᠶᠢᠨ ᠮᠠᠩᠬ᠎ᠠ ᠨᠢ ᠶᠡᠭᠡᠰᠦᠭᠡᠳ ᠪᠠᠢ᠌ᠬᠤ ᠳ᠋ᠤ

ᠠᠯᠭᠠᠰᠠᠵᠤ ᠵᠤᠪᠠᠨᠢᠭᠰᠠᠨ ᠰᠡᠳᠭᠢᠯ ᠢ ᠴᠢᠨᠢ

ᠠᠳᠠᠷ ᠤᠨ ᠭᠦᠷᠦᠰᠤ ᠵᠤᠯᠭᠠᠷᠠᠭᠠᠤᠨ ᠪᠠᠢ᠌ᠬᠤ ᠳ᠋ᠤ

ᠠᠳᠤᠭᠤᠨ ᠳᠠᠭᠠᠨ ᠶᠠᠪᠣᠭᠰᠠᠨ ᠦᠭᠡᠶ ᠣᠳᠠᠭᠰᠠᠨ ᠢ ᠴᠢᠨᠢ

ᠠᠭᠢ ᠴᠤ ᠨᠢᠳᠦᠯᠡᠭ᠍ᠰᠡᠨ ᠦᠭᠡᠶ ᠬᠠᠪᠣᠷ ᠤᠳ ᠳᠤ

ᠠᠪ ᠠᠮᠠᠷᠬᠠᠨ ᠥᠳᠡᠯᠦᠭ᠍ᠰᠡᠨ ᠪᠣᠭᠤᠷᠤᠯ ᠪᠣᠯᠤᠭᠰᠠᠨ ᠢ ᠴᠢᠨᠢ

ᠠᠷᠭ᠎ᠠ ᠦᠭᠡᠶ ᠭᠦᠭᠡᠷᠦᠭᠦᠢᠯᠡᠵᠤ ᠯᠠ ᠳᠡᠢ᠌ᠯᠦᠭ᠍ᠰᠡᠨ ᠭᠦᠤ ᠳᠤ ᠴᠢᠨᠢ

ᠠᠮᠢ ᠠᠬᠤᠢ ᠴᠤ ᠳᠠᠨ ᠲᠡᠶ ᠴᠢᠴᠠᠤ ᠪᠣᠭᠤᠷᠤᠯ ᠰᠠᠨᠠᠭᠳᠠᠭᠰᠠᠨ ᠡ


ᠬᠤᠭᠤᠰᠤᠨ ᠡᠮᠡᠭᠡᠯ ᠵᠠᠢ᠌ᠳᠠᠯᠠᠭᠰᠠᠨ ᠵᠢᠭᠠᠯ ᠪᠠᠢ᠌ᠬᠤ ᠳ᠋ᠤ

ᠬᠤᠵᠢᠮ ᠣᠨᠤᠭᠰᠠᠨ ᠮᠤᠷᠢ ᠴᠢᠨᠢ ᠪᠦᠳᠡᠷᠡᠩᠭᠡᠢ ᠪᠣᠯᠤᠨ᠎ᠠ ᠭᠡᠵᠤ

ᠬᠤᠶᠠᠷ ᠭᠠᠷ ᠶᠢᠡᠷ ᠶᠢᠡᠨ ᠡᠷᠭᠦᠵᠤ

ᠬᠤᠯᠠᠨ ᠰᠢᠷᠭ᠎ᠠ ᠶᠢᠨ ᠶᠢᠡᠨ ᠨᠢᠷᠤᠭᠤᠨ ᠳᠤ ᠮᠤᠷᠳᠠᠭᠤᠯᠵᠤ ᠪᠢᠯᠠ

ᠬᠤᠯᠤ ᠰᠢᠭ ᠪᠣᠮᠪᠣᠯᠵᠠᠨ ᠳᠤᠭᠳᠠ ᠶᠠᠳᠠᠬᠤ ᠳ᠋ᠤ

ᠬᠤᠷᠳᠤᠨ ᠮᠠᠠᠳᠤᠯ ᠡᠴᠠ ᠨᠢ ᠠᠳᠬᠤ ᠭᠡᠰᠡᠨ

ᠬᠣᠢ᠌ᠨ᠎ᠠ ᠡᠴᠠ ᠵᠠᠭᠢᠭᠰᠠᠨ ᠬᠠᠳᠠᠭᠤ ᠴᠤ ᠰᠤᠷᠭᠠᠯ ᠪᠢᠯᠠ

ᠬᠤᠷᠢᠨ ᠵᠢᠯ ᠤᠨ ᠠᠷᠤ ᠳᠤ ᠡᠷ᠎ᠡ ᠶᠢᠨ ᠴᠡᠭᠡᠯ ᠳᠤ ᠭᠦᠷᠭᠦ ᠳ᠋ᠤ

ᠬᠤᠨᠢᠨ ᠤ ᠪᠣᠷᠤ ᠳᠠᠭᠠᠨ ᠠᠷᠠᠢ᠌ᠭᠢᠵᠤ ᠮᠤᠷᠳᠠᠬᠤ ᠳᠤ ᠴᠢᠨᠢ

ᠬᠤᠮᠤᠯ ᠴᠤ ᠦᠭᠡᠶ ᠬᠤᠷᠢᠶ᠎ᠠ ᠶᠢ ᠴᠢᠨᠢ ᠬᠠᠷᠠᠵᠤ

ᠬᠤᠮᠤᠭ ᠡᠴᠠ ᠴᠭᠠᠨ᠎ᠠ ᠦᠭᠡᠶ ᠪᠠᠯᠴᠢᠭᠡᠷ ᠭᠡᠵᠤ

ᠬᠤᠷᠤᠭᠠᠯᠠᠭᠤᠯᠤᠭᠰᠠᠨ ᠮᠠᠯᠵᠢᠯ ᠢ ᠭᠠᠢ᠌ᠬᠠᠰᠢᠷᠠᠭᠰᠠᠨ ᠬᠠᠷᠠᠴᠠ ᠴᠢᠨᠢ

ᠬᠤᠨᠤᠭ ᠤᠨ ᠪᠣᠳᠤᠯ ᠡᠴᠠ ᠵᠠᠢ᠌ᠯᠠᠰᠢ ᠦᠭᠡᠶ ᠪᠣᠯᠬᠤ ᠳ᠋ᠤ

ᠬᠤᠯᠠᠳᠠᠭᠠᠤᠨ ᠪᠠᠢ᠌ᠬᠤ ᠰᠢᠭ ᠪᠣᠯᠤᠭᠰᠠᠨ ᠡ᠂ ᠠᠪᠣ ᠮᠢᠨᠢ


ᠦᠨᠡᠨ᠂ ᠥᠭᠡᠷ ᠳᠡᠷᠭᠡ᠂ ᠳᠠᠤᠯᠠᠢ ᠭᠤᠷᠪᠠ ᠡᠴᠠ

ᠥᠭᠡᠷ᠎ᠡ ᠶᠠᠭᠤ ᠴᠤ ᠢᠳᠡᠭᠡᠳᠡᠭ᠌ ᠦᠭᠡᠶ ᠳᠤ ᠴᠢᠨᠢ

ᠦᠩ ᠵᠢᠯ ᠤᠨ ᠨᠤᠳᠤᠭ ᠣᠰᠤ ᠪᠡᠨ ᠥᠭᠡᠢ᠌ᠯᠡᠨ

ᠦᠶ᠎ᠡ ᠦᠶ᠎ᠡ ᠳᠤᠷᠠᠰᠤᠨ ᠰᠡᠭᠦᠷᠡᠰᠦᠯᠡᠭᠦ ᠳᠤ ᠴᠢᠨᠢ

ᠦᠷᠭᠦᠭᠡᠳ ᠳᠠᠪᠭᠢᠳᠠᠭ ᠠᠳᠤᠭᠤᠳ ᠶᠢᠡᠨ ᠡᠷᠢᠭᠦ ᠰᠢᠭ᠌ ᠪᠣᠯᠬᠤ ᠳᠤ ᠴᠢᠨᠢ

ᠥᠩᠭᠡᠷᠡᠭ᠍ᠰᠡᠨ ᠵᠢᠯ ᠤᠨ ᠨᠠᠷᠠ ᠰᠠᠯᠭᠢ ᠬᠠᠴᠠᠷ ᠳᠡᠭᠡᠷ᠎ᠡ ᠴᠢᠨᠢ

ᠦᠷᠴᠢᠯᠡᠭᠡᠰᠤ ᠪᠣᠯᠵᠤ ᠨᠡᠮᠡᠭ᠍ᠳᠡᠭ᠍ᠰᠡᠭᠡᠷ ᠢᠷᠡᠭᠦ ᠳᠤ ᠴᠢᠨᠢ

ᠦᠴᠦᠭᠡᠨ ᠡᠴᠠ ᠦᠴᠦᠭᠡᠨ ᠪᠣᠯᠵᠤ ᠬᠠᠵᠠᠭᠤ ᠳᠤ ᠴᠢᠨᠢ ᠰᠠᠭᠤᠬᠤ ᠳ᠋ᠤ

ᠥᠭᠡ ᠦᠭᠡᠶ ᠣᠯᠠᠨ ᠰᠤᠷᠭᠠᠯ ᠴᠢᠨᠢ ᠪᠣᠳᠤᠯ ᠳᠤ ᠣᠷᠭᠤᠭᠰᠠᠨ ᠡ



ᠵᠤᠬᠢᠶᠠᠭᠴᠢ ᠶᠢᠨ ᠬᠠᠶ‍ᠢᠭ ᠄ ᠭᠡᠰᠢᠭᠳᠡᠨ ᠬᠤᠰᠢᠭᠤᠨ ᠤ ᠪᠠᠶᠠᠠᠴᠠᠭᠠᠨ ᠰᠤᠮᠤ  ᠠᠯᠳᠠᠠᠳᠠᠯᠠᠢ

ᠵᠤᠬᠢᠶᠠᠭᠴᠢ᠄ ᠬᠠᠷᠴᠠᠭᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3297
ᠴᠠᠭ᠄ 2010 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ