☆ ᠳᠤᠸᠠ
ᠠᠳᠤᠭᠤᠨ ᠤ ᠭᠦᠯ
ᠠᠷᠪᠠᠨ ᠭᠤᠷᠪᠠᠳᠤᠭᠠᠷ ᠵᠠᠭᠤᠨ ᠤ ᠳᠠᠯᠳᠠᠷ ᠳᠤᠤᠷᠠᠭᠢ ᠦᠣᠷᠰᠡᠭᠡ
ᠠᠷᠢᠭᠤᠨ ᠰᠢᠳᠦᠭᠡᠨ ᠲᠡᠶ ᠰᠦᠯᠳᠡ ᠶᠢᠨ ᠳᠡᠯᠡᠭᠡᠢ ᠳᠤᠷᠭᠢᠭᠤᠯᠤᠭᠰᠠᠨ ᠠᠨᠢᠷ
ᠦᠷᠯᠦᠭ᠌ ᠳᠡᠦᠭᠡ ᠶᠢᠨ ᠬᠠᠭᠤᠳᠠᠰᠤ ᠰᠡᠭᠦᠭ᠍ᠰᠡᠨ ᠨᠠᠢ᠌ᠷ᠂
ᠬᠤᠶᠠᠷ ᠵᠢᠭᠠᠯ ᠤᠨ ᠠᠷᠤ ᠡᠴᠡ ᠢᠵᠢᠯ ᠶᠢᠡᠨ ᠳᠡᠮᠡᠴᠡᠭ᠍ᠰᠡᠨ ᠳᠤᠤᠷᠢᠶᠠᠨ
ᠬᠠᠨᠢ ᠶᠢᠨ ᠵᠠᠶᠠᠭ᠎ᠠ ᠲᠡᠶ ᠮᠤᠩᠭ᠋ᠤᠯ ᠳᠡᠯᠡᠭᠡᠢ ᠶᠢᠨ ᠯᠤᠭᠰᠢᠭᠤᠨ ᠰᠤᠳᠠᠯ
ᠬᠠᠢ᠌ᠷᠠᠯᠠᠬᠤ ᠶᠢᠨ ᠬᠤᠪᠢ ᠲᠡᠶ ᠡᠵᠡᠨ ᠤ ᠪᠠᠨ ᠮᠠᠯᠮᠠᠢ ᠡᠴᠡ ᠣᠨᠠᠭᠰᠠᠨ ᠨᠢᠯᠪᠣᠰᠤ᠂
ᠬᠤᠯᠠ ᠶᠢᠨ ᠳᠡᠷᠳᠡᠭᠡ ᠵᠠᠭᠤᠨ ᠤ ᠬᠠᠳᠠ ᠶᠢᠨ ᠴᠤᠤᠷᠢᠶᠠᠨ
ᠬᠤᠷᠢᠨ ᠨᠢᠭᠡᠳᠦᠭᠡᠷ ᠵᠠᠭᠤᠨ ᠤ ᠰᠠᠠᠰᠠᠷ ᠡᠴᠠ ᠣᠢ᠌ᠯᠤᠭᠰᠠᠨ
ᠬᠠᠷ᠎ᠠ ᠰᠦᠯᠳᠡ ᠶᠢᠨ ᠭᠠᠯ ᠴᠠᠭᠢᠯᠤᠭᠰᠠᠨ ᠠᠶᠤᠩᠭ᠎ᠠ᠂
ᠬᠠᠵᠠᠭᠠᠷ ᠶᠢᠡᠨ ᠡᠭᠦᠳᠡᠨ ᠳᠤ ᠬᠠᠶᠠᠳᠠᠭ ᠶᠤᠰᠤᠨ ᠮᠤᠩᠭ᠋ᠤᠯ ᠳᠤ ᠥᠭᠡᠢ
ᠬᠠᠢ᠌ᠷᠠᠳᠤ ᠭᠦᠯᠦᠭ᠌ ᠤᠨ ᠡᠷᠳᠡᠨᠢ ᠳᠤᠯᠤᠭᠠᠢ ᠳᠤ ᠮᠠᠯᠢᠶ᠎ᠠ ᠭᠦᠷᠭᠡᠳᠡᠭ᠌ ᠵᠠᠩ ᠥᠭᠡᠢ
ᠭᠦᠯᠦᠭ᠌ ᠤᠨ ᠰᠠᠢ᠌ᠷᠢ ᠳᠡᠭᠡᠷ᠎ᠡ ᠭᠡᠵᠡᠶᠡᠳᠡ ᠬᠤᠷᠢᠨ ᠳᠠᠪᠤᠨ ᠨᠠᠰᠤ ᠪᠠᠷ ᠪᠠᠢ᠌ᠳᠠᠭ ᠮᠤᠩᠭ᠋ᠤᠯ᠂
ᠮᠤᠩᠭ᠋ᠤᠯ ᠊᠊᠊᠊᠊᠊᠊᠊᠊᠊᠊᠊᠊᠊᠊ ᠬᠠᠢ᠌ᠷᠠᠳᠠᠢ ᠨᠢ ᠠᠳᠤᠭᠤ
ᠮᠤᠩᠭ᠋ᠤᠯ ᠊᠊᠊᠊᠊᠊᠊᠊᠊᠊᠊᠊᠊᠊᠊ ᠭᠦᠡᠳᠦᠳᠡᠢ ᠨᠢ ᠴᠡᠭᠡ
ᠮᠤᠩᠭ᠋ᠤᠯ ᠊᠊᠊᠊᠊᠊᠊᠊᠊᠊᠊᠊᠊᠊᠊ ᠮᠤᠷᠢᠨ ᠦᠭᠡᠶ ᠪᠣᠯ ᠵᠠᠩᠭ᠋ᠠᠷ ᠦᠭᠡᠶ᠃
ᠳᠠᠷᠰ ᠵᠠᠭᠤᠨ ᠡᠷᠡᠰ ᠠᠳᠤᠭᠤᠨ ᠤ ᠭᠦᠯ ᠳᠤ ᠮᠦᠷᠭᠦᠵᠤ ᠪᠠᠢ᠌ᠭᠰᠠᠨ
ᠳᠡᠯᠡᠭᠡᠢ ᠮᠢᠨᠤᠭᠢ ᠭᠡᠵᠤ ᠳᠠᠮᠠᠭᠠᠯᠠᠵᠤ ᠪᠠᠢ᠌ᠭᠰᠠᠨ
ᠳᠠᠩᠭᠢᠰ ᠳᠠᠯᠠᠢ ᠰᠢᠷᠦᠭᠦᠨ ᠠᠭᠳᠠ ᠶᠢᠨ ᠳᠠᠯ ᠪᠠᠷ ᠰᠢᠭᠤᠷᠴᠤ ᠪᠠᠢ᠌ᠭᠰᠠᠨ᠂
ᠡᠵᠡᠨ ᠤ ᠪᠠᠨ ᠰᠠᠨᠠᠭ᠎ᠠ ᠶᠢ ᠪᠠᠯᠴᠢᠭᠡᠷ ᠳᠡᠭᠡᠷ᠎ᠡ ᠪᠠᠨ ᠮᠠᠳᠠᠵᠤ
ᠡᠭᠡᠯᠡᠵᠤ ᠪᠠᠶ᠎ᠠ ᠪᠠᠨ ᠳᠠᠪᠠᠯᠠᠳᠠᠭ ᠭᠡᠳᠡᠭ᠌
ᠢᠷᠡᠭᠦ ᠡᠳᠦᠷ ᠢ ᠨᠢ ᠭᠦᠯᠢᠶᠡᠳᠡᠭ᠌ ᠭᠡᠳᠡᠭ᠌᠂
ᠦᠷᠦᠭᠡᠰᠤᠨ ᠳᠠᠰᠢᠶ᠎ᠠ ᠪᠠᠷ ᠶᠢᠡᠨ ᠱᠥᠵᠢᠯᠳᠡᠭᠡᠳ
ᠣᠠᠳᠠᠭ᠎ᠠ ᠰᠡᠷᠡᠭᠦᠨ ᠤ ᠵᠠᠪᠰᠠᠷ ᠦᠷᠭᠡᠯᠡᠵᠤ
ᠠᠶᠠᠨ ᠤ ᠴᠢᠯᠡᠭᠡ ᠪᠠᠨ ᠭᠠᠷᠭᠠᠳᠠᠭ ᠭᠡᠳᠡᠭ᠌᠂
ᠳᠠᠢᠷᠢ ᠶᠢᠨ ᠨᠤᠬᠠᠢ ᠲᠡᠶ ᠳᠠᠰᠤᠯᠴᠠᠵᠤ ᠴᠢᠳᠠᠭᠰᠠᠨ ᠠᠵᠢᠷᠭ᠎ᠠ
ᠳᠡᠮᠡᠭᠡᠨ ᠲᠡᠶ ᠠᠴᠢᠶ᠎ᠠ ᠬᠤᠪᠢᠶᠠᠯᠴᠠᠵᠤ ᠴᠢᠳᠠᠭᠰᠠᠨ ᠠᠭᠳᠠ
ᠳᠡᠯᠡᠭᠡᠢ ᠵᠠᠶᠠᠭ᠎ᠠ ᠲᠡᠶ ᠮᠤᠩᠭ᠋ᠤᠯ ᠮᠤᠷᠢ᠂
ᠮᠤᠷᠢ ᠊᠊᠊᠊᠊᠊᠊᠊᠊᠊᠊᠊᠊᠊᠊ ᠱᠠᠭᠢᠬᠤ ᠰᠤᠮᠤᠨ ᠤ ᠡᠮᠤᠨ᠎ᠡ ᠡᠴᠡ ᠳᠠᠯᠳᠢᠷᠴᠤ ᠣᠷᠤᠭᠰᠠᠨ ᠵᠤᠷᠢᠭ
ᠮᠤᠷᠢ ᠊᠊᠊᠊᠊᠊᠊᠊᠊᠊᠊᠊᠊᠊᠊ ᠱᠠᠪᠳᠠᠵᠤ ᠣᠨᠠᠭᠰᠠᠨ ᠡᠵᠡᠨ ᠶᠢᠡᠨ ᠥᠨᠦᠷᠭᠦᠵᠤ ᠰᠠᠭᠢᠳᠠᠭ ᠬᠠᠨᠢ
ᠮᠤᠷᠢ ᠊᠊᠊᠊᠊᠊᠊᠊᠊᠊᠊᠊᠊᠊᠊ ᠭᠢᠯᠭᠠᠰᠤ ᠪᠠᠷ ᠶᠢᠡᠨ ᠰᠡᠳᠭᠢᠯ ᠶᠢᠡᠨ ᠶᠠᠷᠢᠯᠴᠠᠭᠰᠠᠨ ᠬᠤᠭᠤᠷ᠃
ᠵᠤᠬᠢᠶᠠᠭᠴᠢ ᠶᠢᠨ ᠬᠠᠶᠢᠭ ᠄ ᠬᠤᠪᠣᠭᠰᠠᠢ᠌ᠷᠢ ᠰᠢᠶᠠᠨ ᠤ ᠵᠠᠰᠠᠭ ᠤᠨ ᠣᠷᠳᠤᠨ ᠤ ᠠᠯᠪᠠᠨ ᠭᠡᠷ
ᠵᠤᠬᠢᠶᠠᠭᠴᠢ᠄ ᠳᠤᠸᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 09 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ