☆ ᠭᠦᠷᠵᠡᠪ
ᠮᠢᠨᠤ ᠡᠷᠭᠡ ᠴᠢᠯᠦᠭᠡ
ᠰᠢᠯᠦᠭ᠌ ᠲᠡᠶ ᠪᠣᠶᠤ ᠰᠢᠯᠦᠭ᠌ ᠥᠭᠡᠢ
ᠰᠦᠨᠢᠵᠢᠨ ᠳᠤᠭᠳᠤᠯᠵᠤ ᠬᠤᠨᠤᠬᠤ
ᠰᠥᠵᠦᠭ᠌ ᠲᠡᠶ ᠪᠣᠶᠤ ᠰᠥᠵᠦᠭ᠌ ᠦᠭᠡᠶ ᠴᠤ
ᠰᠦᠨᠠᠰᠤ ᠪᠠᠨ ᠵᠠᠯᠪᠠᠷᠢᠵᠤ ᠳᠠᠭᠠᠳᠬᠠᠬᠤ
ᠡᠨᠡ᠂ ᠮᠢᠨᠤ
ᠡᠷᠭᠡ ᠴᠢᠯᠦᠭᠡ
ᠡᠷᠭᠢ ᠨᠢ ᠪᠣᠭᠤᠨᠢᠬᠠᠨ
ᠡᠮᠵᠡᠭ᠌ ᠠᠬᠤᠢ᠁
ᠦᠬᠢᠨ ᠳᠡᠭᠡᠨ ᠪᠢ ᠶᠠᠮᠠᠷ ᠨᠠᠷᠠ ᠦᠭᠭᠦ
ᠣᠯᠤᠭᠰᠠᠨ ᠶᠢᠡᠨ ᠪᠢ ᠶᠠᠭᠠᠭᠢᠵᠤ ᠵᠠᠷᠤᠵᠤ᠂ ᠭᠠᠮᠨᠠᠬᠤ
ᠣᠳᠤ ᠪᠠᠷ ᠶᠢᠡᠨ ᠪᠢ ᠬᠠᠮᠢᠭ᠎ᠠ᠂ ᠭᠡᠨ ᠤ ᠳᠤ ᠣᠴᠢᠬᠤ
ᠣᠯᠠᠨ ᠠᠷᠪᠢᠨ ᠪᠣᠳᠤᠯ ᠶᠢᠡᠨ ᠪᠢ ᠭᠡᠷᠭᠢᠨ ᠳᠤᠭᠢᠷᠠᠭᠤᠯᠵᠤ᠂ ᠭᠦᠢᠴᠡᠳᠭᠡᠭᠦ
ᠡᠨᠡ᠂ ᠮᠢᠨᠤ
ᠡᠷᠭᠡ ᠴᠢᠯᠦᠭᠡ
ᠡᠩᠭᠡᠷ ᠵᠠᠳᠠᠭᠠᠢ
ᠡᠮᠨᠢᠭ᠌ ᠬᠤᠷᠸ᠎ᠠ
ᠡᠩᠭᠡ ᠳᠠᠢ᠌ᠪᠣᠩ ᠢ ᠨᠢᠭᠡ ᠳᠤᠷᠠᠳᠤᠭᠠᠤᠨ ᠠᠪᠬᠤ
ᠡᠷᠭᠡ ᠰᠦᠷ ᠲᠡᠶ ᠨᠢᠭᠡ ᠬᠠᠯᠳᠠᠭᠠᠤᠨ ᠠᠪᠬᠤ
ᠡᠷᠢᠶᠡᠴᠡᠭ᠍ᠰᠡᠨ ᠨᠤᠤᠷᠠᠭ ᠶᠢᠡᠨ ᠨᠢᠭᠡ ᠣᠩᠰᠢᠭᠠᠤᠨ ᠠᠪᠬᠤ
ᠡ᠊ᠨᠳᠡᠭ᠍ᠰᠡᠨ ᠨᠠᠢ᠌ᠵᠠ ᠪᠠᠨ ᠨᠢᠭᠡ ᠳᠤᠷᠠᠰᠤᠭᠠᠤᠨ ᠠᠪᠬᠤ
ᠡᠨᠡ᠂ ᠮᠢᠨᠤ
ᠡᠷᠭᠡ ᠴᠢᠯᠦᠭᠡ
ᠡᠳᠡᠯᠡᠭᠡᠳ ᠪᠠᠷᠠᠬᠤ ᠥᠭᠡᠢ
ᠡᠪ ᠵᠦᠢ᠌
ᠳᠠᠠᠳᠠ᠂ ᠳᠡᠭ᠍ᠷᠢ ᠳᠤᠤᠭᠠᠷᠤᠨ᠎ᠠ
ᠡ᠊ᠨᠳᠡ᠂ ᠪᠢ ᠰᠢᠯᠦᠭ᠌ ᠪᠢᠴᠢᠨ᠎ᠡ
ᠳᠡᠷᠳᠡᠭᠡ ᠡᠷᠭᠢ ᠳᠤ᠂ ᠳᠠᠢ᠌ᠨ ᠡᠭᠦᠰᠤᠨ᠎ᠡ
ᠳᠡᠷᠭᠡ ᠳᠡᠷᠭᠡ ᠪᠠᠷ᠂ ᠳᠠᠷᠢ ᠶᠢ ᠪᠢᠳᠠ ᠰᠢᠳᠠᠭᠠᠨ᠎ᠠ
ᠡᠨᠡ᠂ ᠮᠢᠨᠤ
ᠡᠷᠭᠡ ᠴᠢᠯᠦᠭᠡ
ᠡ᠊ᠨᠳᠡᠵᠤ᠂ ᠳᠠᠭᠠᠷᠠᠵᠤ ᠮᠡᠳᠡᠭᠦ
ᠣᠴᠢᠷ ᠳᠤᠢ᠌
ᠡᠨᠡ ᠡᠳᠦᠷ ᠪᠢ ᠰᠠᠬᠠᠯ ᠳᠠᠯᠪᠢᠬᠤ
ᠡᠷᠭᠢᠭᠡᠳ ᠮᠠᠷᠭᠠᠰᠢ ᠬᠤᠰᠤᠭᠠᠤᠨ ᠬᠠᠶᠠᠬᠤ
ᠡᠭᠡᠭᠦᠨ ᠪᠦᠭᠡᠳ ᠰᠦ᠋ ᠲᠡᠶ ᠴᠠᠢ ᠣᠤᠭᠤᠬᠤ
ᠡᠷᠢᠶᠡᠨ ᠪᠦᠭᠡᠳ ᠬᠤᠸᠠᠷ ᠲᠡᠶ ᠳᠠᠪᠠᠯ ᠡᠮᠦᠰᠭᠦ
ᠡᠨᠡ᠂ ᠮᠢᠨᠤ
ᠡᠷᠭᠡ ᠴᠢᠯᠦᠭᠡ
ᠡᠷᠦᠵᠤ ᠭᠦᠯᠢᠵᠤ ᠪᠣᠯᠤᠰᠢ ᠥᠭᠡᠢ
ᠵᠢᠮ᠎ᠠ᠂ ᠵᠢᠭ᠍ᠳᠡᠷᠡᠯ
ᠡᠷᠭᠡ ᠴᠢᠯᠦᠭᠡ ᠳᠡᠭᠡᠨ ᠪᠢ
ᠡᠷᠭᠡ ᠴᠢᠯᠦᠭᠡ ᠲᠡᠶ ᠶᠠᠪᠣᠬᠤ
ᠡᠷᠭᠡ ᠴᠢᠯᠦᠭᠡ ᠪᠠᠠ ᠪᠢ
ᠡᠷᠭᠡ ᠳᠤᠷ᠎ᠠ ᠪᠠᠷ ᠨᠢ ᠳᠠᠯᠪᠢᠬᠤ᠂
ᠡᠷᠭᠡ ᠳᠤᠷ᠎ᠠ ᠪᠠᠷ ᠨᠢ ᠡᠰᠡ ᠳᠠᠯᠪᠢᠬᠤ
ᠡᠨᠡ᠂ ᠮᠢᠨᠤ
ᠡᠷᠭᠡ ᠴᠢᠯᠦᠭᠡ
ᠡᠴᠦᠰ ᠰᠡᠭᠦᠯ ᠤᠨ
ᠡᠷᠭᠢᠮᠨᠡᠯ᠂ ᠪᠠᠷᠢᠮᠳᠠᠯᠠᠯ︕
1991.9.28 ᠊᠊᠊᠊᠊᠊᠊᠊᠊᠊᠊᠊᠊᠊᠊ 1992.2.1 ᠳᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ