ᠨᠡᠪᠲᠡᠷᠡᠨ ᠤᠷᠤᠬᠤ
ᠰᠠᠨᠠᠵᠤ ᠶᠠᠪᠣᠨ᠎ᠠ

ᠥᠶᠡᠷᠭᠡᠯᠡᠯ ᠤᠨ ᠳᠤᠷᠭᠠᠨ ᠵᠠᠢ ᠳ᠋ᠤ

ᠳᠤᠷᠠᠯᠠᠯ ᠰᠢᠭᠯᠠᠵᠤ ᠦᠭ‍ᠭᠦᠭ᠍ᠰᠡᠨ

ᠭᠦᠭᠡᠷᠦᠭᠦᠨ ᠭᠡᠦᠭᠡᠨ ᠴᠢᠮ᠎ᠠ ᠵᠢ

ᠬᠠᠢ᠌ᠷ᠎ᠠ ᠲᠡᠶ ᠵᠢᠷᠦᠭᠡ ᠪᠠᠷ

          ᠰᠠᠨᠠᠵᠤ ᠶᠠᠪᠣᠨ᠎ᠠ ᠡ

ᠬᠠᠮᠳᠤ ᠪᠠᠢ᠌ᠭᠰᠠᠨ ᠡᠳᠦᠷ ᠤᠳ

ᠰᠡᠳᠭᠢᠯ ᠳᠤ ᠴᠠᠭᠢᠯᠤᠨ ᠪᠠᠭᠤᠵᠤ

ᠬᠠᠯᠠᠭᠤᠨ ᠳᠤᠷᠠᠯᠠᠯ ᠤᠨ ᠥᠭᠡᠰ

ᠰᠠᠨᠠᠭᠠᠨ ᠡᠴᠡ ᠭᠠᠷᠬᠤ ᠦᠭᠡᠶ ᠵᠤᠪᠠᠭᠠᠨ᠎ᠠ

ᠵᠢᠷᠭᠠᠯ ᠬᠤᠷᠮᠣᠢ᠌ᠯᠠᠭᠰᠠᠨ ᠪᠠᠯᠳᠤ ᠬᠤᠷᠤᠮ

        ᠴᠠᠭ ᠤᠨ ᠰᠠᠯᠭᠢᠨ ᠳᠤ ᠭᠡᠢ᠌ᠰᠴᠤ

ᠪᠣᠴᠠᠵᠤ ᠢᠷᠡᠭᠦ ᠦᠭᠡᠶ ᠡᠳᠦᠷ ᠰᠠᠷ᠎ᠠ

       ᠭᠤᠨᠢᠭ ᠤᠨ ᠣᠳᠠᠰᠤᠨ ᠳᠤ ᠬᠠᠰᠢᠭᠳᠠᠨ᠎ᠠ

ᠴᠢᠮ᠎ᠠ ᠲᠡᠶ ᠬᠠᠮᠳᠤ ᠪᠠᠢ᠌ᠭᠰᠠᠨ ᠮᠢᠨᠢ

ᠬᠠᠮᠤᠭ ᠤᠨ ᠨᠠᠠᠳᠢᠨ ᠵᠢᠷᠭᠠᠯ

ᠴᠢᠮ᠎ᠠ ᠡᠴᠡ ᠬᠤᠯᠠ ᠰᠠᠯᠤᠭᠰᠠᠨ ᠮᠢᠨᠢ

ᠬᠠᠮᠤᠭ ᠭᠡᠴᠡᠭᠦᠤ ᠦᠨᠦᠴᠢᠷᠠᠯ ᠪᠠᠢ᠌ᠵᠤ ᠮᠠᠳᠠᠨ᠎ᠡ

ᠨᠠᠳᠠ ᠢᠯᠡᠭᠡᠭᠦ

ᠨᠠᠠᠳᠢᠨ ᠭᠦᠭᠡᠷᠦᠭᠦᠨ ᠵᠠᠭᠢᠶ᠎ᠠ ᠴᠢᠨᠢ

         ᠰᠠᠨᠠᠭᠰᠠᠨ ᠵᠢᠷᠦᠭᠡ ᠶᠢ ᠮᠢᠨᠢ

ᠥᠩᠭᠡᠷᠡᠭ᠍ᠰᠡᠨ ᠡᠳᠦᠷ ᠤᠨ

ᠪᠣᠭᠤᠷᠤᠯ ᠳᠤᠷᠠᠳᠬᠠᠯ ᠳᠤ ᠴᠤᠭᠯᠠᠵᠤ

ᠡᠮᠨᠢᠭ᠌ ᠣᠩᠭ᠋ᠤᠨ ᠰᠡᠳᠭᠢᠯ ᠢ ᠮᠢᠨᠢ

ᠡᠷᠡᠭᠦᠯ ᠮᠦᠷᠦᠭᠡᠳᠦᠯ ᠤᠨ

         ᠪᠢᠳᠡᠭᠦᠤ ᠰᠢᠷᠬ᠎ᠠ ᠪᠠᠷ

ᠳᠦᠭᠦᠷᠭᠡᠨ᠎ᠡ ᠡ

ᠰᠠᠨᠠᠵᠤ ᠶᠠᠪᠣᠨ᠎ᠠ ᠰᠢᠤ

ᠰᠠᠢ᠌ᠬᠠᠨ ᠬᠤᠩᠭ᠋ᠤᠷ ᠨᠠᠢ᠌ᠵᠠ ᠮᠢᠨᠢ

ᠬᠠᠢ᠌ᠷᠠᠯᠠᠭᠰᠠᠨ ᠵᠢᠷᠦᠭᠡᠨ ᠳᠤ ᠪᠠᠨ

       ᠭᠤᠮᠤᠳᠠᠵᠤ ᠮᠠᠳᠠᠯ ᠥᠭᠡᠢ

ᠬᠠᠢ᠌ᠷᠠᠳᠠᠢ ᠰᠡᠳᠭᠢᠯ ᠵᠢᠠᠨ

       ᠵᠢᠮᠠᠯᠠᠵᠤ ᠴᠢᠳᠠᠯ ᠥᠭᠡᠢ

ᠮᠠᠷᠮᠠᠬᠠᠨ ᠳᠦᠷᠢ ᠶᠢ ᠴᠢᠨᠢ

       ᠵᠡᠭᠦᠳᠤᠨ ᠳᠤ ᠪᠠᠨ ᠦᠨᠦᠰᠤᠨ

ᠰᠠᠠᠴᠢᠭ ᠴᠠᠢ᠌ᠭᠰᠠᠨ

      ᠪᠣᠭᠤᠷᠤᠯ ᠡᠪᠦᠭᠡᠨ ᠪᠣᠯᠤᠭᠰᠠᠨ ᠴᠤ

ᠦᠷᠤ ᠵᠢᠷᠦᠭᠡᠨ ᠤ ᠪᠠᠨ ᠴᠠᠭᠠᠨ᠎ᠠ

ᠦᠨᠢᠳᠠ ᠵᠠᠯᠠᠭᠤ ᠪᠠᠷ

      ᠰᠠᠨᠠᠵᠤ ᠶᠠᠪᠣᠨ᠎ᠠ ᠡ


               (1991 ᠣᠨ)


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2965
ᠴᠠᠭ᠄ 2012 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ