ᠨᠡᠪᠲᠡᠷᠡᠨ ᠤᠷᠤᠬᠤ
ᠴᠢᠩᠭᠢᠰ ᠵᠤᠷᠢᠭ ᠤᠨ ᠨᠢᠭᠤᠴᠠ ᠳᠤᠪᠴᠢᠶᠠᠨ

ᠵᠠᠯᠠᠭᠤ ᠵᠤᠬᠢᠶᠠᠯᠴᠢ ᠳᠠᠮᠤᠷᠪᠠᠭᠠᠨ᠎ᠠ ᠪᠣᠯ ᠪᠣᠷᠵᠢᠭᠢᠨ ᠣᠪᠣᠭ ᠤᠨ ᠪᠣᠰᠤᠭ᠎ᠠ ᠪᠣᠳᠠ᠂ ᠬᠠᠪᠣᠳᠤ ᠬᠠᠰᠠᠷ ᠤᠨ ᠵᠠᠯᠭᠠᠮᠵᠢ ᠬᠣᠢ᠌ᠴᠢ᠂ ᠣᠷᠳᠤ ᠶᠢᠨ ᠳᠠᠭᠤᠤ ᠶᠢᠨ ᠶᠢᠡᠨ ᠢᠷᠠᠭᠤ ᠡᠭᠡᠰᠢᠭ᠌ ᠲᠤ ᠣᠶᠠᠷᠠᠵᠤ ᠬᠠᠢ᠌ᠯᠳᠠᠭ ᠮᠤᠩᠭ᠋ᠤᠯ ᠭᠦᠮᠤᠨ ᠤ ᠨᠢᠭᠡ᠃ ᠲ᠋ᠡᠭᠡᠷ᠎ᠡ ᠵᠠᠭᠤᠨ ᠤ ᠦᠪ ᠴᠦᠪ ᠤᠨ ᠢᠳᠠ ᠴᠠᠭ ᠲᠤ ᠳᠠᠷᠬᠠᠨ ᠬᠤᠰᠢᠭᠤᠨ ᠤ ᠶᠤᠤᠮᠠᠩᠬ᠎ᠠ ᠰᠤᠮᠤ ᠶᠢᠨ ᠳᠠᠪᠣᠠᠵᠠᠯᠠᠨ ᠭᠠᠴᠠᠭᠠᠨ ᠤ ᠨᠤᠮᠤᠬᠠᠨ ᠳᠠᠷᠢᠶᠠᠴᠢᠨ ᠴᠤᠩᠬᠤᠷᠠᠵᠠᠪ᠂ ᠲ᠋ᠠᠭᠤᠯᠠ ᠶᠢᠨ ᠭᠤᠳᠠᠭᠠᠷ ᠭᠦᠤ ᠶᠢᠨ ᠨᠠᠷ᠎ᠠ ᠵᠡᠭᠦᠨ ᠭᠤᠯᠤᠮᠳᠠ ᠪᠠᠨ ᠪᠠᠳᠠᠷᠭᠠᠬᠤ ᠳᠠᠭᠠᠨ ᠡᠯᠡ ᠲᠡᠶ ᠬᠠᠯᠠ ᠲᠡᠶ ᠪᠠᠯᠴᠢᠷ ᠨᠠᠰᠤ ᠪᠠᠨ ᠨᠢᠴᠦᠭᠦᠨ ᠬᠤᠭᠤᠰᠤᠨ ᠥᠩᠭᠡᠷᠡᠭᠦᠯᠦᠭ᠍ᠰᠡᠨ᠁ ᠰᠤᠷᠤᠶ᠎ᠠ ᠭᠡᠰᠡᠨ ᠶᠠᠭᠤᠮ᠎ᠠ ᠪᠠᠨ ᠰᠤᠠᠳᠠᠯ᠎ᠠ ᠰᠤᠷᠴᠤ᠂ ᠪᠢᠴᠢᠶ᠎ᠠ ᠭᠡᠰᠡᠨ ᠵᠣᠢ᠌ᠯ ᠶᠢᠡᠨ ᠥᠵᠦᠭᠦᠷ ᠳᠤᠨᠢ ᠭᠠᠷᠭᠠᠳᠠᠭ ᠳᠠᠷᠠ ᠪᠠᠷ ᠵᠢᠷᠢᠮ ᠠᠢ᠌ᠮᠠᠭ ᠤᠨ ᠪᠠᠭᠰᠢ ᠶᠢᠨ ᠰᠤᠷᠭᠠᠭᠤᠯᠢ ᠡᠴᠡ ᠰᠤᠷᠤᠯᠭ᠎ᠠ ᠳᠡᠭᠦᠰᠴᠤ᠂ ᠪᠠᠭᠰᠢᠯᠡᠬᠤ ᠶᠢᠨ ᠶᠢᠡᠨ ᠵᠠᠪᠰᠠᠷ ᠳᠠᠷᠢᠶᠠᠯᠠᠵᠤ ᠶᠠᠪᠣᠬᠤ ᠳ᠋ᠠᠭᠠᠨ 《ᠭᠠᠷ ᠴᠠᠭᠠᠰᠤ》᠂ 《ᠳᠠᠷᠢᠶᠠᠴᠢᠨ ᠤ ᠭᠦᠤ ᠮᠠᠤ ᠽᠧ ᠳ᠋ᠦ᠋ᠩ》᠂ 《ᠳᠤᠮᠤᠭ ᠤᠨ ᠰᠠᠢ᠌ᠬᠠᠨ ᠨᠤᠳᠤᠭ ᠪᠣᠶᠤ ᠳᠤᠤᠯᠢᠰ ᠤᠨ ᠣᠯᠠᠭᠠᠠᠬᠤᠳᠠ》᠂ 《ᠳᠠᠷᠬᠠᠨ ᠬᠤᠰᠢᠭᠤᠨ ᠤ ᠪᠣᠷᠵᠢᠭᠢᠨ ᠣᠪᠣᠭᠳᠠᠤᠨ ᠤᠨ ᠨᠤᠳᠤᠭ ᠬᠤᠪᠢᠶᠠᠵᠤ ᠭᠡᠷ ᠲᠦᠷᠦᠯ ᠢᠯᠭᠠᠭᠰᠠᠨ ᠶ‍ᠦᠰᠤᠨ》 ᠵᠡᠷᠭᠡ ᠳᠤᠭ᠎ᠠ ᠪᠠᠷ ᠴᠥᠭᠡᠨ ᠴᠤ ᠲᠦᠷᠦᠯ ᠵᠣᠢ᠌ᠯ ᠶᠢᠡᠷ ᠪᠦᠷᠢᠨ ᠶᠠᠰᠤᠯᠢᠭ ᠪᠦᠳᠦᠭᠡᠯ ᠶᠢᠡᠷ ᠶᠢᠡᠨ ᠣᠩᠰᠢᠭᠴᠢᠳ ᠤᠨ ᠶᠢᠡᠨ ᠭᠡᠭᠡᠨ ᠮᠠᠯᠮᠠᠢ ᠶᠢ ᠪᠠᠶᠠᠰᠬᠠᠨ ᠪᠠᠶᠠᠰᠬᠠᠭᠰᠠᠨ ᠶᠢᠡᠨ 《ᠪᠢ ᠭᠡᠨ ᠪᠢᠯᠠ︖ ᠪᠢᠳᠠ ᠭᠡᠨ ᠪᠢᠯᠡ︖》 ᠭᠡᠳᠡᠭ᠌ ᠶᠢᠡᠨ ᠮᠠᠳᠠᠶ᠎ᠠ ᠮᠡᠳᠡᠭᠦᠯᠦᠶ᠎ᠡ ᠭᠡᠵᠤ ᠳᠠᠷᠬᠠᠨ ᠬᠤᠰᠢᠭᠤᠨ ᠤ ᠵᠤᠬᠢᠶᠠᠵᠤ ᠨᠠᠢ᠌ᠷᠠᠭᠤᠯᠬᠤ ᠭᠡᠷ ᠢ ᠳᠤᠯᠭᠠᠭᠤᠷᠯᠠᠨ ᠠᠪᠴᠤ 《ᠮᠤᠩᠭ᠋ᠤᠯ᠂ ᠮᠤᠩᠭ᠋ᠤᠯ ᠁》 ᠭᠡᠵᠤ ᠭᠢᠷᠢ ᠡᠴᠡ ᠪᠠᠨ ᠭᠡᠳᠦᠷᠡᠳᠡᠯ᠎ᠡ ᠵᠤᠪᠠᠵᠤ ᠵᠢᠷᠭᠠᠨ᠎ᠠ᠂ ᠵᠢᠦᠡᠭᠦᠵᠤ ᠵᠢᠷᠭᠠᠨ᠎ᠠ ᠁


ᠴᠢᠩᠭᠢᠰ ᠵᠤᠷᠢᠭ ᠤᠨ ᠨᠢᠭᠤᠴᠠ ᠳᠤᠪᠴᠢᠶᠠᠨ


᠊᠊᠊᠊᠊᠊᠊᠊᠊᠊᠊᠊᠊᠊᠊ ᠲ᠋ᠠᠮᠤᠷᠪᠠᠭᠠᠨ᠎ᠠ


ᠮᠥᠩᠭᠡ ᠳᠡᠭ᠍ᠷᠢ ᠵᠠᠷᠯᠢᠭ ᠪᠣᠯᠤᠷᠤᠨ

ᠳᠡᠯᠡᠭᠡᠢ ᠬᠠᠷᠠᠩᠭ᠋ᠤᠢ ᠪᠠᠢ᠌ᠨ᠎ᠠ

ᠭᠦᠮᠤᠨ ᠤ ᠨᠠᠷᠠᠨ ᠮᠤᠩᠭ᠋ᠤᠯ ᠭᠦᠮᠤᠨ ᠢ ᠳᠦᠷᠦᠭᠦᠯᠦᠭ᠍ᠳᠤᠨ︕

ᠳᠡᠭᠡᠭᠡᠤᠨ

ᠪᠦᠷᠳᠡ ᠴᠢᠨ᠋ᠸ᠎ᠠ ᠮᠠᠠᠳᠤᠯᠠᠪᠠ (1)

ᠭᠤᠸ᠎ᠠ ᠬᠠᠳᠤᠨ ᠵᠠᠯᠠᠪᠠ

ᠳᠡᠭ᠍ᠷᠢ ᠶᠢᠨ ᠳᠡᠷᠳᠡᠭᠡ ᠭᠢᠵᠠᠭᠠᠷ ᠡᠴᠡ

ᠳᠠᠩᠭᠢᠰ ᠭᠡᠳᠦᠯᠵᠤ ᠢᠷᠠᠪᠠ

ᠪᠠᠳᠠᠴᠢ ᠬᠠᠨ᠂ ᠲ᠋ᠤᠪᠣ ᠮᠡᠷᠭᠡᠨ (2)

ᠳᠠᠪᠤᠨ ᠮᠦᠰᠤ ᠵᠠᠯᠭᠠᠪᠠ

ᠪᠣᠳᠠᠠᠴᠢᠷ ᠳᠡᠭᠡᠳᠤ᠂ ᠬᠠᠪᠦᠯ ᠬᠠᠭᠠᠨ (3)

ᠨᠢᠭᠤᠴᠠ ᠳᠤᠪᠴᠢᠶᠠᠨ ᠳᠤ ᠪᠢᠴᠢᠭ᠍ᠳᠡᠪᠡ

ᠳᠡᠭ᠍ᠷᠢ ᠪᠠᠰᠠ ᠵᠠᠷᠯᠢᠭ ᠪᠣᠯᠤᠷᠤᠨ

ᠳᠡᠯᠡᠭᠡᠢ ᠰᠠᠮᠠᠭᠤᠨ ᠪᠠᠢ᠌ᠨ᠎ᠠ

ᠳᠠᠤᠯᠠᠢ ᠶᠠᠭᠠᠭᠢᠭᠠᠤᠨ ᠣᠯᠠᠳᠠᠪᠠ︖

ᠭᠦᠮᠤᠨ ᠤ ᠰᠦᠯᠳᠡ ᠭᠦᠭᠡ ᠳᠤᠭ ᠢ ᠳᠦᠷᠦᠭᠦᠯᠦᠭ᠍ᠳᠤᠨ︕

ᠳᠡᠭᠡᠭᠡᠤᠨ

ᠣᠨᠤᠨ ᠮᠦᠷᠠᠨ ᠡᠴᠡ ᠴᠠᠭᠠᠨ ᠭᠡᠷᠡᠯ ᠱᠤᠤᠭᠢᠵᠤ

ᠥᠭᠡᠯᠤᠨ ᠡᠭᠡ ᠳᠠᠰᠢᠭᠤᠷ ᠵᠠᠯᠭᠢᠵᠤ ᠵᠡᠭᠦᠳᠦᠯᠡᠪᠡ (4)

ᠶ‍ᠢᠰᠤᠨ ᠭᠦᠭᠦᠯᠳᠤ ᠴᠠᠭᠠᠨ ᠳᠤᠭ (5)

ᠶ‍ᠢᠷᠳᠢᠠᠴᠤ ᠳᠤ ᠨᠠᠮᠢᠷᠠᠪᠠ

ᠶ‍ᠢᠰᠦᠭᠡᠢ ᠪᠠᠭᠠᠳᠤᠷ ᠤᠨ ᠳᠠᠮᠤᠵᠢᠨ

ᠶᠡᠭᠡ ᠣᠷᠤ ᠰᠠᠭᠤᠪᠠ᠃

ᠥᠭᠦᠯᠡᠪᠠᠰᠤ ᠊᠊᠊᠊᠊᠊᠊᠊᠊᠊᠊᠊᠊᠊᠊

ᠮᠢᠩᠭ᠋ᠠᠨ ᠭᠠᠯᠪᠠ ᠶᠢᠨ ᠮᠦᠰᠤᠳᠤ ᠭᠡᠭᠡᠷ᠎ᠡ ᠵᠢ

ᠠᠯᠠᠭᠠᠨ ᠳᠠᠭᠠᠨ ᠳᠠᠴᠢᠭᠢᠨᠠᠭᠤᠯᠵᠤ

ᠮᠥᠩᠭᠡ ᠣᠠᠳᠤᠷᠤᠯᠳᠤ ᠭᠦᠭᠡᠷᠴᠦᠭ᠌ ᠳᠠᠢ

ᠠᠮᠢᠳᠤ ᠣᠰᠤᠨ ᠥᠶᠡᠷᠯᠡᠭᠦᠯᠵᠤ

ᠳᠦᠷᠪᠡᠨ ᠵᠥᠭ᠌ ᠤᠨ ᠭᠡᠷᠡᠮ ᠢ

ᠡᠷᠭᠦᠨ᠎ᠡ ᠬᠤᠨ ᠰᠢᠭ ᠨᠤᠷᠠᠭᠠᠨ (6)

ᠳᠡᠯᠡᠭᠡᠢ ᠳᠠᠢ᠌ᠯᠠᠨ ᠳᠠᠭᠠᠭᠤᠯᠤᠭᠰᠠᠨ

ᠳᠡᠭ᠍ᠷᠢᠯᠢᠭ᠌ ᠣᠩᠭ᠋ᠤᠳ ᠳᠠᠮᠤᠵᠢᠨ

ᠪᠣᠷᠬᠠᠨ ᠬᠠᠯᠳᠤᠨ ᠢ ᠨᠦᠵᠢ ᠪᠠᠷ ᠪᠢᠯᠳᠠᠨ (7)

ᠪᠣᠷᠤᠭᠤ ᠵᠠᠶᠠᠭ᠎ᠠ ᠶᠢ ᠣᠮᠤᠭ ᠶᠢᠡᠷ ᠮᠤᠰᠭᠢᠨ

ᠣᠯᠠᠨ ᠣᠳᠤ ᠶᠢ ᠪᠢᠯᠢᠭ᠌ ᠶᠢᠡᠷ ᠣᠷᠴᠢᠭᠤᠯᠵᠤ

ᠣᠷᠪᠠᠭᠰᠠᠨ ᠣᠯᠤᠰ ᠢ ᠵᠡᠷᠯᠢᠭ᠌ ᠶᠢᠡᠷ ᠪᠣᠷᠴᠢᠵᠤ (8)

ᠥᠡᠳᠦᠷᠯᠢᠭ᠌ ᠡᠮᠪᠦᠯᠡᠵᠤ (9)

ᠦᠷᠠᠯ ᠳ᠋ᠤᠨᠠᠤ᠋ ᠭᠢᠩᠭᠦᠰᠯᠡᠨ (10)

ᠦᠷᠦᠨᠠᠰᠢ ᠡᠮᠳᠦᠯᠡᠵᠤ (11)

ᠡᠮᠦᠨᠡᠰᠢ ᠥᠰᠭᠦᠵᠤ (12)

ᠠᠷᠪᠠᠨ ᠵᠥᠭ᠌ ᠤᠨ ᠰᠤᠷᠭᠤᠳᠡᠨ ᠢ

ᠡᠪᠦᠳᠦᠭ᠌ ᠰᠥᠭᠦᠷᠡᠭᠦᠯᠤᠨ ᠬᠠᠯᠠᠭᠤᠳᠠᠭᠠᠵᠤ

ᠠᠷᠪᠠᠨ ᠵᠥᠭ᠌ ᠤᠨ ᠰᠥᠢᠭᠡᠳᠡᠨ ᠢ

ᠡᠪᠦᠷ ᠢᠷᠠᠭᠤᠯᠤᠨ ᠪᠦᠯᠢᠶᠡᠰᠭᠡᠵᠤ

ᠬᠠᠯᠳᠠᠭᠰᠠᠤᠨ ᠲᠤ ᠬᠠᠯᠠᠳᠠᠢ

ᠬᠠᠷᠭᠤᠭᠰᠠᠤᠨ ᠲᠤ ᠬᠠᠷᠠᠳᠠᠢ

ᠬᠠᠨᠢᠯᠠᠭᠰᠠᠤᠨ ᠲᠤ ᠬᠠᠷᠢᠭᠤ ᠳᠠᠢ

ᠬᠠᠠᠳᠢᠪᠯᠠᠭᠰᠠᠤᠨ ᠲᠤ ᠪᠠᠢ᠌ᠷᠢ ᠲᠡᠶ

ᠳᠠᠩᠭᠢᠰ ᠭᠡᠰᠡᠨ ᠭᠦᠭᠡ ᠲ᠋ᠤᠭ

ᠮᠤᠩᠭ᠋ᠤᠯ ᠨᠠᠮᠢᠷᠠᠨ

《ᠳᠠᠭᠠᠳᠤᠭᠠᠢ》 ᠭᠡᠰᠡᠨ ᠰᠢᠷᠦᠭᠦᠨ ᠠᠶᠠᠯᠭᠤ (13)

ᠮᠤᠩᠭ᠋ᠤᠯ ᠬᠠᠩᠭᠢᠨᠠᠨ

ᠳᠦᠷᠪᠡᠨ ᠭᠦᠯᠦᠭ᠌ ᠨᠢ ᠭᠦᠢᠴᠡᠳᠡᠭ᠌ ᠪᠠᠢ᠌ᠪᠠ (14)

ᠳᠦᠷᠪᠡᠨ ᠨᠤᠬᠠᠢ ᠨᠢ ᠬᠠᠵᠠᠳᠠᠭ ᠪᠠᠢ᠌ᠪᠠ (15)

ᠳᠦᠷᠪᠡᠨ ᠭᠦᠤ ᠨᠢ ᠬᠠᠷᠪᠣᠳᠠᠭ ᠪᠠᠢ᠌ᠪᠠ (16)

ᠳᠦᠷᠪᠡᠨ ᠬᠠᠳᠤᠨ ᠨᠢ ᠳᠦᠷᠦᠳᠡᠭ᠌ ᠪᠠᠢ᠌ᠪᠠ (17)

ᠳᠠᠶᠠᠭᠠᠷ ᠡᠷᠭᠦᠭ᠍ᠰᠡᠨ ᠭᠦᠭᠡ ᠳᠤᠭ ᠳᠤᠨᠢ

ᠳᠡᠭ᠍ᠷᠢ ᠭᠠᠵᠠᠷ ᠳᠠᠯᠳᠠ ᠡᠴᠡ ᠠᠶᠠᠯᠳᠤᠨ

ᠳᠡᠮᠡᠭᠡᠨ ᠬᠤᠷᠭᠤᠯ ᠪᠣᠯᠵᠤ ᠵᠢᠪᠠᠷ ᠳᠤᠨᠢ ᠭᠡᠢ᠌ᠰᠭᠦ

ᠳᠠᠢ᠌ᠰᠤᠨ ᠨᠢ ᠠᠯᠤᠰ ᠡᠴᠡ ᠰᠥᠭᠦᠳᠦᠭ᠍ᠰᠡᠨ

ᠳᠠᠮᠤᠵᠢᠨ ᠪᠣᠯ ᠴᠢᠩᠭᠢᠰ ᠬᠠᠭᠠᠨ

ᠳᠠᠮᠤᠵᠢᠨ ᠪᠣᠯ ᠳᠠᠪᠤᠨ ᠮᠦᠰᠤ

ᠳᠠᠮᠤᠵᠢᠨ ᠪᠣᠯ ᠴᠡᠩᠭᠡᠷ ᠳᠤᠭ

ᠳᠠᠮᠤᠵᠢᠨ ᠪᠣᠯ ᠴᠢᠩᠭᠢᠰ ᠵᠤᠷᠢᠭ

ᠳᠠᠪ ᠳᠡᠭ᠍ᠷᠢ ᠪᠦᠭᠡ ᠭᠡᠯᠡᠨ᠎ᠡ (18)

ᠳᠡᠭ᠍ᠷᠢ ᠶᠢᠨ ᠡᠯᠴᠢ ᠰᠢᠪᠠᠭᠤ ᠳᠤᠩᠭ᠋ᠤᠳᠤᠨ᠎ᠠ (19)

ᠨᠠᠢ᠌ᠳᠠ ᠮᠤᠩᠭ᠋ᠤᠯ ᠳᠤ ᠶᠠᠷᠢᠭᠳᠠᠨ᠎ᠠ

ᠨᠢᠭᠤᠴᠠ ᠳᠤᠪᠴᠢᠶᠠᠨ ᠳᠤ ᠪᠢᠴᠢᠭ᠍ᠳᠡᠨ᠎ᠡ᠃

ᠠᠳᠠᠷ ᠤᠨ ᠡᠪᠠᠰᠤ ᠨᠢ ᠮᠤᠩᠭ᠋ᠤᠯ ᠶᠢᠡᠷ ᠥᠶᠡᠯᠵᠡᠭᠦ

ᠠᠷᠪᠠᠨ ᠭᠤᠷᠪᠠᠳᠤᠭᠠᠷ ᠵᠠᠭᠤᠨ

ᠴᠢᠩᠭᠢᠰ ᠵᠤᠷᠢᠭ ᠤᠨ ᠵᠠᠭᠤᠨ

ᠴᠡᠩᠭᠡᠷ ᠳᠤᠭ ᠤᠨ ᠵᠠᠭᠤᠨ

ᠨᠢᠭᠤᠴᠠ ᠳᠤᠪᠴᠢᠶᠠᠨ ᠤ ᠴᠢᠩᠭᠢᠰ ᠵᠤᠷᠢᠭ

ᠨᠢᠷᠤᠭᠤᠳ ᠮᠤᠩᠭ᠋ᠤᠯ ᠤᠨ ᠳᠤᠲ᠋ᠸᠮ ᠵᠤᠷᠢᠭ (20) (21)

ᠨᠢᠭᠤᠵᠤ ᠪᠢᠴᠢᠭ᠍ᠰᠡᠨ ᠢᠯᠠ ᠵᠤᠷᠢᠭ

ᠨᠠᠷᠠᠨ ᠳᠤ ᠳᠡᠮᠤᠯᠦᠭ᠍ᠰᠡᠨ ᠮᠤᠩᠭ᠋ᠤᠯ ᠵᠤᠷᠢᠭ

ᠪᠦᠷᠳᠡ ᠴᠢᠨ᠋ᠸ᠎ᠠ ᠶᠢᠨ ᠳᠠᠩᠭᠢᠰ ᠭᠡᠳᠦᠯᠦᠭ᠍ᠰᠡᠨ

ᠭᠦᠩᠭᠡᠨ ᠵᠠᠪᠢ ᠪᠣᠯ ᠴᠢᠩᠭᠢᠰ ᠵᠤᠷᠢᠭ

ᠠᠯᠤᠨ ᠡᠭᠡ ᠶᠢᠨ ᠮᠥᠩᠭᠡ ᠶᠢᠨ ᠰᠤᠷᠭᠠᠯ

ᠳᠠᠪᠤᠨ ᠮᠦᠰᠤ ᠪᠣᠯ ᠴᠢᠩᠭᠢᠰ ᠵᠤᠷᠢᠭ

ᠳᠡᠯᠢᠭᠦᠨ ᠪᠣᠯᠳᠤᠭ ᠲᠤ ᠨᠠᠷᠠ ᠰᠤᠴᠢᠭᠠᠭᠰᠠᠨ

ᠳᠡᠯᠡᠭᠡᠨ ᠱᠠᠭᠠᠨ ᠨᠦᠵᠢ ᠪᠣᠯ ᠴᠢᠩᠭᠢᠰ ᠵᠤᠷᠢᠭ (22)

ᠵᠠᠷᠴᠢ ᠡᠪᠦᠭᠡᠨ ᠤ ᠪᠠᠯᠡᠭᠯᠡᠭ᠍ᠰᠡᠨ

ᠪᠣᠯᠠᠭᠠᠨ ᠠᠷᠠᠰᠤᠨ ᠮᠠᠠᠴᠤᠢ ᠪᠣᠯ ᠴᠢᠩᠭᠢᠰ ᠵᠤᠷᠢᠭ (23)

ᠳᠠᠢ᠌ᠨ ᠶᠢᠡᠷ ᠳᠠᠮᠵᠢᠨ ᠳᠠᠭᠤᠳᠠᠭᠳᠠᠭᠰᠠᠨ

ᠳᠠᠮᠤᠵᠢᠨ ᠴᠢᠩᠭᠢᠰ ᠴᠤᠯᠠ ᠪᠣᠯ ᠴᠢᠩᠭᠢᠰ ᠵᠤᠷᠢᠭ

ᠳᠠᠶᠠᠩ ᠳᠤ ᠭᠡᠵᠢᠶᠡᠳᠡ ᠳᠠᠷᠤᠭᠳᠠᠰᠢ ᠥᠭᠡᠢ

ᠳᠤᠭᠰᠢᠨ ᠬᠠᠷ᠎ᠠ ᠰᠦᠯᠳᠡ ᠪᠣᠯ ᠴᠢᠩᠭᠢᠰ ᠵᠤᠷᠢᠭ

ᠦᠯ ᠬᠤᠭᠤᠯᠠ ᠵᠥᠪᠯᠡᠭᠦ ᠪᠠᠷ

ᠦᠷ᠎ᠡ ᠳᠡᠭᠦᠨ ᠦᠨᠳᠦᠰᠦ ᠮᠠᠯᠳᠠᠵᠤ

ᠡᠯᠭᠦᠭᠦᠷ ᠭᠦᠭᠢ ᠪᠠᠷ

ᠡᠷᠡᠮᠳᠡᠭ᠌ ᠵᠡᠮᠳᠡᠭ᠌ ᠵᠢᠭᠠᠰᠤ ᠱᠥᠭᠦᠭᠦ ᠳ᠋ᠡᠭᠡᠨ

ᠥᠭᠡᠷ᠎ᠡ ᠨᠠᠢ᠌ᠵᠠ ᠣᠭᠳᠤ ᠪᠠᠢ᠌ᠭᠰᠠᠨ ᠦᠭᠡᠶ ᠴᠤ

ᠦᠰᠢᠯ ᠭᠢᠰᠠᠯ ᠶᠢᠡᠨ ᠮᠠᠷᠳᠠᠯ ᠦᠭᠡᠶ (24)

ᠣᠭᠢᠳᠠᠯ᠎ᠠ ᠪᠣᠭᠳᠠᠯᠠᠵᠤ

ᠣᠵᠢᠳᠠᠯ᠎ᠠ ᠪᠦᠰᠡᠯᠡᠭ᠍ᠰᠡᠭᠡᠷ (25)

ᠡᠴᠦᠰ ᠲᠡᠭᠡᠨ ᠪᠦᠷᠭᠦᠤᠨ ᠪᠣᠯᠵᠤ ᠳᠡᠭᠦᠯᠢᠭ᠍ᠰᠡᠨ

ᠥᠷᠯᠦᠭ᠌ ᠡᠭᠡ ᠵᠢᠨ

ᠦᠨᠦᠴᠢᠨ ᠵᠢᠷᠭᠤᠭᠠᠨ ᠴᠤᠷᠪᠠᠭ᠎ᠠ ᠪᠣᠯ ᠴᠢᠩᠭᠢᠰ ᠵᠤᠷᠢᠭ (26)

ᠭᠦᠯᠦᠭ᠌ ᠠᠭᠳᠠ ᠶᠢᠨ ᠭᠡᠭᠡᠷ᠎ᠡ ᠬᠠᠶᠠᠭᠳᠠᠭᠰᠠᠨ

ᠨᠠᠮᠪᠣᠭ᠎ᠠ ᠰᠠᠭᠤᠯᠠᠭ᠎ᠠ ᠪᠣᠯ ᠴᠢᠩᠭᠢᠰ ᠵᠤᠷᠢᠭ (27)

ᠭᠦᠯ ᠰᠢᠯᠵᠢᠯ ᠦᠭᠡᠶ ᠶᠡᠭᠡ ᠴᠠᠰᠤᠨ᠎ᠠ

ᠰᠦᠨᠢᠵᠢᠨ ᠡᠷᠭᠦᠭ᠍ᠳᠡᠭ᠍ᠰᠡᠨ ᠢᠰᠡᠭᠡᠢ ᠨᠥᠮᠦᠷᠭᠡ ᠪᠣᠯ ᠴᠢᠩᠭᠢᠰ ᠵᠤᠷᠢᠭ (28)

ᠰᠢᠪᠦᠭᠡ ᠮᠠᠳᠤ ᠬᠠᠳᠠᠭᠤ ᠪᠦᠭᠦᠨ ᠢ

ᠭᠣᠢ᠌ᠪᠢᠰᠢ ᠦᠭᠡᠶ ᠣᠷᠢᠶ᠎ᠠ

ᠰᠦᠷᠳᠠᠰᠢ ᠦᠭᠡᠶ ᠠᠯᠬᠤᠭ᠎ᠠ ᠳᠠᠢ

ᠴᠤᠴᠠᠰᠢ ᠦᠭᠡᠶ ᠨᠦᠷᠢᠵᠤ

ᠭᠦᠯᠪᠠᠷᠢᠰᠢ ᠦᠭᠡᠶ ᠨᠡᠪᠳᠡᠯᠭᠦ ᠪᠠᠷ

ᠣᠷᠳᠤ ᠴᠠᠭᠤᠷ ᠴᠠᠭᠤᠷᠤᠨ

ᠬᠠᠷᠠᠭᠠᠨ᠎ᠠ ᠶᠤᠷᠴᠢᠯ ᠶᠤᠷᠴᠢᠳᠠᠭ (29)

ᠠᠯᠠᠯᠳᠤᠬᠤᠢ ᠦᠯᠦᠨ ᠬᠠᠷᠴᠠᠭᠠᠢ

ᠠᠮᠤᠭᠤᠯᠠᠩᠬᠤᠢ ᠨᠤᠮᠤᠬᠠᠨ ᠪᠢᠷᠠᠭᠤ

ᠰᠢᠷᠠᠮᠤᠨ ᠮᠠᠩᠨᠠᠢ᠌ᠳᠤ ᠣᠷᠤᠭᠤᠳ ᠮᠠᠩᠭ᠋ᠤᠳ ᠮᠠᠳᠤ (30)

ᠠᠷᠪᠠᠨ ᠲᠦᠮᠡᠨ ᠮᠤᠩᠭ᠋ᠤᠯ ᠴᠡᠷᠢᠭ᠌ ᠪᠣᠯ ᠴᠢᠩᠭᠢᠰ ᠵᠤᠷᠢᠭ (31)

ᠦᠰᠢᠶᠠᠳᠠᠨ ᠶᠢᠡᠨ ᠪᠢᠰᠢᠷᠡᠳᠡᠭ᠌

ᠡᠷᠦᠭᠡ ᠶᠢᠨ ᠪᠣᠭᠤᠯ ᠴᠢᠯᠠᠭᠤᠨ᠂ ᠵᠠᠪᠠ ᠪᠣᠯ ᠴᠢᠩᠭᠢᠰ ᠵᠤᠷᠢᠭ (32)

ᠣᠬᠠᠭ᠎ᠠ ᠳᠠᠮᠢᠷ ᠪᠠᠭᠤᠷᠠᠰᠢ ᠥᠭᠡᠢ

ᠡᠪᠦᠭᠡᠨ ᠪᠠᠭᠠᠳᠤᠷ ᠰᠥᠪᠠᠭᠡᠳᠡᠢ᠂ ᠥᠶᠡᠷ ᠪᠣᠯ ᠴᠢᠩᠭᠢᠰ ᠵᠤᠷᠢᠭ (33)

ᠦᠨᠡᠰᠤ ᠪᠣᠯᠤᠭᠰᠠᠨ ᠪᠠᠭᠤᠴᠠᠨ ᠳ᠋ᠠᠭᠠᠨ

ᠡᠯᠡᠭᠡᠭ᠍ᠰᠡᠨ ᠪᠣᠢ᠌ᠳᠤᠭ ᠰᠢᠭ ᠬᠠᠶᠠᠭᠳᠠᠭᠰᠠᠨ (34)

ᠥᠭᠡᠭᠦᠤ ᠶᠠᠳᠠᠩᠭᠢ ᠶᠢ ᠡᠨᠡᠷᠢᠳᠡᠭ᠌

ᠥᠭᠡᠯᠤᠨ ᠡᠭᠡ ᠶᠢᠨ ᠡᠷᠭᠦᠮᠡᠯ ᠭᠡᠦᠭᠡᠤᠨ ᠪᠣᠯ ᠴᠢᠩᠭᠢᠰ ᠵᠤᠷᠢᠭ (35)

ᠣᠯᠤᠰ ᠮᠤᠩᠭ᠋ᠤᠯ ᠶᠢᠡᠨ ᠥᠨᠦᠴᠢᠷᠡᠭᠦᠯᠪᠠᠯ

ᠣᠠᠳᠤᠤ ᠡᠯᠢᠭᠡᠳᠡᠨ ᠪᠠᠶᠠᠰᠤᠨ᠎ᠠ

ᠪᠦᠭᠡ ᠨᠡᠷ ᠭᠦᠷᠳᠡᠭ᠍ᠳᠤᠨ (36)

ᠪᠢ ᠰᠤᠭᠳᠤᠰᠤᠭᠠᠢ ᠭᠡᠵᠤ

ᠪᠠᠯᠪᠠᠰᠤᠨ ᠳᠡᠭᠡᠨ ᠭᠡᠷᠢᠶᠡᠰ ᠥᠭᠡᠢ

ᠪᠣᠷᠵᠢᠭᠢᠨ ᠴᠢᠰᠤᠳᠠᠢ ᠳᠤᠯᠤᠢ ᠬᠠᠭᠠᠨ ᠪᠣᠯ ᠴᠢᠩᠭᠢᠰ ᠵᠤᠷᠢᠭ (37)

ᠪᠠᠯᠵᠤᠨ ᠤ ᠪᠣᠯᠠᠩᠭᠢᠷ ᠣᠰᠤᠨ᠎ᠠ ᠬᠠᠳᠠᠩᠰᠢᠭᠰᠠᠨ

ᠠᠷᠪᠠᠨ ᠳᠤᠯᠤᠭᠠᠨ ᠳᠠᠩᠭ᠋ᠠᠷᠢᠭ ᠥᠭᠡ ᠪᠣᠯ ᠴᠢᠩᠭᠢᠰ ᠵᠤᠷᠢᠭ (38)

ᠪᠠᠷᠰ ᠵᠢᠯ ᠭᠡᠰᠢᠭ᠌ ᠰᠤᠶᠤᠷᠬᠠᠯ ᠭᠦᠷᠳᠡᠭ᠍ᠰᠡᠨ

ᠶᠠᠷᠠᠨ ᠳᠠᠪᠤᠨ ᠮᠢᠩᠭ᠋ᠠᠳᠤ ᠪᠣᠯ ᠴᠢᠩᠭᠢᠰ ᠵᠤᠷᠢᠭ (39)

ᠲᠦᠮᠡᠨ ᠭᠠᠵᠠᠷ ᠡ᠊ᠨᠳᠡᠯ ᠦᠭᠡᠶ ᠳᠠᠮᠵᠢᠭᠳᠠᠬᠤ

ᠬᠠᠭᠠᠨ ᠤ ᠠᠮᠠᠨ ᠵᠠᠷᠯᠢᠭ ᠪᠣᠯ ᠴᠢᠩᠭᠢᠰ ᠵᠤᠷᠢᠭ (40)

ᠳᠤᠯᠤᠭᠠᠨ ᠵᠢᠯ ᠡᠵᠡᠭᠦᠢ ᠳ᠋ᠤ

ᠲᠦᠪᠰᠢᠨ ᠥᠷᠨᠢᠭᠦᠨ ᠬᠠᠭᠠᠠᠳᠤ ᠲᠦᠷᠦ ᠪᠣᠯ ᠴᠢᠩᠭᠢᠰ ᠵᠤᠷᠢᠭ (41)

ᠮᠥᠩᠭᠡ ᠭᠠᠯ ᠳᠤ ᠭᠦᠭᠡᠷᠭᠡ ᠪᠣᠯᠤᠭᠰᠠᠨ

ᠮᠥᠩᠭᠡ ᠳᠡᠭ᠍ᠷᠢ ᠶᠢᠨ ᠢᠳᠡᠭᠡᠯ ᠪᠢᠰᠢᠷᠠᠯ ᠪᠣᠯ ᠴᠢᠩᠭᠢᠰ ᠵᠤᠷᠢᠭ (42)

ᠮᠤᠬᠤᠰᠢ ᠦᠭᠡᠶ ᠵᠠᠭᠤᠨ ᠳᠠᠮᠵᠢᠨ ᠡᠷᠡᠰ ᠳᠠᠪᠭᠢᠭᠰᠠᠨ

ᠮᠤᠯᠤᠷ ᠡᠷᠳᠡᠨᠢ ᠮᠤᠩᠭ᠋ᠤᠯ ᠮᠤᠷᠢ ᠪᠣᠯ ᠴᠢᠩᠭᠢᠰ ᠵᠤᠷᠢᠭ

《ᠠᠯᠳᠠ ᠪᠠᠶ᠎ᠠ ᠮᠢᠨᠤ ᠠᠯᠵᠢᠶᠠᠪᠠᠰᠤ ᠠᠯᠵᠢᠶᠠᠳᠤᠭᠠᠢ

ᠠᠬᠤ ᠲᠦᠷᠦ ᠮᠢᠨᠤ ᠪᠣᠤ ᠠᠯᠳᠠᠷᠠᠳᠤᠭᠠᠢ》 ᠪᠣᠯ ᠴᠢᠩᠭᠢᠰ ᠵᠤᠷᠢᠭ (43)

ᠠᠷᠢᠭᠢᠨ ᠬᠤᠤᠷ ᠭᠡᠮ ᠵᠢᠭᠠᠪᠣᠷᠢᠯᠠᠭᠰᠠᠨ

ᠠᠷᠪᠠᠨ ᠨᠢᠭᠡᠨ ᠰᠠᠴᠠᠤᠨ ᠤᠨ ᠮᠠᠷᠭᠤᠭᠠᠨ ᠪᠣᠯ ᠴᠢᠩᠭᠢᠰ ᠵᠤᠷᠢᠭ (44)

ᠮᠤᠩᠭ᠋ᠤᠯ ᠭᠡᠵᠤ ᠰᠤᠳᠤᠨ ᠭᠠᠢ᠌ᠬᠠᠮᠰᠢᠭ ᠳᠠᠭᠤᠷᠢᠰᠬᠤ

ᠮᠢᠩᠭ᠋ᠠᠨ ᠣᠨ ᠤ ᠪᠣᠰᠤᠭ᠎ᠠ ᠨᠠᠷ᠎ᠠ ᠪᠣᠯ ᠴᠢᠩᠭᠢᠰ ᠵᠤᠷᠢᠭ (45)

ᠨᠢᠭᠤᠴᠠ ᠳᠤᠪᠴᠢᠶᠠᠨ ᠳᠤ ᠮᠤᠩᠭ᠋ᠤᠯ ᠪᠢᠴᠢᠭ᠍ᠳᠡᠭ᠍ᠰᠡᠨ

ᠠᠷᠪᠠᠨ ᠭᠤᠷᠪᠠᠳᠤᠭᠠᠷ ᠵᠠᠭᠤᠨ ᠪᠣᠯ ᠴᠢᠩᠭᠢᠰ ᠵᠤᠷᠢᠭ

ᠴᠢᠩᠭᠢᠰ ᠵᠤᠷᠢᠭ ᠤᠨ ᠵᠠᠭᠤᠨ

ᠴᠡᠩᠭᠡᠷ ᠳᠤᠭ ᠤᠨ ᠵᠠᠭᠤᠨ

ᠮᠤᠷᠢᠨ ᠨᠢᠷᠤᠭᠤᠨ ᠡᠴᠡ ᠮᠠᠠᠳᠤᠭᠰᠠᠨ

ᠮᠤᠩᠭ᠋ᠤᠯ ᠨᠠᠷᠠ ᠲᠡᠶ ᠵᠠᠭᠤᠨ᠃

ᠠᠷᠤ ᠶᠢᠨ ᠶᠡᠭᠡ ᠭᠡᠩᠭᠡᠷᠭᠡ ᠨᠦᠷᠵᠢᠭᠢᠨᠠᠪᠠ

ᠠᠢ ᠲᠦᠮᠡᠨ ᠮᠤᠩᠭ᠋ᠤᠯ ᠡᠷ᠎ᠡ

ᠠᠮᠠᠷᠠᠭ ᠬᠠᠳᠤᠨ ᠤ ᠪᠠᠨ

ᠠᠯᠳᠠ ᠣᠷᠳᠤ ᠭᠡᠵᠢᠭᠡ ᠶᠢ ᠡᠪᠦᠷᠯᠡᠨ

ᠠᠩᠭ᠋ᠠᠬᠠᠢ ᠦᠷ᠎ᠡ ᠪᠠᠨ ᠦᠨᠦᠰᠤᠨ ᠦᠨᠦᠰᠤᠨ

ᠭᠡᠳᠡᠰᠤ ᠪᠠᠨ ᠬᠠᠳᠠᠭᠤ ᠡᠷᠡᠵᠤ

ᠳᠤᠯᠤᠭᠠᠢ ᠪᠠᠨ ᠴᠢᠩᠭ᠋᠎ᠠ ᠪᠣᠭᠤᠵᠤ (46)

ᠠᠭᠳᠠᠨ ᠳᠠᠭᠠᠨ ᠳᠠᠰᠢᠶᠠᠯᠳᠤᠭᠰᠠᠭᠠᠷ

ᠠᠯᠤᠰ ᠠᠶᠠᠨ ᠳᠤ ᠮᠤᠷᠳᠠᠨ᠎ᠠ

ᠣᠷᠳᠤ ᠶᠢᠨ ᠳᠠᠭᠤᠤ ᠪᠠᠨ ᠠᠶᠠᠯᠠᠭᠤᠯᠠᠭᠰᠠᠭᠠᠷ

ᠣᠷᠮ᠎ᠠ ᠭᠦᠷ ᠲᠡᠶ ᠮᠤᠷᠳᠠᠨ᠎ᠠ

ᠠᠳᠠᠭᠠᠳᠠᠨ ᠶᠢᠡᠨ ᠳᠠᠷᠤᠨ᠎ᠠ ᠭᠡᠵᠤ ᠮᠤᠷᠳᠠᠨ᠎ᠠ

ᠠᠭᠤᠳᠠᠮ ᠨᠤᠳᠤᠭ ᠢᠯᠪᠢᠨ᠎ᠠ ᠭᠡᠵᠤ ᠮᠤᠷᠳᠠᠨ᠎ᠠ

ᠣᠪᠣᠭᠠᠨ ᠳᠠᠭᠠᠨ ᠴᠢᠯᠠᠭᠤ ᠨᠡᠮᠡᠭᠡᠤᠨ (47)

ᠳᠡᠭ᠍ᠷᠢ ᠭᠠᠯ ᠶᠢᠡᠨ ᠳᠠᠭᠢᠭᠠᠤᠨ ᠮᠤᠷᠳᠠᠨ᠎ᠠ

ᠭᠡᠳᠡ ᠳᠠᠰᠢᠭᠤᠷ ᠳᠦᠷᠦᠭᠦᠳᠡᠢ

ᠭᠦᠨᠡᠰᠤ ᠠᠮᠤ ᠪᠦᠷᠢᠨ ᠵᠢᠠᠷ

ᠭᠦᠳᠦᠯᠦᠭᠡ ᠮᠤᠷᠢ ᠲᠡᠶ ᠳᠡᠭ᠍ᠷᠢ ᠶᠢᠨ ᠴᠡᠷᠢᠭ᠌

ᠭᠦᠮᠤᠨ ᠤ ᠠᠪᠠᠨ ᠳᠤ ᠮᠤᠷᠳᠠᠨ᠎ᠠ

ᠭᠡᠢ᠌ᠮᠦᠷᠢ ᠶᠢᠨ ᠳᠠᠷᠴᠤᠭ

ᠬᠠᠷ᠎ᠠ ᠰᠦᠯᠳᠡ ᠪᠠᠨ ᠡᠷᠭᠦᠭ᠍ᠰᠡᠨ

ᠴᠡᠩᠭᠡᠷ ᠳᠤᠭ ᠤᠨ ᠪᠠᠭᠠᠳᠤᠷ

ᠴᠢᠩᠭᠢᠰ ᠵᠤᠷᠢᠭ ᠤᠨ ᠪᠠᠭᠠᠳᠤᠷ

ᠬᠠᠭᠢᠷ ᠰᠠᠯᠠᠮ᠎ᠠ ᠪᠠᠨ ᠳᠠᠯᠠᠢ᠌ᠨ

ᠬᠠᠳᠠᠨ ᠵᠢᠳᠠ ᠪᠠᠨ ᠠᠤᠠᠬᠤᠭᠠᠤᠨ

ᠬᠤᠢ ᠰᠠᠯᠭᠢᠨ ᠴᠠᠭᠢᠯᠭᠠᠨ ᠰᠢᠭ

ᠬᠤᠷᠤᠮ ᠵᠠᠭᠤᠷ᠎ᠠ ᠬᠤᠷᠠᠮᠠᠭᠴᠠ (49)

ᠬᠠᠠᠳᠤᠭᠰᠠᠨ ᠵᠥᠭ᠌ ᠲᠡᠭᠡᠨ ᠬᠠᠭᠠᠴᠠᠯ ᠨᠢᠷᠭᠡᠭᠦ ᠪᠠᠷ

ᠬᠠᠭᠠᠨ ᠶᠢᠡᠨ ᠳᠠᠭᠠᠭᠠᠤᠨ ᠮᠤᠷᠳᠠᠨ᠎ᠠ

ᠰᠠᠢ᠌ᠬᠠᠨ ᠮᠤᠩᠭ᠋ᠤᠯ ᠡᠮᠡᠰ

ᠰᠠᠴᠤᠯᠢ ᠡᠷᠭᠦᠭᠡᠤᠨ ᠪᠦᠵᠢᠭᠯᠡᠨ᠎ᠡ

ᠰᠠᠶ᠎ᠠ ᠮᠤᠩᠭ᠋ᠤᠯ ᠨᠤᠭᠤᠨ

ᠳᠠᠩᠭ᠋ᠠᠷᠢᠭ ᠮᠠᠨᠠᠭᠠᠤᠨ ᠳᠠᠪᠰᠠᠨ᠎ᠠ (50)

ᠠᠯᠢᠪᠠ ᠪᠦᠭᠦᠨ ᠮᠤᠩᠭ᠋ᠤᠯ ᠤᠨ ᠳᠦᠯᠦᠭᠡ

ᠨᠠᠢ᠌ᠳᠠ ᠮᠤᠩᠭ᠋ᠤᠯ ᠳᠤ ᠶᠠᠷᠢᠭᠳᠠᠨ᠎ᠠ

ᠠᠯᠢᠪᠠ ᠪᠦᠭᠦᠨ ᠮᠤᠩᠭ᠋ᠤᠯ ᠤᠨ ᠳᠦᠯᠦᠭᠡ

ᠨᠢᠭᠤᠴᠠ ᠳᠤᠪᠴᠢᠶᠠᠨ ᠳᠤ ᠪᠢᠴᠢᠭ᠍ᠳᠡᠨ᠎ᠡ᠃

ᠳᠠᠩᠭ᠋ᠠᠷᠢᠭ ᠳᠠᠰᠤᠯᠤᠭᠴᠢᠳ ᠢ

ᠳᠠᠮᠤ ᠶᠢᠨ ᠢᠷᠤᠭᠠᠷ ᠲᠤ ᠴᠥᠯᠡᠭᠦ ᠪᠠᠷ

ᠳᠠᠩᠭ᠋ᠤᠳ ᠢ ᠳᠠᠢ᠌ᠯᠠᠵᠤ ᠮᠤᠬᠤᠭᠠᠭᠠᠤᠨ (51)

ᠳᠦᠷᠢᠮᠡᠭᠡᠢ ᠪᠠᠯᠭᠠᠰᠤᠨ ᠳᠤ ᠢᠷᠡᠭᠦ ᠳᠤ (52)

ᠳᠡᠭ᠍ᠷᠢ ᠨᠠᠷᠠᠨ ᠤ ᠠᠯᠳᠠᠨ ᠠᠷᠭᠠᠮᠵᠢ

ᠳᠠᠳᠠᠯᠭᠠᠨ ᠳᠠᠭᠠᠨ ᠨᠢᠭᠡ ᠳᠠᠰᠤᠷᠠᠵᠤ

ᠲᠦᠷᠦ ᠶᠡᠭᠡ ᠮᠤᠩᠭ᠋ᠤᠯ ᠤᠨ

ᠳᠤᠭ ᠨᠢ ᠬᠤᠭᠤᠷᠠᠭᠰᠠᠨ ᠪᠠᠢ᠌ᠪᠠ

ᠳᠠᠮᠤᠵᠢᠨ ᠪᠣᠶᠤ ᠴᠢᠩᠭᠢᠰ ᠬᠠᠭᠠᠨ

ᠳᠡᠭ᠍ᠷᠢ ᠳᠡᠭᠡᠨ ᠬᠠᠯᠢᠭᠰᠠᠨ ᠪᠠᠢ᠌ᠪᠠ

ᠳᠠᠮᠤᠵᠢᠨ ᠪᠣᠶᠤ ᠴᠢᠩᠭᠢᠰ ᠵᠤᠷᠢᠭ

ᠳᠠᠭᠠᠯᠳᠤᠨ ᠶᠠᠪᠣᠭᠰᠠᠨ ᠪᠠᠢ᠌ᠪᠠ

ᠮᠤᠳᠤᠨ ᠳᠡᠷᠭᠡ ᠲᠡᠶ ᠴᠢᠠᠳᠠᠷ ᠶᠠᠰᠤ ᠨᠢ

ᠮᠤᠩᠭ᠋ᠤᠯ ᠣᠷᠤᠨ ᠳᠠᠭᠠᠨ ᠢᠷᠡᠭ᠍ᠰᠡᠨ ᠴᠤ (53)

ᠳᠠᠪᠤᠨ ᠮᠦᠰᠤ ᠴᠢᠩᠭᠢᠰ ᠵᠤᠷᠢᠭ

ᠳᠡᠭ᠍ᠷᠢ ᠳᠡᠭᠡᠨ ᠡᠷᠭᠢᠨ ᠶᠠᠪᠣᠬᠤ ᠳ᠋ᠤ

ᠳᠠᠮᠤᠵᠢᠨ ᠴᠢᠩᠭᠢᠰ ᠵᠤᠷᠢᠭ ᠳᠤᠳᠠᠪᠠᠯ

ᠲᠦᠮᠡᠨ ᠮᠤᠩᠭ᠋ᠤᠯ ᠳᠠᠨᠤᠨ᠎ᠠ

ᠳᠠᠠᠳᠠ ᠪᠠᠨ ᠪᠤᠴᠡ᠂ ᠪᠤᠴᠡ︕ ᠭᠡᠵᠤ

ᠳᠡᠭ᠍ᠷᠢ ᠣᠭᠢᠯᠠᠭᠰᠠᠭᠠᠷ ᠵᠠᠷᠯᠠᠨ᠎ᠠ ᠁

ᠣᠢ᠌ᠯᠠᠰ ᠵᠠᠯᠭᠠᠭᠰᠠᠨ ᠬᠣᠢ᠌ᠴᠢᠰ ᠨᠢ

ᠦᠮᠴᠢ ᠬᠤᠪᠢᠶᠠᠬᠤ ᠪᠠᠨ ᠶᠠᠭᠠᠷᠠᠬᠤ ᠳ᠋ᠠᠭᠠᠨ

ᠦᠨᠡᠳᠠᠢ ᠭᠠᠭᠴᠠ ᠴᠢᠩᠭᠢᠰ ᠵᠤᠷᠢᠭ ᠵᠢᠠᠨ

ᠥᠯᠡᠳᠡᠭᠡᠵᠤ ᠣᠳᠠᠭᠠᠨ ᠬᠠᠳᠠᠭᠠᠯᠠᠭᠰᠠᠨ ᠥᠭᠡᠢ

ᠠᠳᠠᠷᠭᠠᠳᠤ ᠠᠭᠤᠯᠠᠨ ᠡᠴᠡ ᠠᠪᠠᠯᠠᠭᠰᠠᠨ

ᠠᠷᠭᠠᠯᠢ ᠣᠭᠠᠯᠵᠠ ᠶᠢᠨ ᠮᠢᠬ᠎ᠠ ᠵᠢ

ᠠᠬ᠎ᠠ ᠳᠡᠭᠦᠤ ᠵᠠᠭᠤᠷ᠎ᠠ ᠪᠠᠨ ᠬᠠᠷᠠᠮᠯᠠᠭᠰᠠᠭᠠᠷ

ᠠᠯᠠᠯᠳᠤᠨ ᠳᠠᠰᠭᠢᠯᠳᠤᠨ ᠬᠠᠭᠠᠴᠠᠭᠠᠤᠨ (54)

ᠠᠯᠳᠠ ᠰᠢᠭ ᠽᠠᠠᠳᠠᠨ ᠮᠤᠳᠤ ᠪᠠᠨ

ᠠᠷᠭᠠᠯ ᠰᠢᠤᠬᠠᠨ ᠭᠢᠮᠠᠭᠠᠳᠠᠭᠰᠠᠨ ᠦᠭᠡᠶ (55)

ᠠᠶᠠᠨ ᠤ ᠳᠡᠷᠭᠡᠨ ᠳᠤ ᠳᠠᠭᠠᠷᠢᠭᠳᠠᠭᠰᠠᠨ

ᠠᠷᠪᠠᠨ ᠳᠤᠯᠤᠭᠠᠢ ᠲᠡᠶ ᠮᠤᠭᠠᠢ ᠪᠣᠯᠵᠤ (56)

ᠥᠭᠡᠳᠡᠢ ᠭᠦᠶ‍ᠦᠭ᠌ ᠰᠤᠭᠳᠤᠪᠠ (57)

ᠣᠯᠤᠰ ᠮᠤᠩᠭ᠋ᠤᠯ ᠨᠠᠢ᠌ᠭᠤᠪᠠ

ᠴᠢᠩᠭᠢᠰ ᠵᠤᠷᠢᠭ ᠶᠢᠡᠨ ᠥᠭᠡᠢ᠌ᠯᠡᠭ᠍ᠰᠡᠨ

ᠨᠢᠭᠤᠴᠠ ᠳᠤᠪᠴᠢᠶᠠᠨ ᠰᠤᠭᠳᠤᠪᠠ

ᠬᠤᠪᠢᠯᠠᠢ ᠥᠯᠡᠭᠦ ᠨᠡᠭᠦᠪᠡ (58)

ᠬᠠᠷ᠎ᠠ ᠬᠤᠷᠢᠨ ᠦᠨᠦᠴᠢᠷᠠᠪᠠ (59)

ᠲᠦᠪᠰᠢᠨ ᠶᠡᠭᠡ ᠣᠯᠤᠰ ᠮᠢᠨᠢ

ᠳᠦᠷᠪᠡᠨ ᠵᠥᠭ᠌ ᠲᠤ ᠪᠣᠳᠠᠷᠠᠪᠠ (60)

ᠲᠦᠮᠡᠨ ᠤ ᠨᠤᠶᠠᠨ᠂ ᠬᠠᠨ᠂ ᠴᠢᠩᠰᠠᠩ ᠳᠤᠳᠠᠭᠰᠠᠨ ᠦᠭᠡᠶ (61)

ᠳᠠᠮᠤᠵᠢᠨ ᠪᠣᠶᠤ ᠴᠢᠩᠭᠢᠰ ᠬᠠᠭᠠᠨ ᠳᠤᠳᠠᠭᠰᠠᠨ ᠥᠭᠡᠢ

ᠳᠠᠮᠤᠵᠢᠨ ᠪᠣᠶᠤ ᠴᠢᠩᠭᠢᠰ ᠵᠤᠷᠢᠭ ᠳᠤᠳᠠᠨ᠎ᠠ

ᠳᠠᠪᠤᠨ ᠮᠦᠰᠤ ᠵᠠᠩᠭᠢᠳᠤᠭᠰᠠᠨ ᠨᠢᠳᠤᠷᠭ᠎ᠠ ᠳᠤᠳᠠᠨ᠎ᠠ

ᠴᠢᠩᠭᠢᠰ ᠵᠤᠷᠢᠭ ᠶᠢᠡᠨ ᠮᠠᠷᠳᠠᠭᠰᠠᠨ

ᠱᠠᠩᠳᠤ ᠭᠡᠢ᠌ᠪᠦᠩ ᠭᠠᠯᠳᠠᠭᠳᠠᠵᠤ (62)

ᠴᠢᠩᠭᠢᠰ ᠵᠤᠷᠢᠭ ᠶᠢᠡᠨ ᠣᠭᠤᠷᠤᠭᠰᠠᠨ

ᠰᠠᠷᠠᠢ ᠠᠯᠢᠮᠯᠢᠭ ᠳᠦᠭᠡᠷᠢᠭᠡᠤᠨ (63)

ᠳᠠᠯᠠᠢ ᠨᠠᠭᠤᠷ ᠤᠨ ᠭᠦᠪᠠᠭᠡᠨ ᠳᠤ (64)

ᠭᠡᠮᠰᠢᠯ ᠰᠢᠯᠦᠭ᠌ ᠳᠤᠭᠤᠯᠳᠠᠭᠰᠠᠭᠠᠷ (65)

ᠳᠤᠭᠤᠠᠳᠠᠮᠤᠷ ᠣᠬᠠᠭᠠᠠᠳᠤ ᠬᠠᠭᠠᠨ

ᠳᠡᠭᠡᠳᠤ ᠶᠢᠨ ᠨᠤᠳᠤᠭ ᠲᠠᠭᠠᠨ ᠡᠷᠭᠢᠪᠡ

ᠳᠠᠮᠤᠵᠢᠨ ᠬᠤᠶᠠᠳᠤᠭᠠᠷ ᠪᠣᠯᠤᠨ᠎ᠠ ᠭᠡᠰᠡᠨ

ᠳᠤᠭ ᠳᠡᠮᠳᠡᠭ᠌ ᠳᠤᠳᠤᠷᠬᠠᠢ ᠴᠤ

ᠲᠦᠮᠡᠨ ᠮᠤᠩᠭ᠋ᠤᠯ ᠨᠢᠭᠳᠠᠷᠠᠯ ᠦᠭ‍ᠭᠦ ᠥᠭᠡᠢ

ᠳᠠᠩᠳᠠ ᠳᠤᠱᠠ ᠪᠣᠯᠤᠭᠰᠠᠨ ᠡᠴᠡ

ᠳᠠᠮᠤᠷ ᠬᠠᠭᠠᠨ᠂ ᠭᠠᠯᠳᠠᠨ᠂ ᠲ᠋ᠡᠮᠴᠦᠭ᠌ (66)

ᠳᠡᠭ᠍ᠷᠢ ᠶᠢᠨ ᠴᠠᠭ ᠢ ᠣᠯᠤᠭᠰᠠᠨ ᠥᠭᠡᠢ

ᠳᠠᠪᠤᠨ ᠮᠦᠰᠤ ᠵᠠᠩᠭᠢᠳᠤᠭᠰᠠᠨ ᠨᠢᠳᠤᠷᠭ᠎ᠠ

ᠳᠠᠶᠠᠩ ᠳᠤ ᠳᠠᠭᠢᠵᠤ ᠢᠯᠡᠷᠡᠭ᠍ᠰᠡᠨ ᠦᠭᠡᠶ᠁

ᠣᠤᠭᠠᠯ ᠨᠤᠳᠤᠭ ᠤᠨ ᠭᠢᠯᠢ ᠪᠠᠨ ᠮᠠᠨᠠᠵᠤ

ᠡᠵᠡᠨ ᠤ ᠰᠦᠯᠳᠡ ᠡᠷᠭᠢᠴᠡᠭᠦ ᠳ᠋ᠤ

ᠢᠴᠡᠭᠡᠨ ᠳᠡᠭᠡᠨ ᠰᠡᠭᠦᠷᠡᠰᠦᠯᠡᠭᠦ ᠴᠢᠩᠭᠢᠰ ᠵᠤᠷᠢᠭ

ᠢᠳᠡᠭᠡᠯ ᠡᠪᠦᠷᠯᠡᠨ ᠬᠠᠪᠣᠷ ᠭᠦᠯᠢᠶᠡᠨ᠎ᠡ᠃

ᠦᠪᠣᠷ ᠤᠨ ᠶᠡᠭᠡ ᠭᠡᠩᠭᠡᠷᠭᠡ ᠨᠦᠷᠵᠢᠭᠢᠨᠠᠨ᠎ᠠ

ᠦᠢ᠌ ᠲᠦᠮᠡᠨ ᠮᠤᠩᠭ᠋ᠤᠯ ᠡᠷ᠎ᠡ

ᠥᠩᠭᠡ ᠭᠤᠸ᠎ᠠ ᠬᠠᠳᠤᠨ

ᠦᠷ᠎ᠡ ᠨᠢᠯᠬ᠎ᠠ ᠭᠡᠦᠭᠡᠤᠨ ᠵᠢᠠᠨ

ᠦᠨᠦᠰᠤᠨ ᠦᠨᠦᠰᠤᠨ ᠳᠠᠭᠢᠨ ᠦᠨᠦᠰᠴᠤ

ᠦᠷᠢᠶ᠎ᠠ ᠮᠤᠷᠢᠨ ᠳᠠᠭᠠᠨ ᠮᠤᠷᠳᠠᠪᠠ

ᠥᠭᠦᠯ ᠵᠥᠭ᠌ ᠮᠤᠷᠳᠠᠪᠠ

ᠦᠵᠡᠯᠴᠠᠨ᠎ᠠ ᠭᠡᠵᠤ ᠮᠤᠷᠳᠠᠪᠠ

ᠣᠷᠤᠨ ᠳᠠᠭᠠᠨ ᠭᠡᠪᠳᠡᠭᠦ ᠵᠠᠪ ᠥᠭᠡᠢ

ᠣᠯᠵᠠᠯᠠᠯᠳᠤᠨ᠎ᠠ ᠭᠡᠵᠤ ᠮᠤᠷᠳᠠᠪᠠ

ᠥᠭᠡᠨ ᠤ ᠰᠡᠪ᠂ ᠡᠮᠭᠦ ᠮᠢᠬ᠎ᠠ ᠶᠢᠨ ᠳᠦᠯᠦᠭᠡ

ᠦᠪᠡᠷ ᠵᠠᠭᠤᠷ᠎ᠠ ᠪᠠᠨ ᠳᠠᠮᠠᠴᠠᠯᠳᠤᠨ᠎ᠠ ᠭᠡᠵᠤ ᠮᠤᠷᠳᠠᠪᠠ

ᠥᠷᠪᠢᠰᠭᠦ ᠭᠠᠯ ᠳ᠋ᠠᠭᠠᠨ

ᠦᠰᠦ ᠪᠠᠨ ᠣᠭᠳᠤᠯᠤᠨ ᠬᠠᠶᠠᠵᠤ

ᠡᠷᠭᠢᠯᠳᠡ ᠦᠭᠡᠶ ᠪᠠᠢ᠌ᠯᠳᠤᠬᠤ ᠵᠢᠨ

ᠥᠭᠡ ᠥᠯᠡᠳᠡᠭᠡᠭᠡᠤᠨ ᠮᠤᠷᠳᠠᠪᠠ

ᠪᠣᠷᠤᠭᠤ ᠳᠠᠯ᠎ᠠ ᠶᠢᠨ ᠡᠭᠡᠮ ᠳ᠋ᠤ

ᠪᠣᠷᠤᠤᠬᠠᠢ ᠳᠤᠰᠤᠭᠰᠠᠨ ᠴᠤ ᠡᠪᠠᠦᠡᠭᠦ ᠦᠭᠡᠶ (67)

ᠵᠦᠪ ᠡᠭᠡᠮ ᠡᠪᠠᠳᠦᠨ᠎ᠡ

ᠵᠢᠷᠦᠭᠡ ᠨᠠᠩ ᠡᠪᠠᠳᠦᠨ᠎ᠡ

ᠠᠭᠢᠷ ᠪᠣᠯᠠᠭ ᠤᠨ ᠭᠦᠪᠠᠭᠡᠨ ᠳ᠋ᠤ

ᠠᠶᠠᠭ᠎ᠠ ᠴᠢᠰᠤ ᠪᠠᠨ ᠠᠰᠬᠠᠬᠤ ᠳᠤ (68)

ᠠᠯᠤᠰ ᠤᠨ ᠵᠤᠷᠢᠯᠳᠠ ᠶᠠᠭᠤ︖

ᠠᠯᠠᠭᠰᠠᠨ ᠳᠠᠢ᠌ᠰᠤᠨ ᠭᠡᠨ︖

ᠬᠠᠭᠠᠨ ᠤ ᠦᠪ᠂ ᠬᠠᠰᠠᠷ ᠤᠨ ᠦᠪ

ᠬᠠᠷᠢᠨ ᠭᠠᠭᠴᠠ ᠮᠤᠩᠭ᠋ᠤᠯ ᠤᠨ ᠦᠪ

ᠴᠡᠩᠭᠡᠷ ᠳᠤᠭ ᠤᠨ ᠯᠠᠪᠷᠢ

ᠴᠢᠩᠭᠢᠰ ᠰᠢᠪᠠᠭᠤᠨ ᠤ ᠦᠳᠦ

ᠣᠯᠠᠨ ᠮᠤᠩᠭ᠋ᠤᠯ ᠡᠭᠡ

ᠰᠡᠭᠦᠷᠡᠰᠤ ᠠᠯᠳᠠᠭᠠᠤᠨ ᠶᠠᠷᠢᠨ᠎ᠠ

ᠣᠯᠠᠨ ᠮᠤᠩᠭ᠋ᠤᠯ ᠭᠡᠦᠭᠡᠤᠨ

ᠨᠢᠯᠪᠣᠰᠤ ᠣᠨᠠᠭᠠᠭᠠᠤᠨ ᠭᠦᠭᠦᠨ᠎ᠡ

ᠬᠤᠷᠤᠢ᠂ ᠬᠤᠷᠤᠢ ᠳᠠᠪᠤᠨ ᠮᠦᠰᠤ

ᠬᠤᠷᠤᠢ᠂ ᠬᠤᠷᠤᠢ ᠭᠢᠶᠠᠨ ᠰᠦᠯᠳᠡ

ᠬᠤᠷᠤᠢ᠂ ᠬᠤᠷᠤᠢ ᠴᠡᠩᠭᠡᠷ ᠳᠤᠭ

ᠬᠤᠷᠤᠢ᠂ ᠬᠤᠷᠤᠢ ᠴᠢᠩᠭᠢᠰ ᠵᠤᠷᠢᠭ

ᠳᠡᠭ᠍ᠷᠢ ᠭᠤᠮᠤᠳᠠᠵᠤ ᠬᠤᠷᠣᠢ᠌ᠯᠠᠨ᠎ᠠ

ᠳᠡᠦᠭᠡ ᠦᠨᠦᠴᠢᠷᠠᠵᠤ ᠥᠭᠡᠢ᠌ᠯᠡᠨ᠎ᠡ

ᠳᠡᠯᠡᠭᠡᠢ ᠬᠤᠭᠤᠰᠤᠷᠠᠵᠤ ᠳᠤᠷᠠᠰᠤᠨ᠎ᠠ

ᠳᠦᠭ᠌ ᠲᠦᠮᠡᠨ ᠮᠤᠩᠭ᠋ᠤᠯ ᠵᠠᠩᠭᠢᠷᠠᠨ᠎ᠠ᠃

ᠡᠭᠦᠯᠡ ᠬᠤᠷᠠᠵᠤ ᠨᠢᠭᠳᠠᠷᠠᠪᠠᠯ

ᠴᠠᠭᠢᠯᠭᠠᠨ ᠴᠠᠭᠢᠯᠳᠠᠭ ᠭᠡᠯ᠎ᠡ

ᠮᠤᠩᠭ᠋ᠤᠯ ᠬᠤᠷᠠᠵᠤ ᠨᠢᠭᠳᠠᠷᠠᠪᠠᠯ

ᠴᠢᠩᠭᠢᠰ ᠪᠣᠯᠳᠠᠭ ᠭᠡᠯ᠎ᠡ ᠴᠤ (69)

ᠴᠢᠩᠭᠢᠰ ᠵᠤᠷᠢᠭ ᠶᠢᠡᠨ ᠮᠠᠷᠳᠠᠭᠠᠤᠨ

ᠰᠤᠭᠳᠤᠵᠤ ᠰᠤᠷᠤᠭᠰᠠᠨ ᠮᠤᠩᠭ᠋ᠤᠯ

ᠴᠢᠩᠭᠢᠰ ᠵᠤᠷᠢᠭ ᠶᠢᠡᠨ ᠮᠠᠷᠳᠠᠭᠠᠤᠨ

ᠵᠠᠯᠪᠠᠷᠢᠵᠤ ᠰᠤᠷᠤᠭᠰᠠᠨ ᠮᠤᠩᠭ᠋ᠤᠯ (70)

ᠠᠳᠠᠷ ᠤᠨ ᠨᠥᠭᠦᠷ ᠲᠡᠶ ᠠᠪᠣᠯᠴᠠᠭᠰᠠᠭᠠᠷ

ᠠᠯᠤᠰ ᠤᠨ ᠳᠠᠢ᠌ᠰᠤᠨ ᠶᠢᠡᠨ ᠪᠠᠶᠠᠰᠬᠠᠨ

ᠦᠪᠡᠷ ᠵᠠᠭᠤᠷ᠎ᠠ ᠶᠢᠨ ᠥᠴᠦᠭᠡᠨ ᠰᠠᠪ ᠡᠴᠡ

ᠥᠮᠨᠦᠭᠡᠨ ᠭᠦᠮᠤᠨ ᠤ ᠵᠠᠭᠤᠰᠢ ᠪᠣᠯᠵᠤ (71)

ᠵᠡᠭᠦᠨ ᠴᠢᠭᠢ ᠨᠢ ᠪᠠᠷᠠᠭᠤᠨ ᠴᠢᠭᠢ ᠪᠠᠨ

ᠬᠠᠵᠠᠭᠠᠢ ᠰᠤᠨᠤᠰᠤᠭᠰᠠᠨ ᠳᠤ ᠠᠭᠤᠷᠯᠠᠵᠤ

ᠵᠡᠭᠦᠨ ᠭᠡᠷ ᠨᠢ ᠪᠠᠷᠠᠭᠤᠨ ᠭᠡᠷ ᠵᠢᠠᠨ

ᠨᠢᠭᠤᠷ ᠶᠢᠡᠨ ᠪᠦᠳᠡᠭᠡᠵᠤ ᠣᠤᠯᠭᠠᠯᠠᠨ

ᠵᠡᠭᠦᠡᠳᠡᠨ ᠭᠡᠳᠡᠯ᠎ᠡ ᠪᠠᠷᠠᠭᠤᠠᠳᠠᠨ ᠭᠡᠤᠨ

ᠳᠠᠪᠠᠯ ᠮᠠᠯᠠᠭᠠᠢ ᠪᠠᠨ ᠣᠷᠠᠯᠴᠠᠭᠰᠠᠭᠠᠷ

ᠵᠡᠭᠦᠡᠰᠢ ᠴᠤ ᠦᠭᠡᠶ ᠪᠠᠷᠠᠭᠤᠠᠰᠢ ᠴᠤ ᠥᠭᠡᠢ

ᠡᠮᠦᠨᠡᠰᠢ ᠣᠮᠠᠷᠠᠰᠢ ᠬᠠᠭᠠᠴᠠᠬᠤ ᠳ᠋ᠠᠭᠠᠨ

ᠰᠠᠯ ᠮᠤᠳᠤᠨ ᠳᠤ ᠢᠳᠡᠭᠡᠭ᠍ᠰᠡᠭᠡᠷ

ᠰᠠᠷ ᠰᠢᠪᠠᠭᠤᠨ ᠳᠤ ᠢᠳᠡᠭ᠍ᠳᠡᠭ᠍ᠰᠡᠨ

ᠰᠠᠯᠪᠠᠷ ᠰᠢᠪᠠᠭᠤᠨ ᠤ ᠳᠤᠮᠤᠭ ᠤᠨ (72)

ᠰᠠᠨᠠᠭ᠎ᠠ ᠶᠢ ᠭᠦᠨ ᠣᠬᠠᠯ ᠥᠭᠡᠢ

ᠨᠤᠶᠠᠨ ᠦᠭᠡᠶ ᠪᠠᠶᠠᠨ ᠳ᠋ᠡᠭᠡᠨ

ᠨᠤᠭᠳᠤ ᠴᠠᠯᠮ᠎ᠠ ᠳᠠᠯᠠᠯᠵᠤ

ᠵᠢᠭᠡ ᠶᠢᠨ ᠵᠢᠰᠤ ᠪᠠᠷ ᠵᠢᠷᠭᠠᠨ᠎ᠠ ᠭᠡᠵᠤ

ᠵᠠᠶᠠᠭ᠎ᠠ ᠪᠠᠨ ᠥᠷᠦᠭᠡᠯ ᠳᠤ ᠳᠠᠭᠠᠤᠠᠬᠠᠵᠤ

ᠨᠤᠨ ᠬᠤᠷᠴᠢᠨ ᠤ ᠮᠤᠩᠭ᠋ᠤᠯᠴᠤᠳ

ᠨᠤᠷᠬᠠᠴᠢ ᠶᠢ ᠳᠠᠭᠠᠵᠤ ᠳᠠᠷᠪᠠᠯ᠎ᠠ ᠭᠡᠳᠡᠭ᠌

ᠬᠠᠳᠠᠭᠤ ᠨᠤᠮᠤ ᠪᠠᠨ ᠭᠦᠴᠦᠳᠡᠢ ᠳᠠᠯᠢᠨ

ᠬᠠᠶᠠᠭ᠎ᠠ ᠪᠠᠨ ᠣᠯᠠᠢ᠌ᠳᠠᠯ᠎ᠠ ᠬᠠᠷᠪᠣᠯ᠎ᠠ ᠭᠡᠳᠡᠭ᠌

ᠳᠦᠴᠢ ᠶ‍ᠢᠰᠤᠨ ᠦᠪᠣᠷ ᠨᠤᠳᠤᠭ

ᠳᠦᠷᠪᠡᠨ ᠬᠠᠯᠬ᠎ᠠ ᠠᠢ᠌ᠮᠠᠭ (73)

ᠳᠦᠷᠭᠢᠵᠤ ᠮᠠᠠᠵᠤ ᠳᠤ ᠠᠶᠠᠯᠳᠠᠵᠤ

ᠳᠦᠷᠪᠡᠵᠤ ᠮᠠᠠᠵᠤ ᠳᠤ ᠡᠶᠡᠯᠳᠦᠭᠦ ᠳ᠋ᠤ

ᠰᠢᠷ᠎ᠠ ᠳᠠᠯ᠎ᠠ ᠬᠤᠳᠣᠢ᠌ᠨ᠎ᠠ (74)

ᠰᠠᠶ᠎ᠠ ᠮᠤᠩᠭ᠋ᠤᠯ ᠬᠠᠢ᠌ᠯᠠᠨ᠎ᠠ

ᠰᠢᠳᠤ ᠪᠠᠨ ᠰᠤᠭᠤᠯᠤᠭᠤᠯᠵᠤ ᠭᠠᠩᠰᠠᠷᠠᠭᠰᠠᠨ

ᠴᠢᠩᠭᠢᠰ ᠴᠢᠨ᠋ᠸ᠎ᠠ ᠳᠠᠨᠤᠨ᠎ᠠ

ᠵᠢᠷᠤᠮᠳᠤ ᠭᠦᠩ᠂ ᠪᠦᠳᠦᠯᠭᠡᠳᠤ᠂ ᠪᠢᠩᠳᠤ (75)

ᠵᠢᠩᠰᠠ ᠵᠢᠯᠠᠭ᠎ᠠ ᠨᠡᠮᠡᠭ᠍ᠳᠡᠭ᠍ᠰᠡᠨ ᠴᠤ

ᠵᠣᠢ᠌ᠯ ᠤᠨ ᠰᠡᠵᠢᠭ᠌ ᠳᠠᠭᠠᠪᠣᠷᠢ

ᠵᠤᠨ ᠴᠠᠭ ᠤᠨ ᠢᠯᠠᠭ᠎ᠠ ᠪᠣᠯᠵᠤ

ᠵᠠᠰᠠᠭ ᠳᠤᠷ᠎ᠠ ᠪᠠᠷ ᠶᠠᠪᠣᠭᠤᠯ ᠭᠡᠵᠤ

ᠵᠠᠭᠢᠶ᠎ᠠ ᠡᠨᠡᠷᠢᠯ ᠪᠠᠭᠤᠬᠤ ᠳ᠋ᠠᠭᠠᠨ

ᠵᠠᠪᠰᠠᠷ ᠦᠭᠡᠶ ᠭᠢᠨᠠᠯᠳᠠ

ᠵᠠᠭᠤᠨ ᠵᠠᠷᠠᠭᠠᠨ ᠤ ᠱᠥᠷᠭᠡ ᠪᠣᠯᠵᠤ

ᠳᠡᠭ᠍ᠷᠢ ᠭᠠᠵᠠᠷ ᠳᠤᠷᠭᠢᠭᠤᠯᠤᠭᠰᠠᠨ

ᠳᠤᠭᠰᠢᠨ ᠣᠮᠤᠭ ᠰᠢᠠᠳᠠᠰᠤ ᠶᠢ ᠨᠢ

ᠳᠤᠷᠠᠳᠠᠭᠤᠯᠵᠤ ᠮᠤᠬᠤᠭᠠᠬᠤ ᠳᠤᠤᠷ ᠥᠭᠡᠰᠢ ᠵᠢ

ᠳᠠᠯ᠎ᠠ ᠳᠠᠯ᠎ᠠ ᠡᠴᠡ ᠨᠢ ᠳᠡᠯᠭᠡᠭ᠍ᠰᠡᠨ ᠡᠴᠡ

ᠪᠦᠳᠦᠨ᠎ᠡ ᠠᠳᠠᠯᠢ ᠪᠠᠯᠴᠢᠵᠤ

ᠳᠠᠭᠤ ᠠᠳᠠᠯᠢ ᠳᠠᠷᠬᠠᠭᠰᠠᠨ

ᠣᠯᠠᠨ ᠮᠤᠩᠭ᠋ᠤᠯ ᠡᠯᠡᠰᠤ ᠪᠣᠯᠵᠤ

ᠣᠰᠤᠨ ᠳᠤ ᠢᠳᠡᠭ᠍ᠳᠡᠭ᠍ᠰᠡᠨ ᠴᠢᠯᠠᠭᠤ ᠪᠣᠯᠵᠤ

ᠣᠷᠭ᠎ᠠ ᠵᠡᠪᠰᠡᠭ᠌ ᠬᠠᠶᠠᠭᠳᠠᠨ

ᠡᠷᠢᠭᠡ ᠮᠠᠨᠢ ᠣᠯᠠᠰᠢᠷᠠᠵᠤ

ᠴᠢᠭᠤᠯᠭᠠᠨ ᠬᠤᠰᠢᠭᠤ ᠠᠷᠪᠢᠳᠤᠨ

ᠴᠤᠯᠠ ᠵᠡᠷᠭᠡ ᠭᠦᠭᠯᠡᠷᠡᠨ

ᠳᠤᠯᠤᠭᠠᠢ ᠶᠢ ᠭᠦᠩᠭᠡᠭᠡᠨ ᠢᠯᠪᠢᠵᠤ

ᠳᠠᠷᠢᠭᠢ ᠶᠢ ᠰᠡᠮᠡᠭᠡᠷ ᠰᠤᠷᠤᠭᠰᠠᠨ

ᠣᠷᠤᠭ ᠳᠠᠰᠤᠷᠠᠭᠤᠯᠬᠤ ᠦᠭᠡᠶ ᠭᠦᠷᠳᠡᠭᠡᠮᠵᠢ (76)

ᠣᠳᠤᠮ ᠬᠠᠷᠠᠯᠠᠭᠤᠯᠬᠤ ᠣᠬᠠᠭᠠᠮᠵᠢ

ᠨᠤᠮᠤᠬᠠᠨ ᠬᠤᠨᠢ ᠪᠣᠯᠬᠤ ᠶᠢ ᠴᠢᠨᠢ

ᠨᠤᠬᠠᠢ ᠶᠠᠭᠤᠨ ᠳᠤ ᠡᠰᠡᠷᠭᠦᠴᠡᠨ᠎ᠡ

ᠴᠢᠩᠭᠢᠰ ᠵᠤᠷᠢᠭ ᠶᠢᠡᠨ ᠮᠠᠷᠳᠠᠭᠰᠠᠨ ᠳᠤ ᠴᠢᠨᠢ

ᠮᠡᠭᠦᠰ ᠪᠢ ᠰᠠᠢ᠌ᠰᠢᠶᠠᠮᠤᠢ ᠭᠡᠵᠤ (77)

ᠵᠡᠭᠡᠷ᠎ᠡ ᠶᠢ ᠭᠦᠢᠴᠡᠭᠦ ᠦᠭᠡᠶ ᠵᠢᠭᠡ

ᠵᠦᠷᠴᠢᠨ ᠮᠠᠠᠵᠤ ᠬᠠᠭᠠᠨ

ᠵᠢᠦᠡᠭᠦᠯ ᠥᠵᠡᠭᠦᠯᠦᠭ᠍ᠰᠡᠨ ᠨᠠᠭᠠᠴᠤ ᠶᠢᠨ ᠵᠢᠠᠨ

ᠵᠢᠷᠢᠮ ᠰᠤᠯᠠᠳᠠᠭᠰᠠᠨ ᠳᠤ ᠵᠠᠪᠰᠢᠨ

《ᠵᠧ》 ᠭᠡᠭᠦ ᠨᠢᠭᠡᠯᠭᠡᠨ ᠥᠭᠡ ᠵᠢ

ᠵᠠᠭᠤ ᠮᠢᠩᠭ᠋᠎ᠠ ᠪᠠᠷ ᠳᠠᠪᠳᠠᠭᠤᠯᠵᠤ

《ᠡᠵᠡᠨ ᠤ ᠭᠡᠰᠢᠭ᠌ ᠲᠤ ᠲᠠᠯᠠᠷᠬᠠᠶ᠎ᠠ》 ᠭᠡᠵᠤ

ᠡᠷᠭᠢᠨ ᠡᠷᠭᠢᠨ ᠭᠡᠯᠡᠭᠦᠯᠭᠦ ᠳ᠋ᠤ

ᠳᠤᠪᠳᠤᠯᠵᠤ ᠪᠠᠢ᠌ᠭᠰᠠᠨ ᠮᠤᠷᠢᠨ ᠤ

ᠥᠤᠷᠰᠡᠭᠡᠨ ᠭᠡᠨᠡᠳᠲᠡ ᠳᠠᠰᠤᠯᠳᠠᠵᠤ

ᠳᠤᠭᠳᠤᠯᠵᠤ ᠪᠠᠢ᠌ᠭᠰᠠᠨ ᠵᠢᠷᠦᠭᠡᠨ ᠤ

ᠴᠢᠰᠤ ᠨᠠᠩᠳᠠ ᠴᠠᠷᠴᠠᠵᠤ

ᠪᠣᠴᠠᠯᠤᠭᠰᠠᠨ ᠣᠰᠤᠨ ᠳᠤ ᠭᠡᠨᠡᠳᠲᠡ ᠬᠠᠶᠠᠬᠤ ᠳ᠋ᠤ

ᠥᠰᠦᠷᠦᠭᠡᠤᠨ ᠭᠠᠷᠴᠢᠬᠠᠳᠠᠭ ᠳᠡᠩᠭᠡᠭᠡ ᠲᠡᠶ ᠴᠤ

ᠪᠦᠯᠢᠶᠡᠨ ᠣᠰᠤ ᠪᠠᠷ ᠠᠭᠠᠵᠢᠮ ᠴᠢᠨᠠᠬᠤ ᠳ᠋ᠤ

ᠪᠣᠰᠠᠨᠢᠵᠤ ᠰᠥᠨᠦᠳᠡᠭ᠌ ᠮᠡᠯᠡᠭᠡᠢ ᠰᠢᠭ᠌ (78)

ᠡᠭᠡ ᠣᠷᠤᠨ ᠮᠤᠩᠭ᠋ᠤᠯ ᠮᠢᠨᠢ

ᠬᠤᠭᠤ ᠪᠠᠵᠠᠭᠤᠯᠤᠭᠰᠠᠨ ᠵᠢᠭᠦᠷᠯᠡᠵᠤ

ᠦᠨᠳᠦᠰᠦ ᠪᠦᠳᠤᠨ ᠮᠤᠩᠭ᠋ᠤᠯ ᠮᠢᠨᠢ

ᠡᠷᠭᠦᠵᠤ ᠳᠡᠢ᠌ᠯᠭᠦ ᠦᠭᠡᠶ ᠳᠠᠯᠠᠪᠴᠢᠯᠠᠵᠤ

ᠴᠡᠩᠭᠡᠷ ᠳᠤᠭ ᠬᠠᠮᠢᠭ᠎ᠠ︖

ᠴᠢᠩᠭᠢᠰ ᠵᠤᠷᠢᠭ ᠶᠠᠭᠠᠭᠢᠪᠠ︖

ᠴᠤᠭᠳᠤ ᠳᠠᠢ᠌ᠵᠢ ᠠᠰᠠᠭᠤᠨ᠎ᠠ (79)

ᠴᠢᠩᠭᠦᠡᠵᠡᠪ ᠵᠢᠷᠦᠭᠡᠨ ᠳᠡᠭᠡᠨ ᠭᠢᠯᠢᠩᠨᠠᠨ᠎ᠠ (80)

ᠴᠢᠩ ᠵᠤᠷᠢᠭᠳᠤ ᠮᠤᠩᠭ᠋ᠤᠯ ᠲᠦᠮᠡᠨ

ᠳᠡᠭ᠍ᠷᠢ ᠨᠠᠷᠠᠨ ᠡᠴᠡ ᠰᠤᠷᠠᠨ᠎ᠠ᠃

ᠮᠢᠩᠭ᠋ᠠᠨ ᠭᠡᠯᠡ ᠲᠡᠶ ᠪᠦᠮᠪᠦᠷᠴᠡᠭ᠌ ᠳᠡᠭᠡᠨ

ᠮᠤᠩᠭ᠋ᠤᠯ ᠥᠯᠦᠭᠡᠢ ᠳᠤ ᠳᠤᠷᠨᠢᠭᠰᠠᠨ

ᠵᠠᠶᠠᠭ᠎ᠠ ᠮᠢᠨᠢ ᠳᠠᠷᠠ

ᠵᠢᠷᠭᠠᠯ ᠮᠢᠨᠢ ᠳᠠᠷᠠ

ᠳᠤᠭᠤᠨᠤ ᠪᠠᠷ ᠶᠢᠡᠨ ᠳᠡᠭ᠍ᠷᠢ ᠬᠠᠷᠠᠳᠠᠭ ᠴᠤ

ᠳᠤᠭᠤᠨᠤ ᠪᠠᠷ ᠶᠢᠡᠨ ᠳᠡᠭ᠍ᠷᠢ ᠪᠠᠨ ᠭᠡᠮᠵᠢᠭ᠍ᠰᠡᠨ ᠥᠭᠡᠢ

ᠲᠤᠩ ᠡᠷᠳᠡ ᠡᠴᠡ ᠠᠪᠣᠭᠠᠤᠨ

ᠳᠤᠯᠤᠭᠠᠢ ᠪᠠᠨ ᠭᠦᠮᠤᠨ ᠶᠢᠡᠷ ᠮᠡᠳᠡᠭᠦᠯᠦᠭ᠍ᠰᠡᠨ ᠥᠭᠡᠢ

ᠡᠷᠭᠡ ᠴᠢᠯᠦᠭᠡ ᠡᠵᠡᠭᠦᠢᠷᠡᠪᠠᠯ

ᠥᠭᠦᠴᠡᠮᠤ ᠪᠢᠳᠠ

ᠡᠭᠡ ᠭᠡᠯᠡ ᠰᠤᠷᠪᠢᠳᠤᠪᠠᠯ

ᠦᠵᠡᠯᠴᠠᠮᠤ ᠪᠢᠳᠠ

ᠶᠠᠪᠣᠬᠤ ᠵᠠᠮ ᠡᠭᠦᠳᠡᠨ ᠳ᠋ᠤ

ᠶᠠᠪᠣᠶ᠎ᠠ᠂ ᠶᠠᠪᠣᠶ᠎ᠠ᠂ ᠶᠠᠪᠣᠶ᠎ᠠ

ᠶᠠᠪᠣᠬᠤ ᠭᠦᠯ ᠮᠠᠨ ᠳ᠋ᠤ

ᠶᠠᠪᠣᠶ᠎ᠠ᠂ ᠶᠠᠪᠣᠶ᠎ᠠ᠂ ᠶᠠᠪᠣᠶ᠎ᠠ ᠭᠡᠵᠤ

ᠮᠥᠩᠭᠡ ᠭᠠᠯ ᠶᠢᠡᠨ ᠪᠦᠭᠦᠭᠡᠭᠦ ᠥᠭᠡᠢ

ᠮᠤᠩᠭ᠋ᠤᠯ ᠨᠠᠷ᠎ᠠ ᠪᠠᠨ ᠭᠤᠳᠤᠭᠠᠬᠤ ᠥᠭᠡᠢ

ᠭᠦᠮᠤᠨ ᠤ ᠰᠢᠨᠠᠭ᠎ᠠ ᠡᠴᠡ ᠳᠤᠰᠳᠠᠭ ᠥᠭᠡᠢ

ᠭᠦᠴᠤᠨ ᠳ᠋ᠤᠨᠢ ᠳᠠᠭᠠᠵᠤ ᠶᠤᠤᠯᠠᠳᠠᠭ ᠥᠭᠡᠢ

ᠵᠢᠪᠠᠷ ᠰᠦᠷᠴᠤ ᠮᠢᠷᠠᠯᠵᠠᠬᠤ

ᠴᠡᠩᠭᠡᠷ ᠳᠤᠭ ᠤᠨ ᠭᠦᠭᠦᠯ

ᠵᠦᠪ ᠰᠠᠤᠠᠭᠢᠵᠤ ᠱᠤᠤᠭᠢᠳᠠᠭ

ᠴᠢᠩᠭᠢᠰ ᠵᠠᠪᠠ ᠶᠢᠨ ᠭᠦᠪᠴᠢ

ᠳᠠᠷᠤᠪᠠᠴᠤ ᠳᠠᠷᠳᠠᠢ᠌ᠳᠠᠭ

ᠪᠣᠯᠠᠪᠠᠴᠤ ᠪᠣᠯᠳᠠᠢ᠌ᠳᠠᠭ

ᠳᠤᠷᠭᠤᠳ ᠮᠤᠩᠭ᠋ᠤᠯ ᠰᠡᠭᠡᠰᠭᠢᠨ (81)

ᠳᠠᠷᠤᠯᠠᠯ ᠥᠭ᠍ᠰᠦᠵᠤ ᠭᠡᠳᠡᠰᠭᠢᠨ

ᠨᠠᠷᠠ ᠭᠠᠷᠬᠤ ᠵᠥᠭ᠌ ᠳᠤ

ᠨᠤᠳᠤᠭ ᠮᠢᠨᠢ ᠪᠣᠢ

ᠨᠤᠳᠤᠭ ᠶᠢᠡᠨ ᠰᠠᠭᠢᠵᠤ ᠮᠥᠩᠭᠡᠷᠡᠭ᠍ᠰᠡᠨ

ᠰᠦᠯᠳᠡ ᠮᠢᠨᠢ ᠪᠣᠢ

ᠳᠡᠭ᠍ᠷᠢ ᠨᠠᠷᠠᠨ ᠤ ᠢᠪᠠᠭᠡᠯ ᠮᠡᠳᠡᠭ᠌

ᠳᠦᠷᠭᠡᠨ ᠭᠦᠯᠦᠭ᠌ ᠤᠨ ᠳᠤᠭᠤᠷᠠᠢ ᠮᠡᠳᠡᠭ᠌

ᠳᠤᠯᠭ᠎ᠠ ᠭᠠᠯ ᠤᠨ ᠴᠤᠭ ᠮᠡᠳᠡᠭ᠌

ᠳᠡᠩᠭᠡᠭᠡᠳᠡᠭ᠍ᠰᠡᠨ ᠪᠢᠳᠠᠨ ᠤ ᠳᠦᠭᠡᠷᠭᠡ ᠮᠡᠳᠡᠭ᠌ ᠭᠡᠵᠤ

ᠭᠦᠭᠡ ᠳᠤᠭ ᠶᠢᠡᠨ ᠡᠷᠭᠦᠴᠡᠭᠡᠵᠤ

ᠵᠡᠭᠦᠡᠰᠢ᠂ ᠵᠡᠭᠦᠨᠰᠢ᠂ ᠵᠡᠭᠦᠨᠰᠢ

ᠭᠦᠭ᠍ᠰᠢᠨ ᠮᠤᠷᠢ ᠪᠠᠷ ᠶᠢᠡᠨ ᠭᠠᠵᠠᠷᠴᠢᠯᠠᠭᠤᠯᠵᠤ

ᠵᠡᠭᠦᠡᠰᠢ᠂ ᠵᠡᠭᠦᠨᠰᠢ᠂ ᠵᠡᠭᠦᠨᠰᠢ᠃

ᠬᠠᠳᠠᠨ ᠰᠠᠷᠮᠠᠭᠴᠢᠨ ᠪᠣᠯᠭᠢ ᠶᠢᠨ ᠣᠴᠢᠷ

ᠬᠠᠮᠢᠭ᠎ᠠ ᠡᠴᠡ ᠡᠭᠦᠰᠦᠭ᠍ᠰᠡᠨ ᠶᠢᠡᠨ ᠴᠢᠬᠤᠯᠠᠴᠢᠯᠠᠬᠤ ᠥᠭᠡᠢ

ᠬᠠᠷᠢᠨ ᠪᠢᠳᠠ ᠭᠦᠮᠤᠨ ᠪᠢᠯᠠ

ᠬᠠᠮᠤᠭ ᠢ ᠮᠡᠳᠡᠭ᠍ᠴᠢ ᠠᠮᠢᠳᠠᠨ ᠪᠢᠯᠠ

ᠬᠤᠤᠠᠳᠤᠭ ᠮᠠᠠᠴᠤᠢ ᠳᠠᠭᠠᠨ ᠳᠠᠩᠭ᠋ᠠᠢ᠌ᠵᠤ

ᠬᠤᠷᠸ᠎ᠠ ᠢᠷᠸ᠎ᠠ ᠰᠠᠨᠠᠬᠤ ᠥᠭᠡᠢ

ᠬᠤᠯᠤᠭᠠᠨ᠎ᠠ ᠵᠤᠷᠠᠮ᠎ᠠ ᠳᠦᠷᠢᠯᠠᠵᠤ

ᠬᠤᠷᠤᠭᠤ ᠭᠡᠷᠡᠯ ᠳᠤ ᠪᠠᠶᠠᠰᠴᠤ

ᠳᠡᠭᠡᠳᠤ ᠪᠠᠨ ᠳᠠᠨᠢᠬᠤ ᠦᠭᠡᠶ ᠳᠠᠯᠳᠠᠢ᠌ᠵᠤ

ᠳᠡᠭᠡᠳᠡᠢ ᠨᠤᠶᠠᠨ ᠪᠣᠯᠬᠤ ᠪᠠᠷ ᠵᠢᠠᠨ

ᠳᠡᠳᠡᠭᠡᠨᠡᠵᠤ ᠶᠠᠪᠣᠳᠠᠭ ᠨᠤᠭᠤᠰᠤᠨ ᠬᠤᠰᠢᠭᠤᠳᠠᠢ

ᠱᠣᠢ᠌ᠱᠤᠭ ᠤᠨ ᠠᠯᠠᠨ ᠳᠤ ᠰᠢᠷᠭᠤ ᠭᠡᠵᠤ

ᠸᠠᠩᠴᠢᠨᠪᠠᠯᠠ ᠠᠭᠤᠷᠰᠠᠨ

ᠢᠠᠵᠠᠨᠠᠰᠢ ᠭᠢᠯᠢᠩᠨᠠᠨ

ᠨᠤᠬᠠᠢ ᠴᠤ ᠦᠭᠡᠶ ᠬᠤᠷᠤᠭᠠᠨ ᠳ᠋ᠠᠭᠠᠨ

ᠨᠤᠶᠠᠨ ᠨᠠᠷ᠎ᠠ ᠪᠠᠷ ᠣᠭᠰᠣᠢ᠌ᠵᠤ

ᠳᠠᠭᠢᠶ᠎ᠠ ᠴᠤ ᠦᠭᠡᠶ ᠪᠠᠢ᠌ᠳᠠᠯ᠎ᠠ ᠪᠠᠨ

ᠳᠠᠢ᠌ᠵᠢ ᠭᠡᠮᠡᠷ ᠡᠷᠳᠡᠢ᠌ᠭᠦ

ᠳᠦᠭᠡᠷᠢᠭ᠍ᠰᠡᠨ ᠮᠤᠩᠭ᠋ᠤᠯ ᠲᠦᠮᠡᠨ ᠳ᠋ᠡᠭᠡᠨ

ᠳᠡᠦᠭᠡ ᠢᠵᠠᠭᠤᠷ ᠶᠢᠡᠨ ᠮᠡᠳᠡᠭᠦᠯᠭᠦ ᠭᠡᠵᠤ

ᠳᠤᠯᠠᠨ ᠰᠢᠭ ᠡᠵᠡᠷᠭᠡᠭ᠌ ᠶᠠᠪᠣᠭᠰᠠᠨ (82)

ᠳᠡᠦᠭᠡ ᠢᠵᠠᠭᠤᠷ ᠶᠢᠡᠨ ᠳᠠᠨᠢᠭᠤᠯᠬᠤ ᠭᠡᠵᠤ

ᠴᠡᠩᠭᠡᠷ ᠳᠤᠭ ᠤᠨ ᠨᠠᠮᠢᠷᠠᠭᠠᠨ ᠳᠠᠢ

ᠴᠢᠩᠭᠢᠰ ᠵᠤᠷᠢᠭ ᠤᠨ ᠳᠡᠦᠭᠡ

ᠮᠠᠨ ᠤ ᠮᠤᠩᠭ᠋ᠤᠯ ᠤᠨ ᠴᠠᠳᠢᠭ

ᠮᠠᠠᠳᠤᠭᠰᠠᠨ ᠭᠦᠭᠡ ᠰᠤᠳᠤᠷ ᠶᠢᠡᠨ

ᠥᠯᠢᠭᠡᠷ ᠪᠣᠯᠭᠠᠨ ᠪᠢᠴᠢᠵᠤ

ᠦᠪ ᠪᠣᠯᠭᠠᠨ ᠥᠯᠡᠳᠡᠭᠡᠪᠡ᠃

ᠠᠮᠠᠷᠠᠬᠤ ᠳᠠᠭᠠᠨ ᠠᠯᠭᠠᠰᠴᠤ

ᠠᠯᠴᠠᠮ ᠵᠠᠭᠤᠷ᠎ᠠ ᠳᠤᠭᠵᠢᠷᠠᠵᠤ

ᠠᠯᠠᠭ ᠨᠢᠳᠤᠨ ᠤ ᠴᠡᠴᠡᠭᠡᠢ

ᠠᠮᠢᠨ ᠰᠠᠭᠢᠶ᠎ᠠ ᠪᠣᠮᠪᠠ ᠪᠠᠨ

ᠠᠶᠤᠯᠳᠤ ᠮᠡᠭᠡ ᠳᠦᠷᠢᠯᠭᠡ ᠳᠠᠢ

ᠠᠳᠠᠭᠠᠳᠤ ᠮᠠᠩᠭ᠋ᠤᠰ ᠶᠢᠡᠷ ᠮᠡᠷᠡᠭᠦᠯᠦᠭᠡᠤᠨ

ᠠᠯᠳᠠ ᠭᠠᠵᠠᠷ ᠠᠯᠳᠠ ᠭᠡᠵᠤ

ᠠᠷᠠᠤᠨ ᠲᠦᠮᠡᠨ ᠤ ᠮᠢᠨᠢ ᠳᠠᠭᠤᠯᠠᠭᠰᠠᠨ

ᠪᠣᠢ᠌ᠷ᠎ᠠ ᠶᠢᠨ ᠳᠠᠷᠢᠶᠠᠨ ᠤ ᠳᠠᠭᠤᠤ (83)

ᠮᠤᠩᠭ᠋ᠤᠯ ᠤᠨ ᠭᠤᠨᠢᠭᠳᠤ ᠳᠠᠭᠤᠤ

ᠳᠠᠭᠤᠯᠠᠪᠠᠯ ᠣᠭᠢᠯᠠᠬᠤ ᠳᠠᠭᠤᠤ

ᠣᠭᠢᠯᠠᠪᠠᠯ ᠳᠠᠭᠤᠯᠠᠭᠤ ᠳᠠᠭᠤᠤ

ᠴᠡᠩᠭᠡᠷ ᠳᠤᠭ ᠢᠴᠢᠭ᠍ᠰᠡᠨ ᠳᠠᠭᠤᠤ

ᠴᠢᠩᠭᠢᠰ ᠵᠤᠷᠢᠭ ᠊ᠭ᠌‍ᠬᠢᠷᠳᠦᠭ᠍ᠰᠡᠨ ᠳᠠᠭᠤᠤ

ᠮᠠᠷᠳᠠᠬᠤ ᠦᠭᠡᠶ ᠪᠣᠯ ᠳᠠᠭᠠᠷᠠᠬᠤ ᠳᠠᠭᠤᠤ

ᠮᠠᠳᠠᠪᠠᠯ ᠵᠤᠭᠢᠬᠤ ᠭᠠᠭᠴᠠ ᠳᠠᠭᠤᠤ ᠭᠡᠵᠤ

ᠴᠡᠩᠭᠡᠷ ᠳᠤᠭ ᠤᠨ ᠭᠢᠯᠪᠠᠭ᠎ᠠ ᠪᠣᠯᠵᠤ

ᠴᠢᠩᠭᠢᠰ ᠵᠤᠷᠢᠭ ᠤᠨ ᠣᠯᠪᠠᠭ᠎ᠠ ᠪᠣᠯᠵᠤ (84)

ᠣᠷᠤᠰᠢᠨ᠎ᠠ ᠭᠡᠵᠤ ᠣᠮᠤᠭᠳᠠᠢ ᠣᠳᠣᠢ᠌ᠭᠰᠠᠨ

ᠳᠤᠭᠳᠠᠨᠢᠨ᠎ᠠ ᠭᠡᠵᠤ ᠳᠤᠷᠪᠢᠳᠠᠢ ᠳᠤᠳᠣᠢ᠌ᠭᠰᠠᠨ

ᠬᠠᠢ᠌ᠯᠤᠰᠢ ᠦᠭᠡᠶ ᠮᠤᠩᠭ᠋ᠤᠯ ᠮᠦᠰᠤ ᠳᠠᠢ

ᠬᠠᠯᠢᠷᠠᠰᠢ ᠦᠭᠡᠶ ᠴᠢᠩᠭᠢᠰ ᠴᠢᠰᠤ ᠳᠠᠢ

ᠳᠤᠭᠳᠠᠬᠤ ᠶᠠᠷᠢᠨ᠎ᠠ᠂ ᠭᠠᠳᠠ ᠶᠠᠷᠢᠨ᠎ᠠ (85)

ᠳᠡᠮᠳᠢᠡᠰᠦᠷᠦᠡᠭ᠌ ᠵᠤᠭᠰᠤᠭ᠎ᠠ ᠶᠠᠷᠢᠨ᠎ᠠ (86)

ᠮᠠᠨ ᠳᠤ ᠶᠠᠭᠤ ᠳᠤᠳᠠᠨ᠎ᠠ︖

ᠮᠠᠯ ᠤᠨ ᠮᠢᠬ᠎ᠠ᠂ ᠰᠦ᠋ ᠴᠠᠭ᠎ᠠ ᠳᠤᠳᠠᠨ᠎ᠠ

ᠮᠠᠯᠵᠢᠵᠤ ᠨᠡᠭᠦᠭᠦ ᠠᠭᠤᠳᠠᠮ ᠨᠤᠳᠤᠭ ᠳᠤᠳᠠᠨ᠎ᠠ

ᠮᠠᠷᠢᠶ᠎ᠠ ᠰᠢᠭᠤᠷᠠᠭᠰᠠᠨ ᠴᠤᠭᠴᠠᠨ ᠳᠤ ᠮᠢᠨᠢ

ᠮᠢᠬ᠎ᠠ ᠴᠢᠰᠤ ᠨᠥᠭᠦᠭᠦ

ᠮᠠᠰᠢᠨ ᠮᠡᠷᠭᠡᠵᠢᠯ

ᠮᠠᠠᠳᠤᠵᠤ ᠭᠦᠭ᠍ᠵᠢᠭ᠍ᠰᠡᠨ ᠰᠢᠨ᠎ᠠ ᠪᠣᠯᠪᠠᠰᠤᠨ ᠳᠤᠳᠠᠨ᠎ᠠ

ᠮᠠᠨᠠᠨ ᠨᠡᠪᠳᠡᠯᠭᠦ ᠪᠢᠯᠢᠭ᠌ ᠵᠢᠷᠦᠭᠡ ᠳᠤᠳᠠᠨ᠎ᠠ

ᠮᠠᠬᠠᠪᠣᠤᠨ ᠪᠣᠶᠤ ᠰᠥᠭ᠌ ᠰᠦᠨᠠᠰᠤ ᠳᠤᠳᠠᠨ᠎ᠠ

ᠮᠠᠭᠠᠤᠨ ᠢᠳᠡᠭᠡᠯ ᠮᠠᠬᠠᠷᠠᠯ ᠣᠢ᠌ᠯᠠ ᠳᠤᠳᠠᠨ᠎ᠠ

ᠪᠠᠭᠤᠷᠠᠢ ᠪᠣᠯᠪᠠᠴᠤ ᠳᠤᠷᠤᠢ ᠪᠢᠰᠢ

ᠪᠣᠳᠠᠷᠠᠵᠤ ᠰᠠᠯᠬᠤ ᠦᠭᠡᠶ ᠮᠤᠩᠭ᠋ᠤᠯ ᠰᠢᠠᠳᠠᠰᠤ ᠳᠤᠳᠠᠨ᠎ᠠ

ᠪᠣᠰᠤᠳ ᠡᠴᠡ ᠵᠠᠪᠠᠯ ᠳᠠᠪᠠᠬᠤ ᠭᠡᠰᠡᠨ

ᠪᠣᠳᠤᠯ ᠬᠠᠳᠠᠭᠤ ᠳᠤᠳᠤᠷ ᠳᠠᠮᠢᠷ ᠳᠤᠳᠠᠨ᠎ᠠ

ᠡᠵᠡᠷᠭᠡᠭ᠌ ᠲᠤ ᠴᠢᠭᠯᠡᠭᠦᠯᠦᠭ᠍ᠰᠡᠨ ᠬᠤᠷᠴᠠ ᠰᠤᠮᠤ ᠳᠤᠳᠠᠨ᠎ᠠ

ᠦᠪᠡᠷ ᠢ ᠪᠠᠨ ᠡᠮᠨᠡᠭᠦ ᠭᠠᠰᠢᠭᠤᠨ ᠡᠮ ᠳᠤᠳᠠᠨ᠎ᠠ

ᠦᠷᠪᠦᠩ ᠭᠡᠵᠢᠭᠡᠨ ᠳᠤ ᠨᠠᠷᠢᠯᠢᠭ ᠰᠠᠮ ᠳᠤᠳᠠᠨ᠎ᠠ

ᠡᠮᠵᠡᠭ᠌ ᠣᠬᠠᠭᠠᠨ ᠳᠤ ᠳᠠᠷᠭᠤᠨ ᠱᠦᠯᠦ ᠳᠤᠳᠠᠨ᠎ᠠ

ᠥᠷᠪᠢᠰᠭᠦ ᠮᠠᠩᠬᠠᠨ ᠳᠤ ᠴᠠᠭ ᠤᠨ ᠬᠤᠷ᠎ᠠ ᠳᠤᠳᠠᠨ᠎ᠠ

ᠡᠯᠡᠰᠤᠨ ᠰᠢᠭᠤᠷᠭᠠᠨ ᠳᠤ ᠨᠤᠭᠤᠭᠠᠨ ᠭᠦᠷᠮ᠎ᠡ ᠳᠤᠳᠠᠨ᠎ᠠ

ᠥᠭᠡᠡᠴᠡ ᠠᠪᠣᠷᠢ ᠳᠤ ᠴᠢᠩᠭᠢᠰ ᠵᠤᠷᠢᠭ ᠳᠤᠳᠠᠨ᠎ᠠ

ᠣᠬᠠᠭᠠᠷᠠᠵᠤ ᠰᠡᠭᠡᠭᠡᠷᠡᠭᠦ ᠳᠤ ᠴᠡᠩᠭᠡᠷ ᠳᠤᠭ ᠳᠤᠳᠠᠨ᠎ᠠ ᠭᠡᠵᠤ

ᠣᠠᠳᠠᠭ᠎ᠠ ᠡᠭᠡ ᠶᠢᠨ ᠡᠩᠭᠡᠷ ᠢ

ᠣᠷᠠᠵᠤ ᠮᠠᠯᠳᠠᠵᠤ ᠪᠠᠢ᠌ᠭᠰᠠᠨ

ᠥᠩᠭᠡᠴᠢ ᠬᠤᠪᠳᠤᠭ ᠰᠠᠪᠠᠷ ᠢ

ᠦᠨᠡᠨ ᠤ ᠰᠠᠯᠮ᠎ᠠ ᠪᠠᠷ ᠴᠠᠪᠴᠢᠨ

ᠣᠳᠤᠮ ᠶᠢᠡᠨ ᠭᠤᠳᠤᠭᠠᠬᠤ ᠣᠳᠤᠮ ᠥᠭᠡᠢ

ᠠᠭᠤᠯᠠ ᠳᠤᠯᠵᠤ ᠪᠣᠰᠤᠭᠰᠠᠨ

ᠦᠢ᠌ ᠮᠤᠩᠭ᠋ᠤᠯ ᠵᠤᠯᠪᠣᠭᠠᠳᠠᠨ ᠤ

ᠥᠰᠦᠭᠡᠢ ᠵᠠᠯᠭᠠᠭᠰᠠᠨ ᠬᠠᠷᠠᠴᠢᠨ ᠸᠠᠩ (87)

ᠴᠢᠭᠢ ᠶᠢ ᠠᠪᠴᠤ ᠠᠮᠠᠨ ᠳᠤ ᠡᠮᠭᠦᠭᠦᠯᠭᠦ ᠳ᠋ᠤ

ᠴᠠᠤᠠᠬᠠᠵᠤ ᠪᠠᠢ᠌ᠨ᠎ᠠ ᠭᠡᠵᠤ ᠪᠠᠶᠠᠷᠯᠠᠯ ᠥᠭᠡᠢ

ᠰᠠᠢ᠌ᠬᠠᠨ ᠳᠤᠮᠤᠭ ᠶᠢᠡᠷ ᠮᠢᠯᠢᠶᠠᠬᠤ ᠳ᠋ᠤ

ᠰᠠᠨᠠᠵᠤ ᠪᠠᠢ᠌ᠨ᠎ᠠ ᠭᠡᠵᠤ ᠣᠮᠤᠭᠰᠢᠯ ᠥᠭᠡᠢ

ᠮᠥᠭᠦᠯᠢᠭ᠌ ᠡᠯᠡᠰᠤ ᠴᠢᠯᠠᠭᠤ ᠪᠠᠨ

ᠨᠤᠳᠤᠭ ᠵᠥᠭ᠌ ᠶᠢᠡᠨ ᠬᠠᠰᠢᠬᠤ ᠳ᠋ᠤ

ᠮᠤᠩᠭ᠋ᠤᠯ ᠭᠠᠵᠠᠷ ᠮᠤᠩᠭ᠋ᠤᠯᠴᠤᠳ ᠤᠨ ᠭᠡᠰᠡᠨ

ᠨᠠᠠᠳᠢᠨ ᠣᠷᠢᠶ᠎ᠠ ᠰᠢᠭᠤᠷᠴᠤ

ᠠᠯᠳᠠᠨ ᠠᠶᠠᠭ᠎ᠠ ᠪᠠᠨ ᠪᠠᠷᠢᠭᠠᠤᠨ

ᠠᠮᠤ ᠪᠠᠳᠢᠷᠯᠠᠬᠤ ᠪᠣᠷᠤᠭᠤ

ᠡᠵᠢ ᠶᠢᠨ ᠰᠦ᠋ ᠪᠠᠨ ᠪᠢᠳᠠ

ᠦᠪᠠᠰᠤᠪᠠᠨ ᠭᠦᠭᠦᠪᠠᠯ ᠵᠦᠪ ᠭᠡᠵᠤ

ᠠᠭᠤᠷᠬᠠᠢ ᠨᠡᠭᠡᠭᠡᠭ᠍ᠰᠡᠨ ᠪᠠᠢ᠌ᠪᠠ

ᠠᠯᠪᠠ ᠭᠦᠩᠭᠡᠯᠡᠭ᠍ᠰᠡᠨ ᠪᠠᠢ᠌ᠪᠠ

ᠰᠤᠶᠤᠯᠵᠢᠵᠤ ᠰᠢᠨᠠᠳᠤᠨ᠎ᠠ ᠭᠡᠵᠤ

ᠰᠤᠷᠭᠠᠭᠤᠯᠢ ᠰᠤᠨᠢᠨ ᠡᠷᠭᠢᠯᠡᠭ᠍ᠰᠡᠨ ᠪᠠᠢ᠌ᠪᠠ

ᠳᠦᠳᠡᠭᠡᠷ ᠳᠠᠰ ᠤᠨ ᠮᠠᠨᠠᠭᠤᠯ ᠰᠢᠭ

ᠳᠦᠷᠪᠠᠳᠦᠭᠡᠷ ᠶ‍ᠢᠷᠳᠢᠠᠴᠤ ᠶᠢᠨ ᠳᠡᠨᠦᠭᠦᠯ ᠰᠢᠭ᠌

ᠡᠷᠭᠡ ᠮᠠᠳᠠᠯ ᠶᠢᠡᠨ ᠳᠠᠶᠠᠭᠳᠠᠨ

ᠡᠩᠭᠡ ᠳᠠᠢ᠌ᠪᠣᠩ ᠶᠢᠡᠷ ᠬᠤᠪᠢᠰᠤᠨ

ᠰᠤᠭᠳᠤᠭᠤ ᠳᠤ ᠬᠠᠶᠠᠭᠳᠠᠭᠰᠠᠨ ᠯᠤᠩᠬᠤ ᠪᠣᠯᠵᠤ

ᠰᠤᠷᠤᠭᠰᠠᠨ ᠳᠠᠮᠠᠭᠢᠨ ᠤ ᠦᠯᠠᠳᠠᠪᠣᠷᠢ ᠪᠣᠯᠵᠤ

ᠰᠡᠭᠦᠳᠡᠷ ᠡᠴᠡ ᠪᠠᠨ ᠥᠭᠡᠷ᠎ᠡ ᠨᠥᠭᠦᠷ ᠥᠭᠡᠢ

ᠰᠡᠭᠦᠯ ᠡᠴᠡ ᠪᠠᠨ ᠣᠠᠳᠤᠤ ᠳᠠᠰᠢᠭᠤᠷ ᠥᠭᠡᠢ

ᠭᠢᠵᠢᠭ᠌ ᠤᠨ ᠳᠠᠭᠢᠶᠠᠨ ᠤ ᠦᠨ᠎ᠡ ᠥᠭᠡᠢ

ᠭᠡᠳᠡ ᠶᠢᠨ ᠬᠠᠪᠳᠠᠭᠠᠨ ᠤ ᠰᠤᠷ ᠥᠭᠡᠢ

ᠭᠡᠵᠢᠶ᠎ᠡ ᠨᠢᠭᠡᠨ ᠡᠳᠦᠷ

ᠭᠡᠭᠡᠷ᠎ᠡ ᠪᠢᠳᠠ ᠦᠨᠡᠰᠤ ᠪᠣᠯᠵᠤ ᠬᠤᠴᠤᠷᠪᠠᠯ

ᠴᠢᠩᠭᠢᠰ ᠳᠡᠭ᠍ᠷᠢ ᠨᠢᠷᠭᠡᠨ᠎ᠡ

ᠴᠣᠢ᠌ᠵᠢᠠᠤᠤᠠᠽᠠᠷ ᠭᠤᠮᠤᠳᠠᠨ᠎ᠠ (88)

ᠴᠡᠯᠮᠡᠭ᠌ ᠳᠡᠨᠢᠭᠡᠷ ᠠᠭᠠᠷ ᠳᠠᠢ

ᠨᠤᠳᠤᠭ ᠤᠨ ᠰᠢᠷᠤᠢ ᠭᠢᠮᠤᠷᠠᠵᠤ

ᠴᠡᠩᠭᠡᠭ᠌ ᠣᠰᠤᠨ ᠬᠤᠯᠪᠣᠭᠠᠨ ᠳᠠᠢ

ᠪᠣᠢ᠌ᠷ ᠳᠤᠤᠯᠠ ᠭᠦᠯᠳᠡᠨ᠎ᠡ

ᠵᠣᠢ᠌ᠯ ᠢ ᠳᠦᠰᠢᠭ᠍ᠰᠡᠨ ᠵᠡᠭᠦᠳᠤ

ᠡᠴᠦᠰ ᠲᠡᠭᠡᠨ ᠭᠡᠵᠢᠶᠡᠳᠡ ᠬᠤᠭᠤᠰᠤᠨ

ᠦᠪᠡᠷ ᠢ ᠪᠠᠨ ᠢᠳᠡᠭᠡᠭ᠍ᠰᠡᠨ ᠣᠢ᠌ᠯᠠᠰ

ᠵᠢᠮᠢᠰ ᠯᠠᠪ ᠪᠦᠩᠵᠢᠭᠡᠨᠡᠨ᠎ᠡ

ᠣᠭᠰᠠᠭ᠎ᠠ ᠦᠨᠳᠦᠰᠦ ᠮᠠᠠᠳᠤᠬᠤ ᠳ᠋ᠤ

ᠮᠤᠩᠭ᠋ᠤᠯ ᠪᠦᠭᠦᠨ ᠬᠠᠷᠢᠭᠤᠴᠠᠯᠭ᠎ᠠ ᠳᠠᠢ

ᠦᠨᠳᠠᠢ᠌ᠨ ᠪᠣᠰᠴᠤ ᠵᠤᠭᠰᠤᠬᠤ ᠳ᠋ᠤ

ᠮᠤᠩᠭ᠋ᠤᠯ ᠰᠤᠶᠤᠯ ᠮᠢᠨᠢ ᠳᠠᠶᠠᠭ ᠭᠡᠵᠤ

ᠣᠬᠠᠭ᠎ᠠ ᠳᠠᠮᠢᠷ ᠲᠡᠶ ᠯᠤᠪᠰᠡᠩ᠂ ᠲ᠋ᠡᠮᠭᠡᠳᠤ (89)

ᠣᠠᠳᠠᠬᠤ ᠳᠠᠭᠠᠨ ᠴᠤ ᠨᠢᠳᠤ ᠪᠠᠨ ᠨᠡᠭᠡᠭᠡᠴᠢᠭᠡᠭᠡᠤᠨ

ᠦᠰᠦ ᠪᠠᠨ ᠳᠡᠭᠦᠵᠤ ᠳᠤᠷᠠᠳᠠᠢ ᠵᠤᠪᠠᠵᠤ ᠶᠠᠪᠣᠨ᠎ᠠ

ᠥᠰᠦᠭ᠌ ᠳᠡᠭᠦᠵᠤ ᠳᠤᠷᠠᠳᠠᠢ ᠵᠢᠦᠡᠭᠦᠵᠤ ᠶᠠᠪᠣᠨ᠎ᠠ᠃

ᠭᠦᠷᠦᠰᠦᠳᠤ ᠳᠡᠯᠡᠭᠡᠢ ᠳᠤ ᠭᠦᠮᠤᠨ ᠨᠠᠷ᠎ᠠ ᠵᠢ

ᠭᠦᠷᠳᠡᠨ᠎ᠡ ᠭᠡᠳᠡᠭ᠌ ᠵᠤᠯ ᠪᠢᠯᠠ

ᠭᠦᠮᠤᠨ ᠤ ᠳᠤᠮᠳᠠ ᠪᠣᠰᠤᠭ᠎ᠠ ᠨᠠᠷ᠎ᠠ ᠵᠢ

ᠡᠷᠭᠦᠨ᠎ᠡ ᠭᠡᠳᠡᠭ᠌ ᠬᠤᠪᠢ ᠪᠢᠯᠠ

ᠮᠤᠩᠭ᠋ᠤᠯ ᠡᠭᠡ ᠶᠤᠤᠯᠠᠨ ᠪᠠᠢ᠌ᠵᠤ

ᠮᠠᠨ ᠢ ᠨᠠᠷᠠ ᠬᠠᠷᠠᠭᠤᠯᠤᠭᠠᠤᠨ

ᠮᠤᠩᠭ᠋ᠤᠯ ᠡᠴᠢᠭᠡ ᠵᠦᠳᠠᠨ ᠪᠠᠢ᠌ᠵᠤ

ᠮᠠᠨ ᠢ ᠭᠠᠠᠵᠤᠭ᠎ᠠ ᠰᠢᠭᠦᠷᠡᠭᠦᠯᠦᠭᠡᠤᠨ

ᠰᠠᠷᠠᠭᠤᠯ ᠣᠬᠠᠭᠠᠨ ᠤ ᠵᠠᠶᠠᠭ᠎ᠠ ᠡᠵᠡᠮᠳᠡᠭᠦ ᠪᠠᠷ

ᠰᠠᠨᠠᠭᠠᠨ ᠤ ᠭᠡᠭᠡᠭᠡᠨ ᠵᠤᠯᠠ ᠡᠷᠭᠦᠵᠤ

ᠰᠡᠷᠮᠡᠭᠦᠨ ᠬᠠᠩᠭ᠋ᠠᠢ ᠶᠢᠨ ᠰᠠᠷᠠᠨ ᠳᠤᠭᠤᠨᠤ ᠡᠴᠡ

ᠰᠤᠳᠤ ᠪᠣᠯᠭᠠᠨ ᠰᠠᠴᠤᠷᠠᠭᠤᠯᠤᠭᠰᠠᠨ ᠴᠤ

ᠬᠤᠳᠠ ᠶᠢᠨ ᠵᠠᠷᠢᠮ ᠮᠤᠩᠭ᠋ᠤᠯ ᠮᠢᠨᠢ

ᠬᠤᠯᠪᠣᠵᠤ ᠪᠣᠳᠤᠪᠠᠯ ᠭᠦᠭᠡᠷᠦᠭᠦᠢ ᠪᠠᠢ᠌ᠨ᠎ᠠ

ᠣᠤᠷ ᠴᠢᠨᠠᠷ ᠡᠴᠡ ᠭᠠᠵᠢᠭᠰᠠᠨ (90)

ᠣᠭᠰᠠᠭᠠᠨ ᠤ ᠰᠢᠨ᠎ᠠ ᠳᠠᠢ᠌ᠭᠠᠨ ᠪᠠᠢ᠌ᠨ᠎ᠠ (91)

ᠪᠣᠰᠤᠭ᠎ᠠ ᠨᠠᠷ᠎ᠠ ᠪᠠᠨ ᠳᠤᠭᠤᠬᠤ ᠥᠭᠡᠢ

ᠪᠣᠯᠪᠠᠰᠤᠨ ᠭᠡᠯᠡ ᠪᠠᠨ ᠭᠡᠷᠡᠭᠯᠡᠭᠦ ᠥᠭᠡᠢ

ᠪᠦᠭᠡᠷ᠎ᠡ ᠪᠠᠨ ᠪᠠᠵᠠᠭᠤᠯᠤᠭᠰᠠᠨ ᠢᠰᠢᠭᠡ ᠰᠢᠭ᠌

ᠪᠦᠭᠦᠢᠵᠤ ᠪᠦᠳᠦᠷᠢᠵᠤ ᠬᠠᠮᠰᠢ᠌ᠨ

ᠭᠦᠷᠭᠦ ᠭᠠᠵᠠᠷ ᠶᠢᠡᠨ ᠮᠡᠳᠡᠭᠦ ᠥᠭᠡᠢ

ᠭᠦᠵᠦᠭᠦᠤ ᠰᠤᠩᠭ᠋ᠠᠨ ᠭᠦᠭᠯᠡᠵᠤ

ᠭᠦᠴᠦᠯᠡᠭᠦ ᠵᠥᠭ᠌ ᠶᠢᠡᠨ ᠣᠯᠬᠤ ᠥᠭᠡᠢ

ᠭᠦᠯᠦᠰᠤ ᠭᠠᠷᠤᠨ ᠮᠤᠩᠭ᠋ᠠᠨᠢᠬᠤ ᠳ᠋ᠤ

ᠳᠤᠷᠠᠩᠬᠠᠢ ᠳᠤᠷᠤᠰᠬ᠎ᠠ ᠮᠠᠯ ᠤᠨ ᠵᠢᠠᠨ

ᠳᠤᠭ᠎ᠠ ᠳᠤᠯᠤᠭᠠᠢ ᠳᠤ ᠪᠠᠶᠠᠷᠬᠠᠨ

ᠳᠡᠭ᠍ᠷᠢ ᠶᠢᠨ ᠭᠡᠰᠢᠭ᠌ ᠶᠢᠡᠷ ᠠᠮᠢᠳᠤᠷᠠᠬᠤ ᠪᠠᠨ

ᠳᠠᠭᠠᠳᠠᠢ ᠪᠠᠢ᠌ᠨ᠎ᠠ ᠭᠡᠵᠤ ᠮᠠᠩᠰᠢᠭᠤᠷᠠᠬᠤ

ᠭᠦᠳᠡᠭᠡᠨ ᠤ ᠵᠠᠷᠢᠮ ᠮᠤᠩᠭ᠋ᠤᠯ ᠮᠢᠨᠢ

ᠭᠦᠮᠤᠨ ᠭᠡᠭᠦ ᠳᠤ ᠢᠯᠡᠭᠦᠳᠡᠨ᠎ᠡ

ᠰᠤᠳᠠᠰᠤᠨ ᠳ᠋ᠤᠨᠢ ᠰᠫᠢᠷᠲ᠋ ᠯᠤᠭᠰᠢᠵᠤ

ᠰᠦᠨᠠᠰᠤᠨ ᠳ᠋ᠤᠨᠢ ᠪᠣᠭ ᠣᠷᠤᠰᠢᠭᠠᠤᠨ

ᠪᠠᠯᠠᠨ ᠴᠠᠪ ᠠᠷᠢᠭᠢ ᠣᠯᠳᠠᠪᠠᠯ

ᠪᠦᠭᠡᠰᠤ ᠲᠡᠶ ᠪᠠᠨ ᠪᠠᠶᠠᠷᠯᠠᠵᠤ

ᠪᠦᠭᠡᠯᠵᠢᠰᠤ ᠲᠡᠶ ᠪᠠᠨ ᠪᠢᠯᠳᠠᠵᠤ

ᠪᠦᠳᠤᠨ ᠵᠣᠢ᠌ᠯ ᠶᠢᠡᠨ ᠪᠦᠷᠢᠯᠭᠡᠭ᠍ᠰᠡᠭᠡᠷ ᠁

ᠮᠤᠰᠢᠭᠠᠢ ᠬᠠᠵᠠᠭᠠᠢ ᠭᠡᠯᠡ ᠪᠠᠷ

ᠮᠠᠭᠤᠬᠠᠢ ᠬᠠᠷᠢᠶᠠᠳᠤ ᠴᠤᠪᠣᠷᠠᠭᠤᠯᠴᠢᠬᠠᠵᠤ

ᠮᠤᠩᠭ᠋ᠤᠯ ᠳᠠᠷᠬᠠᠨ ᠣᠢ᠌ᠯᠠᠰ ᠵᠢᠠᠨ

ᠮᠠᠷᠳᠠᠳᠠᠭ ᠴᠥᠭᠡᠨ ᠣᠶᠤᠳᠠᠤᠨ ᠮᠢᠨᠢ

ᠮᠠᠷᠭᠠᠰᠢ ᠶᠢᠨ ᠰᠢᠷᠦᠭᠦᠨ ᠥᠷᠢᠰᠦᠯᠳᠦᠭᠡᠨ ᠤ

ᠬᠤᠯᠠ ᠨᠢᠰᠭᠦ ᠵᠢᠭᠦᠷ ᠳᠠᠪᠳᠠᠬᠤ ᠥᠭᠡᠢ

ᠮᠠᠩᠯᠠᠢ ᠳᠤ ᠳᠠᠪᠰᠢᠨ ᠬᠤᠰᠢᠭᠤᠷᠠᠬᠤ ᠵᠢᠨ

ᠬᠤᠪᠣᠷ ᠲᠤᠬᠢᠶᠠᠯ ᠶᠢᠡᠨ ᠳᠠᠯᠭᠠᠷᠳᠠᠭᠤᠯᠵᠤ

ᠰᠦᠨᠢ ᠪᠣᠯ ᠡᠳᠦᠷ ᠢ ᠭᠦᠰᠡᠨ

ᠡᠳᠦᠷ ᠪᠣᠯ ᠰᠦᠨᠢ ᠶᠢ ᠳᠤᠷᠠᠰᠤᠨ

ᠣᠠᠳᠠᠬᠤ ᠳᠤ ᠣᠷᠤᠯᠳᠤᠨ

ᠣᠤᠭᠤᠵᠤ ᠢᠳᠡᠭᠦ ᠳᠤ ᠰᠢᠷᠢᠯᠳᠤᠨ

ᠰᠤᠷᠬᠤ ᠵᠣᠢ᠌ᠯ ᠶᠢᠡᠨ ᠰᠤᠷᠠᠬᠤ ᠥᠭᠡᠢ

ᠰᠤᠯᠤᠭᠠᠢ ᠶᠠᠭᠤᠮᠠᠨ ᠳᠤ ᠰᠤᠨᠢᠶᠠᠵᠤ

ᠰᠤᠠᠵᠤ ᠠᠪᠴᠢᠨ ᠮᠡᠭᠡᠢ᠌ᠷᠡᠵᠤ

ᠰᠤᠭᠳᠤᠭᠤᠷᠠᠨ ᠫᠣᠯᠭᠤᠷᠠᠨ ᠢᠨᠠᠭᠯᠠᠪᠠᠯ

ᠰᠠᠨᠠᠭ᠎ᠠ ᠰᠠᠷᠠ ᠳᠤᠯᠤᠭᠰᠠᠨ ᠴᠤ

ᠰᠠᠯᠳᠠᠭ᠎ᠠ ᠬᠠᠮᠢᠭ᠎ᠠ ᠪᠠᠢ᠌ᠳᠠᠭ ᠪᠣᠯ︖

ᠰᠤᠶᠤᠯᠵᠢᠭᠰᠠᠨ ᠪᠠᠯᠠᠢ

ᠰᠤᠬᠤᠷᠠᠭᠰᠠᠨ ᠮᠡᠷᠭᠡᠨ ᠁

ᠳᠡᠭ᠍ᠷᠢ ᠪᠠᠭᠠᠨᠠᠳᠠᠭᠰᠠᠨ ᠱᠠᠩᠰᠢ

ᠦᠨᠳᠦᠰᠦ ᠭᠡᠢ᠌ᠰᠪᠠᠯ ᠲᠦᠯᠡᠰᠢ ᠪᠣᠯᠵᠤ

ᠳᠢᠪ ᠲᠤ ᠦᠭᠡᠶ ᠰᠠᠴᠠᠨ ᠠᠭᠠᠤᠨ

ᠣᠭᠰᠠᠭ᠎ᠠ ᠪᠠᠨ ᠣᠭᠤᠷᠤᠪᠠᠯ ᠢᠳᠠᠰᠢ ᠪᠣᠯᠵᠤ

ᠭᠡᠨ ᠤ ᠵᠠᠶᠠᠭ᠎ᠠ ᠬᠠᠵᠠᠢ᠌ᠨ᠎ᠠ︖

ᠮᠤᠩᠭ᠋ᠤᠯ ᠤᠨ ᠵᠠᠶᠠᠭ᠎ᠠ ᠬᠠᠵᠠᠢ᠌ᠨ᠎ᠠ︕

ᠭᠡᠨ ᠤ ᠨᠠᠷᠠ ᠣᠨᠠᠨ᠎ᠠ︖

ᠮᠤᠩᠭ᠋ᠤᠯ ᠤᠨ ᠨᠠᠷᠠ ᠣᠨᠠᠨ᠎ᠠ︕

ᠵᠠᠳᠠ ᠶᠢᠨ ᠬᠠᠷ᠎ᠠ ᠴᠢᠯᠠᠭᠤ ᠲᠡᠶ (92)

ᠵᠠᠭᠠᠷᠢᠨ ᠳᠡᠭ᠍ᠷᠢ ᠰᠢᠳᠦᠯᠭᠡ ᠳᠠᠢ

ᠵᠢᠷᠭᠠᠯ ᠪᠢᠯᠬᠠᠭᠰᠠᠨ ᠥᠷᠦᠭᠡᠨ ᠳ᠋ᠡᠭᠡᠨ

ᠵᠠᠮ ᠤᠨ ᠵᠤᠴᠢᠨ ᠶᠢᠡᠨ ᠴᠤ ᠭᠤᠮᠤᠳᠠᠭᠠᠬᠤ ᠥᠭᠡᠢ

ᠣᠳᠤᠮ ᠵᠠᠯᠭᠠᠬᠤ ᠮᠡᠩᠭᠡ ᠳᠠᠢ

ᠣᠷᠤᠭ ᠳᠠᠨᠢᠭᠤᠯᠬᠤ ᠵᠢᠰᠤ ᠲᠡᠶ (93)

ᠣᠯᠠᠷᠢᠯ ᠶᠢᠡᠨ ᠳᠠᠭᠠᠵᠤ

ᠣᠰᠤᠨ ᠰᠢᠪᠠᠭᠤ ᠪᠠᠨ ᠰᠢᠭ ᠨᠡᠭᠦᠳᠡᠯᠯᠡᠭᠦ ᠳ᠋ᠡᠭᠡᠨ

ᠨᠠᠭᠤᠷ ᠱᠠᠩᠳᠠ ᠳᠠᠭᠠᠨ ᠰᠠᠴᠤᠯᠢ ᠳᠠᠢ

ᠨᠤᠳᠤᠭ ᠪᠠᠭᠤᠴᠠ ᠳᠠᠭᠠᠨ ᠡᠭᠡᠯᠢᠳᠡᠢ

ᠪᠢ ᠮᠤᠩᠭ᠋ᠤᠯ ᠭᠦᠮᠤᠨ

ᠪᠢᠳᠠ ᠮᠤᠩᠭ᠋ᠤᠯ ᠭᠦᠮᠤᠨ

ᠡᠷᠭᠢ ᠬᠠᠢ᠌ᠯᠤᠭᠤᠯᠵᠤ ᠣᠷᠤᠰᠬᠠᠭᠰᠠᠨ

ᠡᠷᠭᠦᠨ᠎ᠡ ᠬᠤᠨ ᠤ ᠴᠤᠭ

ᠳᠠᠩᠭᠢᠰ ᠭᠡᠳᠦᠯᠵᠤ ᠢᠷᠡᠭ᠍ᠰᠡᠨ

ᠳᠠᠪᠤᠨ ᠮᠦᠰᠤ ᠶᠢᠨ ᠢᠷ

ᠴᠢᠭᠯᠡᠭ᠍ᠰᠡᠨ ᠵᠥᠭ᠌ ᠲᠡᠭᠡᠨ ᠵᠠᠪᠠᠯ ᠨᠠᠮᠢᠷᠠᠳᠠᠭ

ᠴᠡᠩᠭᠡᠷ ᠳᠤᠭ ᠤᠨ ᠡᠰᠢ

ᠴᠢᠰᠤ ᠪᠠᠨ ᠳᠤᠯᠢᠶᠠᠪᠠᠯ ᠰᠢᠷᠬ᠎ᠠ ᠨᠢ ᠡᠳᠡᠭᠡᠷᠡᠳᠡᠭ᠌ (94)

ᠴᠢᠩᠭᠢᠰ ᠴᠢᠨ᠋ᠸ᠎ᠠ ᠶᠢᠨ ᠣᠳᠤᠮ

ᠡᠴᠢᠭᠡ ᠡᠴᠡ ᠪᠠᠨ ᠳᠤᠷᠤᠢ ᠲᠦᠷᠦᠪᠠᠯ

ᠡᠯᠢᠭᠡ ᠬᠠᠳᠠᠨ᠎ᠠ ᠭᠡᠳᠡᠭ᠌

ᠦᠪ ᠰᠤᠶᠤᠯ ᠶᠢᠡᠨ ᠠᠯᠳᠠᠪᠠᠯ

ᠶᠠᠰᠤ ᠬᠠᠷᠠᠯᠠᠨ᠎ᠠ ᠭᠡᠳᠡᠭ᠌

ᠪᠢᠳᠠ ᠬᠠᠮᠢᠭ᠎ᠠ ᠡᠴᠡ ᠢᠷᠠᠪᠠ︖

ᠪᠢᠳᠠ ᠬᠠᠮᠢᠭᠠᠰᠢ ᠶᠠᠪᠣᠨ᠎ᠠ︖

ᠪᠢᠳᠠ ᠶᠠᠭᠤ ᠭᠢᠪᠠ︖

ᠪᠢᠳᠠ ᠶᠠᠭᠤ ᠭᠢᠨ᠎ᠠ︖

ᠪᠢᠳᠠ ᠶᠠᠭᠤ ᠪᠠᠢ᠌ᠪᠠ︖

ᠪᠢᠳᠠ ᠶᠠᠭᠤ ᠪᠠᠢ᠌ᠨ᠎ᠠ︖

ᠡᠳᠦᠷ ᠲᠤ ᠭᠤᠷᠪᠠ ᠣᠳᠠᠭ᠎ᠠ

ᠦᠪᠡᠷ ᠡᠴᠡ ᠪᠠᠨ ᠠᠰᠠᠭᠤᠵᠤ ᠪᠠᠢ᠌ᠭᠳᠤᠨ

ᠡᠳᠦᠷ ᠲᠤ ᠭᠤᠴᠢ ᠣᠳᠠᠭ᠎ᠠ

ᠦᠷ᠎ᠡ ᠳᠡᠭᠡᠨ ᠭᠡᠯᠡᠵᠤ ᠪᠠᠢ᠌ᠭᠳᠤᠨ

ᠡᠪᠳᠡᠢ ᠰᠠᠨᠠᠭᠳᠠᠭᠰᠠᠨ ᠨᠢᠭᠡᠨ ᠳ᠋ᠡᠭᠡᠨ

ᠡᠩᠭᠡᠷ ᠤᠨ ᠳᠤᠪᠴᠢ ᠪᠠᠨ ᠠᠯᠳᠠᠷᠠᠭᠠᠵᠤ

ᠳᠤᠷᠠᠳᠠᠢ ᠳᠤᠭᠤᠭᠰᠠᠨ ᠨᠢᠭᠡ ᠪᠠᠨ ᠳᠠᠭᠠᠵᠤ

ᠲᠦᠮᠡᠨ ᠭᠠᠵᠠᠷ ᠳᠡᠪᠳᠡᠷᠢᠭᠦ ᠳ᠋ᠡᠭᠡᠨ

ᠡᠷᠭᠦᠵᠤ ᠦᠯᠦ ᠪᠣᠯᠬᠤ

ᠡᠭᠦᠳᠡ ᠭᠡᠵᠤ ᠪᠠᠢ᠌ᠳᠠᠭ

ᠳᠠᠪᠠᠵᠤ ᠦᠯᠦ ᠪᠣᠯᠬᠤ

ᠪᠣᠱᠤᠭ᠎ᠠ ᠨᠠᠩ ᠪᠠᠢ᠌ᠳᠠᠭ (95)

ᠠᠯᠳᠠᠨ ᠵᠢᠯᠤᠭᠤ ᠪᠠᠨ ᠠᠯᠳᠠᠪᠠᠯ

ᠠᠶᠠᠨ ᠳᠠᠭᠠᠨ ᠳᠦᠭᠡᠷᠢᠨ᠎ᠡ ᠭᠡᠳᠡᠭ᠌

ᠠᠮᠢᠨ ᠰᠦᠯᠳᠡ ᠪᠠᠨ ᠭᠡᠭᠡᠪᠠᠯ

ᠠᠮᠢᠰᠬᠤᠭ᠎ᠠ ᠢᠯᠡᠭᠦᠳᠡᠨ᠎ᠡ ᠭᠡᠳᠡᠭ᠌ ᠭᠡᠵᠤ

ᠭᠡᠦᠭᠡᠨ ᠳᠡᠭᠡᠨ ᠮᠤᠩᠭ᠋ᠤᠯ ᠵᠠᠭᠢᠶ᠎ᠠ

ᠭᠡᠦᠭᠡᠨ ᠳᠡᠭᠡᠨ ᠴᠢᠩᠭ᠋᠎ᠠ ᠵᠠᠭᠢᠶ᠎ᠠ

ᠰᠥᠷᠦᠭ᠌ ᠲᠡᠭᠡᠨ ᠣᠷᠭ᠎ᠠ ᠳᠦᠷᠦᠭᠦᠯᠪᠠᠯ

ᠰᠦᠷ ᠮᠠᠭᠤᠳᠠᠨ᠎ᠠ ᠭᠡᠳᠡᠭ᠌

ᠰᠦᠨ ᠳᠡᠭᠡᠨ ᠬᠤᠷᠤᠭᠤ ᠳᠦᠷᠦᠭᠦᠯᠪᠠᠯ

ᠰᠦᠨᠠᠰᠤ ᠵᠠᠢ᠌ᠯᠠᠨ᠎ᠠ ᠭᠡᠳᠡᠭ᠌

ᠭᠦᠮᠤᠨ ᠤ ᠶᠠᠭᠤᠮ᠎ᠠ ᠰᠠᠢ᠌ᠨ ᠭᠡᠤᠨ

ᠭᠦᠯ ᠶᠢᠡᠨ ᠪᠣᠭᠤᠪᠠᠯ ᠣᠯᠢᠭ

ᠦᠪᠡᠷ ᠤᠨ ᠶᠠᠭᠤᠮ᠎ᠠ ᠦᠯᠭᠢ ᠭᠡᠤᠨ

ᠦᠪ ᠶᠢᠡᠨ ᠭᠡᠭᠡᠪᠠᠯ ᠱᠠᠯᠢᠭ

ᠳᠡᠭᠡᠳᠤ ᠶᠢᠨ ᠨᠠᠷ᠎ᠠ ᠶᠢ ᠳᠤᠷᠠᠤᠠᠬᠤ ᠳ᠋ᠤ

ᠳᠡᠯᠡᠭᠡᠢ ᠳᠠᠭᠢᠵᠤ ᠳᠠᠭᠵᠢᠬᠤ ᠥᠭᠡᠢ

ᠳᠠᠯᠠᠢ᠌ᠬᠤ ᠳᠠᠰᠢᠭᠤᠷ ᠭᠦᠡᠳᠤ ᠴᠤ

ᠳᠠᠯᠳᠢᠷᠠᠬᠤ ᠮᠤᠷᠢ ᠪᠠᠢ᠌ᠬᠤ ᠥᠭᠡᠢ

ᠡᠵᠢ ᠶᠢᠨ ᠡᠪᠦᠷ ᠳᠤᠯᠠᠭᠠᠬᠠᠨ ᠴᠤ

ᠡᠭᠦᠷᠢᠳᠡ ᠶᠢᠨ ᠭᠠᠷᠠᠮ ᠪᠢᠰᠢ

ᠡᠭᠡ ᠣᠷᠤᠨ ᠪᠠᠶᠠᠯᠢᠭ ᠴᠤ

ᠡᠮᠭᠦᠭᠦ ᠡᠷᠡᠤ ᠣᠯᠠᠳᠠᠭᠠᠤᠨ

ᠭᠦᠡᠵᠢᠯᠡ ᠠᠪᠴᠢᠵᠤ ᠪᠠᠢ᠌ᠨ᠎ᠠ

ᠭᠦᠯ ᠶᠢᠡᠨ ᠪᠢᠳᠠ ᠶᠠᠭᠠᠭᠢᠨ᠎ᠠ︖

ᠭᠦᠪᠴᠢ ᠰᠤᠯᠠᠳᠠᠭᠰᠠᠨ ᠨᠤᠮᠤ ᠰᠢᠭ

ᠭᠦᠷᠪᠠᠵᠤ ᠪᠣᠤ ᠠᠳᠤᠷᠢ

ᠭᠦᠯᠳᠡᠭᠦᠤ ᠳᠤ ᠳᠠᠭᠠᠷᠢᠭᠳᠠᠭᠰᠠᠨ ᠬᠠᠰᠢ ᠰᠢᠭ

ᠬᠤᠷᠪᠣᠢ᠌ᠵᠤ ᠨᠠᠩ ᠪᠣᠯᠬᠤ ᠦᠭᠡᠶ ᠭᠡᠵᠤ

ᠭᠦᠤ ᠳᠡᠭᠡᠨ ᠬᠠᠳᠠᠭᠤ ᠨᠠᠢ᠌ᠳᠠᠶ᠎ᠠ

ᠭᠦᠤ ᠳᠡᠭᠡᠨ ᠮᠤᠩᠭ᠋ᠤᠯ ᠢᠳᠡᠭᠡᠶ᠎ᠡ

ᠥᠷᠯᠦᠭᠡ ᠪᠣᠯᠴᠢᠬᠠᠯ᠎ᠠ

ᠡᠷᠳᠡᠯᠡᠵᠤ ᠪᠤᠰ᠂ ᠪᠤᠰ︕ ᠭᠡᠵᠤ

ᠬᠠᠢ᠌ᠷ᠎ᠠ ᠶᠢᠨ ᠨᠠᠷᠠ ᠪᠠᠭᠠᠴᠤᠳ ᠵᠢᠠᠨ

ᠬᠠᠯᠠ ᠨᠢ ᠭᠠᠳᠠᠨ᠎ᠠ ᠪᠠᠨ ᠬᠠᠷᠠᠳᠠᠵᠤ

ᠬᠤᠨᠢᠨ ᠳᠠᠭᠠᠨ ᠦᠪᠡᠷ ᠶᠢᠡᠨ ᠶᠠᠪᠣᠶ᠎ᠠ

ᠭᠡᠦᠭᠡᠤᠨ ᠶᠢᠡᠨ ᠰᠤᠷᠭᠠᠭᠤᠯᠢ ᠳᠤ ᠶᠠᠪᠣᠭᠤᠯᠤᠶ᠎ᠠ

ᠳᠠᠷᠠ ᠨᠢ ᠮᠠᠨ ᠤ ᠵᠠᠮ ᠪᠢᠯᠠ

ᠳᠡᠯᠡᠭᠡᠢ ᠬᠠᠷᠠᠬᠤ ᠴᠤᠩᠬᠤ ᠪᠢᠯᠠ

ᠥᠭᠡᠷ᠎ᠡ ᠮᠠᠨ ᠳᠤ ᠡᠭᠦᠳᠡ ᠠᠯᠠᠭ᠎ᠠ

ᠥᠷᠦᠭᠡᠯ ᠲᠡᠶ ᠵᠡᠷᠭᠡᠴᠡᠭᠦ ᠱᠠᠳᠤ ᠠᠯᠠᠭ᠎ᠠ

ᠳᠡᠯᠭᠡᠷ ᠠᠭᠤᠳᠠᠮ ᠨᠤᠳᠤᠭ ᠳᠠᠢ

ᠳᠡᠯᠡᠭᠡᠢ ᠪᠠᠨ ᠦᠨᠡᠨ ᠬᠠᠢ᠌ᠷᠠᠯᠠ

ᠳᠡᠭ᠍ᠵᠢᠭᠦᠨ ᠥᠷᠨᠢᠭᠦᠨ ᠰᠤᠶᠤᠯ ᠳᠠᠢ

ᠳᠠᠪᠳᠠᠷ ᠶᠢᠡᠨ ᠨᠠᠩ ᠬᠠᠢ᠌ᠷᠠᠯᠠᠬᠤ ᠳ᠋ᠠᠭᠠᠨ

ᠮᠠᠭᠤᠬᠠᠢ ᠭᠢᠯᠣᠢ᠌ᠯᠳᠠ ᠦᠰᠢᠨ

ᠮᠤᠩᠭ᠋ᠤᠯ ᠶᠢᠡᠷ ᠶᠢᠡᠨ ᠭᠦᠤ ᠮᠢᠨᠢ ᠳᠤᠷᠴᠢᠭᠢᠨᠠᠨ

ᠮᠤᠰᠢᠭᠠᠢ ᠬᠠᠵᠠᠭᠠᠢ ᠴᠤ ᠭᠡᠦᠭᠡᠨ ᠮᠢᠨᠢ

ᠮᠤᠩᠭ᠋ᠤᠯ ᠶᠢᠡᠷ ᠶᠢᠡᠨ ᠪᠣᠰᠤᠭ᠎ᠠ ᠡᠷᠢᠶᠡᠴᠢ

ᠳᠠᠯ᠎ᠠ ᠶᠢᠨ ᠵᠠᠮ ᠰᠤᠨᠤᠯᠵᠠᠭᠠᠤᠨ

ᠳᠠᠪᠣᠬᠠᠨ ᠠᠯᠬᠤᠮ ᠳᠤ ᠳᠠᠰᠤᠷᠠᠬᠤ ᠥᠭᠡᠢ

ᠳᠠᠩᠰᠤᠭ ᠰᠤᠶᠤᠯ ᠳᠠᠭᠠᠨ ᠨᠠᠪᠳᠠᠷᠠᠪᠠᠯ

ᠳᠡᠭ᠍ᠷᠢ ᠶᠢᠨ ᠬᠠᠶᠠᠭᠠᠨ ᠳᠤ ᠬᠠᠭᠠᠭᠳᠠᠬᠤ ᠦᠭᠡᠶ ᠭᠡᠵᠤ

ᠣᠮᠤᠭ ᠰᠦᠷ ᠲᠡᠶ ᠭᠡᠯᠡᠶ᠎ᠡ

ᠣᠷᠤᠰᠤᠮ᠎ᠠ ᠮᠤᠩᠭ᠋ᠤᠯ ᠶᠠᠷᠢᠶ᠎ᠠ

ᠣᠠᠳᠠᠭᠰᠠᠨ ᠴᠤ ᠮᠠᠷᠳᠠᠯ ᠥᠭᠡᠢ

ᠵᠡᠭᠦᠳᠤᠨ ᠳᠡᠭᠡᠨ ᠪᠠᠰᠠ ᠭᠡᠯᠡᠭ᠍ᠰᠡᠭᠡᠷ

ᠭᠢᠳᠡᠭ᠌ ᠶᠢᠡᠨ ᠪᠢᠳᠠ ᠭᠢᠶ᠎ᠠ

ᠭᠢᠷᠢ ᠪᠠᠷ ᠶᠢᠡᠨ ᠪᠢᠳᠠ ᠭᠢᠶ᠎ᠠ

ᠭᠡᠨ ᠡᠴᠡ ᠴᠤ ᠰᠦᠷᠳᠠᠯ ᠥᠭᠡᠢ

ᠭᠢᠳᠡᠭ᠌ ᠶᠢᠡᠨ ᠵᠠᠪᠠᠯ ᠭᠢᠶ᠎ᠠ᠃

ᠴᠡᠩᠭᠡᠷ ᠳᠤᠭ ᠶᠢᠡᠨ ᠡᠷᠭᠦᠭᠡᠤᠨ

ᠮᠠᠠᠳᠤᠵᠤ ᠪᠣᠰᠤᠭᠰᠠᠨ ᠮᠤᠩᠭ᠋ᠤᠯ

ᠴᠢᠩᠭᠢᠰ ᠵᠤᠷᠢᠭ ᠶᠢᠡᠨ ᠮᠠᠷᠳᠠᠭᠠᠤᠨ

ᠵᠠᠳᠠᠷᠠᠵᠤ ᠪᠠᠭᠤᠷᠠᠭᠰᠠᠨ ᠮᠤᠩᠭ᠋ᠤᠯ

ᠳᠠᠶᠠᠩ ᠳᠤ ᠳᠠᠩᠳᠠ ᠶᠠᠷᠢᠭᠳᠠᠬᠤ

ᠳᠡᠦᠭᠡ ᠶᠢᠨ ᠭᠠᠢ᠌ᠬᠠᠮᠰᠢᠭ ᠮᠤᠩᠭ᠋ᠤᠯ

ᠳᠠᠶᠠᠭᠠᠷ ᠲᠤ ᠨᠠᠩᠳᠠ ᠰᠤᠪᠢᠭᠳᠠᠬᠤ

ᠳᠡᠦᠭᠡ ᠶᠢᠨ ᠨᠢᠭᠤᠴᠠ ᠮᠤᠩᠭ᠋ᠤᠯ

ᠥᠩᠭᠡᠷᠡᠭ᠍ᠰᠡᠨ ᠶᠢᠡᠨ ᠳᠤᠷᠠᠤᠠᠬᠤ ᠳ᠋ᠤ

ᠢᠳᠡᠭᠡᠯ ᠤᠨ ᠡᠭᠢ ᠮᠤᠩᠭ᠋ᠤᠯ

ᠢᠷᠡᠭᠡᠳᠦᠢ ᠪᠠᠨ ᠪᠠᠷᠠᠯᠠᠬᠤ ᠳ᠋ᠤ

ᠢᠨᠢᠶᠠᠳᠤ ᠶᠢᠨ ᠡᠭᠡ ᠮᠤᠩᠭ᠋ᠤᠯ

ᠮᠤᠷᠢᠨ ᠳᠡᠭᠡᠷ᠎ᠡ ᠪᠠᠨ ᠪᠠᠢ᠌ᠬᠤ ᠳ᠋ᠤ

ᠰᠠᠯᠠᠮ᠎ᠠ ᠢᠯᠳᠤ ᠪᠣᠯ ᠵᠡᠪᠰᠡᠭ᠌

ᠮᠤᠷᠢ ᠳᠠᠷᠬᠠᠯᠠᠭᠳᠠᠭᠰᠠᠨ ᠦᠨᠦᠳᠤᠷ (96)

ᠰᠤᠶᠤᠯ ᠦᠪ ᠪᠣᠯ ᠳᠦᠯᠭᠢᠭᠦᠷ (97)

ᠦᠪ ᠰᠤᠶᠤᠯ ᠡᠴᠡ ᠴᠢᠩᠭᠢᠰ ᠬᠠᠭᠠᠨ ᠳᠦᠷᠦᠭ᠍ᠰᠡᠨ

ᠦᠪ ᠰᠤᠶᠤᠯ ᠡᠴᠡ ᠴᠢᠩᠭᠢᠰ ᠳᠠᠭᠢᠵᠤ ᠳᠦᠷᠦᠭᠦ ᠥᠭᠡᠢ

ᠦᠪ ᠰᠤᠶᠤᠯ ᠡᠴᠡ ᠴᠢᠩᠭᠢᠰ ᠵᠤᠷᠢᠭ ᠰᠡᠷᠭᠦᠨ᠎ᠡ

《ᠢᠰᠥᠰ》 ᠰᠢᠭ᠌ ᠴᠢᠩᠭᠢᠰ ᠵᠤᠷᠢᠭ ᠰᠡᠷᠭᠦᠨ᠎ᠡ (98)

ᠴᠡᠩᠭᠡᠷ ᠳᠤᠭ ᠶᠢᠡᠨ ᠡᠪᠦᠷ ᠡᠴᠡ ᠪᠠᠨ ᠭᠠᠷᠭᠠᠵᠤ

ᠴᠢᠯᠡᠭᠡ ᠳᠤᠭᠤᠰᠤ ᠶᠢ ᠨᠢ ᠰᠥᠵᠢᠭ᠌ ᠰᠥᠰᠦᠭ᠌ ᠶᠢᠡᠷ ᠶᠢᠡᠨ ᠭᠦᠪᠢᠴᠡᠵᠤ

ᠴᠢᠩᠭᠢᠰ ᠵᠤᠷᠢᠭ ᠶᠢᠡᠨ ᠢᠴᠡᠭᠡᠨ ᠡᠴᠡ ᠨᠢ ᠳᠠᠭᠤᠳᠠᠵᠤ

ᠴᠢᠩ ᠪᠢᠰᠢᠷᠠᠯ ᠶᠢᠡᠷ ᠨᠠᠷ᠎ᠠ ᠲᠡᠶ ᠪᠠᠨ ᠬᠠᠮᠳᠤ ᠡᠷᠭᠦᠨ

ᠮᠤᠩᠭ᠋ᠤᠯ ᠮᠤᠩᠭ᠋ᠤᠯ ᠶᠢᠡᠨ ᠬᠠᠢ᠌ᠷᠠᠯᠠᠵᠤ

ᠮᠤᠩᠭ᠋ᠤᠯ ᠮᠤᠩᠭ᠋ᠤᠯ ᠳᠠᠭᠠᠨ ᠨᠢᠭᠳᠠᠷᠠᠵᠤ

ᠮᠤᠩᠭ᠋ᠤᠯ ᠮᠤᠩᠭ᠋ᠤᠯ ᠶᠢᠡᠨ ᠳᠠᠮᠵᠢᠵᠤ

ᠮᠤᠩᠭ᠋ᠤᠯ ᠮᠤᠩᠭ᠋ᠤᠯ ᠶᠢᠡᠨ ᠲᠡᠳᠬᠦᠪᠠᠯ

ᠰᠢᠷᠭᠢᠵᠤ ᠭᠦᠯᠳᠡᠭ᠍ᠰᠡᠨ ᠴᠡᠭᠡᠯ ᠤᠨ ᠣᠰᠤ

ᠴᠢᠩᠭᠢᠰ ᠵᠤᠷᠢᠭ ᠡᠴᠡ ᠣᠠᠳᠤᠷᠴᠤ

ᠰᠠᠪᠳᠤᠵᠤ ᠴᠤᠴᠠᠷᠠᠭᠰᠠᠨ ᠴᠡᠭᠡᠨ ᠴᠢᠯᠠᠭᠤ (99)

ᠴᠢᠩᠭᠢᠰ ᠵᠤᠷᠢᠭ ᠲᠤ ᠠᠨᠠᠵᠤ

ᠶᠡᠭᠡ ᠴᠢᠩᠭᠢᠰ ᠤᠨ ᠭᠡᠦᠭᠡᠤᠨ

ᠶ‍ᠢᠷᠳᠢᠠᠴᠤ ᠳᠤ ᠳᠠᠭᠢᠵᠤ ᠳᠡᠨᠦᠭᠦ ᠥᠭᠡᠢ

ᠭᠦᠮᠤᠨ ᠲᠡᠶ ᠵᠡᠷᠭᠡ ᠶᠠᠪᠣᠨ᠎ᠠ

ᠬᠤᠷ᠎ᠠ ᠳᠡᠭ᠍ᠰᠢ ᠳᠤᠰᠤᠨ᠎ᠠ

ᠨᠠᠢ᠌ᠷᠰᠠᠭ ᠳᠦᠷᠪᠡᠨ ᠣᠯᠠᠷᠢᠯ ᠳ᠋ᠠᠭᠠᠨ

ᠨᠠᠷᠠ ᠮᠥᠩᠭᠡᠯᠡᠵᠤ ᠢᠰᠭᠡᠷᠦᠨ᠎ᠡ

ᠨᠠᠭᠠᠨ᠎ᠠ ᠨᠢ ᠣᠯᠠᠨ ᠮᠤᠩᠭ᠋ᠤᠯ ᠡᠭᠡ

ᠭᠡᠦᠭᠡᠤᠨ ᠶᠢᠡᠨ ᠳᠠᠪᠠᠷᠢᠵᠤ ᠮᠦᠰᠢᠶᠠᠨ᠎ᠠ ᠭᠡᠵᠤ

ᠮᠥᠩᠭᠡ ᠳᠡᠭ᠍ᠷᠢ ᠡᠴᠦᠰ ᠤᠨ ᠣᠳᠠᠭ᠎ᠠ

ᠮᠤᠩᠭ᠋ᠤᠯ ᠶᠢᠡᠨ ᠮᠠᠷᠳᠠᠬᠤ ᠦᠭᠡᠶ ᠵᠠᠷᠯᠢᠭ ᠪᠣᠯᠤᠨ᠎ᠠ

ᠳᠡᠭᠡᠭᠡᠤᠨ

ᠴᠢᠩᠭᠢᠰ ᠵᠤᠷᠢᠭ ᠨᠠᠮᠢᠷᠠᠨ᠎ᠠ

ᠴᠡᠩᠭᠡᠷ ᠳᠤᠭ ᠭᠡᠷᠡᠯᠳᠦᠨ᠎ᠡ

ᠴᠠᠰᠤ ᠬᠠᠢ᠌ᠯᠵᠤ ᠳᠡᠯᠡᠭᠡᠢ ᠨᠤᠭᠤᠭᠠᠷᠠᠨ᠎ᠠ

ᠴᠡᠭ᠍ᠴᠡᠦᠭᠡᠢ ᠵᠢᠷᠭᠢᠵᠤ ᠴᠡᠴᠡᠭ᠌ ᠳᠡᠯᠭᠡᠷᠡᠨ᠎ᠡ (100)

ᠴᠢᠯᠦᠭᠡᠳᠡᠢ ᠵᠢᠷᠭᠢᠵᠤ ᠳᠡᠯᠭᠡᠷᠡᠨ᠎ᠡ

ᠮᠤᠩᠭ᠋ᠤᠯ ᠵᠢᠷᠭᠢᠵᠤ ᠳᠡᠯᠭᠡᠷᠡᠨ᠎ᠡ

ᠮᠤᠩᠭ᠋ᠤᠯ ᠳᠡᠯᠭᠡᠷᠡᠨ᠎ᠡ

ᠳᠡᠯᠭᠡᠷᠡᠨ᠎ᠡ︕

ᠳᠡᠯᠭᠡᠷᠡᠨ᠎ᠡ︕

ᠳᠡᠯᠭᠡᠷᠡᠨ᠎ᠡ︕



ᠳᠠᠢ᠌ᠯᠪᠣᠷᠢ᠄

(1) ᠪᠦᠷᠳᠡ ᠴᠢᠨ᠋ᠸ᠎ᠠ ᠊᠊᠊᠊᠊᠊᠊᠊᠊᠊᠊᠊᠊᠊᠊ ᠳᠤᠯᠭᠤᠷ ᠪᠢᠴᠢᠭ᠌ ᠲᠤ ᠳᠡᠮᠳᠡᠭᠯᠡᠵᠤ ᠪᠠᠢ᠌ᠭ᠎ᠠ ᠮᠤᠩᠭ᠋ᠤᠯ ᠦᠨᠳᠦᠰᠦᠳᠠᠨ ᠤ ᠢᠵᠠᠭᠤᠷ ᠳᠡᠭᠡᠳᠤ᠃ ᠲ᠋ᠡᠷᠡ ᠭᠡᠷᠭᠡᠢ ᠭᠤᠸ᠎ᠠ ᠮᠠᠷᠠᠯ ᠤᠨ ᠬᠠᠮᠳᠤ ᠳᠠᠩᠭᠢᠰ ᠭᠡᠳᠦᠯᠵᠤ᠂ ᠤᠨᠤᠨ ᠮᠦᠷᠠᠨ ᠤ ᠡᠭᠢ ᠪᠣᠷᠬᠠᠨ ᠬᠠᠯᠳᠤᠨ ᠳᠤ ᠨᠤᠳᠤᠭᠰᠢᠵᠤ᠂ ᠪᠠᠳᠠᠴᠢ ᠬᠠᠨ ᠭᠡᠳᠡᠭ᠌ ᠨᠢᠭᠡ ᠭᠦᠪᠠᠭᠦᠨ ᠲᠦᠷᠦᠵᠤ ᠮᠤᠩᠭ᠋ᠤᠯ ᠦᠨᠳᠦᠰᠦᠳᠠᠨ ᠡᠭᠦᠰᠪᠡ᠃

(2) ᠲ᠋ᠤᠪᠣ ᠮᠡᠷᠭᠡᠨ ᠊᠊᠊᠊᠊᠊᠊᠊᠊᠊᠊᠊᠊᠊᠊ ᠪᠦᠷᠳᠡ ᠴᠢᠨ᠋ᠸ᠎ᠠ ᠶᠢᠨ ᠠᠷᠪᠠᠨ ᠨᠢᠭᠡᠳᠦᠭᠡᠷ ᠦᠶ᠎ᠡ ᠶᠢᠨ ᠬᠣᠢ᠌ᠴᠢ᠃ ᠳᠡᠭᠦᠨ ᠤ ᠬᠠᠳᠤᠨ ᠠᠯᠤᠨ ᠭᠤᠸ᠎ᠠ ᠪᠦᠯᠭᠦᠮᠳᠡᠯ ᠢ ᠴᠢᠬᠤᠯᠠᠴᠢᠯᠠᠭᠰᠠᠨ 《ᠳᠠᠪᠤᠨ ᠮᠦᠰᠤ》 ᠵᠢᠨ ᠳᠤᠮᠤᠭ ᠢ ᠬᠤᠴᠤᠷᠭᠠᠵᠤ ᠮᠤᠩᠭ᠋ᠤᠯᠴᠤᠳ ᠲᠤ ᠮᠥᠩᠭᠡ ᠶᠢᠨ ᠰᠤᠷᠭᠠᠯ ᠬᠠᠢ᠌ᠷᠠᠯᠠᠭᠰᠠᠨ ᠪᠠᠢ᠌ᠳᠠᠭ᠃

(3) ᠬᠠᠪᠣᠯ ᠬᠠᠨ ᠊᠊᠊᠊᠊᠊᠊᠊᠊᠊᠊᠊᠊᠊᠊ ᠮᠤᠩᠭ᠋ᠤᠯ ᠤᠨ ᠬᠠᠮᠤᠭ ᠠᠩᠬᠠᠨ ᠤ ᠬᠠᠭᠠᠨ ᠴᠤᠯᠠ ᠣᠯᠤᠭᠰᠠᠨ ᠭᠦᠮᠤᠨ᠃ ᠴᠢᠩᠭᠢᠰ ᠬᠠᠭᠠᠨ ᠤ ᠡᠯᠦᠡᠴᠡ᠃

(4) ᠲ᠋ᠠᠰᠢᠭᠤᠷ ᠊᠊᠊᠊᠊᠊᠊᠊᠊᠊᠊᠊᠊᠊᠊ ᠦᠷᠦᠨᠠᠳᠠᠭᠢᠨ ᠤ ᠵᠠᠷᠢᠮ ᠨᠤᠮ ᠳᠤ ᠴᠢᠩᠭᠢᠰ ᠬᠠᠭᠠᠨ ᠢ ᠭᠠᠵᠢᠭᠤ ᠪᠣᠷᠤᠭᠤ ᠶᠢ ᠭᠤᠶᠠᠳᠠᠬᠤ ᠪᠠᠷ ᠪᠠᠭᠤᠭᠰᠠᠨ ᠳᠡᠭ᠍ᠷᠢ ᠶᠢᠨ ᠳᠠᠰᠢᠭᠤᠷ ᠭᠡᠵᠤ ᠶᠠᠷᠢᠳᠠᠭ᠃

(5) ᠶ‍ᠢᠰᠤᠨ ᠭᠦᠭᠦᠯᠳᠤ ᠴᠠᠭᠠᠨ ᠳᠤᠭ ᠊᠊᠊᠊᠊᠊᠊᠊᠊᠊᠊᠊᠊᠊᠊ 1206 ᠣᠨ ᠳᠤ ᠴᠢᠩᠭᠢᠰ ᠬᠠᠭᠠᠨ ᠶᠡᠭᠡ ᠮᠤᠩᠭ᠋ᠤᠯ ᠬᠠᠭᠠᠠᠳᠤ ᠣᠯᠤᠰ ᠤᠨ ᠬᠠᠭᠠᠨ ᠪᠣᠯᠬᠤ ᠳᠠᠭᠠᠨ ᠪᠣᠰᠬᠠᠭᠰᠠᠨ ᠳᠤᠭ᠃ ᠶ‍ᠢᠰᠤᠨ ᠭᠦᠭᠦᠯ ᠭᠡᠮᠡᠭ᠍ᠴᠢ ᠳᠤᠭ ᠤᠨ ᠬᠤᠷᠮᠤᠢ ᠳᠤ ᠭᠦᠭᠦᠯ ᠪᠣᠯᠭᠠᠨ ᠶ‍ᠢᠰᠤᠨ ᠪᠦᠴᠡ ᠬᠠᠳᠠᠭᠰᠠᠨ ᠢ ᠵᠢᠭᠠᠪᠠ᠃

(6) ᠡᠷᠭᠦᠨ᠎ᠡ ᠬᠤᠨ ᠊᠊᠊᠊᠊᠊᠊᠊᠊᠊᠊᠊᠊᠊᠊ ᠪᠠᠰᠠ ᠡᠷᠭᠢᠨ᠎ᠡ ᠬᠤᠨ ᠭᠡᠳᠡᠭ᠌᠃ ᠮᠤᠩᠭ᠋ᠤᠯ ᠤᠨ ᠡᠭᠦᠰᠦᠯ ᠭᠠᠷᠤᠯ ᠤᠨ ᠳᠤᠬᠠᠢ 《ᠡᠷᠭᠦᠨ᠎ᠡ ᠬᠤᠨ ᠤ ᠳᠤᠮᠤᠭ》 ᠲ᠋ᠤ ᠮᠤᠩᠭ᠋ᠤᠯᠴᠤᠳ ᠭᠦᠳᠡᠷ ᠬᠠᠢ᠌ᠯᠤᠭᠤᠯᠵᠤ ᠳᠠᠠᠳᠠ ᠡᠴᠡ ᠭᠠᠷᠴᠤ ᠢᠷᠡᠭ᠍ᠰᠡᠨ ᠭᠡᠳᠡᠭ᠌᠃

(7) ᠨᠦᠵᠢ ᠪᠠᠷ ᠪᠢᠯᠳᠠᠨ ᠊᠊᠊᠊᠊᠊᠊᠊᠊᠊᠊᠊᠊᠊᠊ ᠳᠠᠮᠤᠵᠢᠨ ᠢ ᠳᠦᠷᠦᠭᠦ ᠳᠤ ᠭᠠᠷ ᠲᠠᠭᠠᠨ ᠬᠤᠨᠢᠨ ᠱᠠᠭᠠᠨ ᠴᠢᠨᠡᠭᠡ ᠨᠦᠵᠢ ᠠᠤᠠᠬᠤᠵᠤ ᠪᠠᠢ᠌ᠭᠰᠠᠨ ᠭᠡᠳᠡᠭ᠌᠃

(8) ᠵᠡᠷᠯᠢᠭ᠌ ᠶᠢᠡᠷ ᠪᠣᠷᠴᠢᠵᠤ ᠊᠊᠊᠊᠊᠊᠊᠊᠊᠊᠊᠊᠊᠊᠊ ᠵᠡᠷᠯᠢᠭ᠌ ᠶᠢᠡᠷ ᠵᠦᠰᠤᠵᠤ᠃ ᠴᠢᠩᠭᠢᠰ ᠬᠠᠭᠠᠨ ᠢ ᠵᠠᠷᠢᠮ ᠨᠤᠮ ᠳᠤ 《ᠠᠪᠢᠶᠠᠰ ᠪᠢᠯᠢᠭ᠌ ᠲᠡᠶ ᠵᠡᠷᠯᠢᠭ᠌ ᠭᠦᠮᠤᠨ》 ᠭᠡᠵᠤ ᠥᠨᠡᠯᠡᠭ᠍ᠰᠡᠨ᠃

(9) ᠡᠮᠪᠦᠯᠡᠵᠤ ᠊᠊᠊᠊᠊᠊᠊᠊᠊᠊᠊᠊᠊᠊᠊ ᠴᠦᠮᠦᠯᠵᠤ

(10) ᠭᠢᠩᠭᠦᠰᠯᠡᠨ ᠊᠊᠊᠊᠊᠊᠊᠊᠊᠊᠊᠊᠊᠊᠊ (ᠭᠨ ᠶᠢᠨ ᠠᠢ᠌ᠮᠠᠭ) ᠭᠦᠡᠳᠡᠯᠡᠨ ᠶᠢᠡᠷ ᠭᠡᠳᠦᠯᠭᠦ᠃

(11) ᠡᠮᠳᠦᠯᠡᠵᠤ ᠊᠊᠊᠊᠊᠊᠊᠊᠊᠊᠊᠊᠊᠊᠊ ᠢᠯᠪᠢᠨ ᠳᠠᠭᠠᠭᠤᠯᠵᠤ

(12) ᠥᠰᠭᠦᠵᠤ ᠊᠊᠊᠊᠊᠊᠊᠊᠊᠊᠊᠊᠊᠊᠊ ᠦᠰᠢᠶ᠎ᠠ ᠬᠤᠷᠤᠰᠤᠯ ᠶᠢᠡᠨ ᠠᠪᠴᠤ

(13) 《ᠳᠠᠭᠠᠳᠤᠭᠠᠢ》 ᠊᠊᠊᠊᠊᠊᠊᠊᠊᠊᠊᠊᠊᠊᠊ ᠶᠡᠭᠡ ᠮᠤᠩᠭ᠋ᠤᠯ ᠬᠠᠭᠠᠠᠳᠤ ᠣᠯᠤᠰ ᠤᠨ ᠳᠦᠷᠪᠠᠳᠦᠭᠡᠷ ᠦᠶ᠎ᠡ ᠶᠢᠨ ᠬᠠᠭᠠᠨ ᠊᠊᠊᠊᠊᠊᠊᠊᠊᠊᠊᠊᠊᠊᠊ ᠮᠥᠩᠭᠡ ᠬᠠᠭᠠᠨ ᠤ ᠭᠠᠳᠠᠭᠠᠳᠤ ᠣᠯᠤᠰ ᠲᠤ ᠶᠠᠪᠣᠭᠤᠯᠤᠭᠰᠠᠨ ᠵᠠᠷᠯᠢᠭ ᠤᠨ ᠪᠢᠴᠢᠭ᠌ ᠲᠤ 《ᠪᠢᠴᠢᠭ᠌ ᠭᠦᠷᠦᠭ᠍ᠰᠡᠨ ᠭᠠᠵᠠᠷ ᠤᠨ ᠢᠷᠭᠡᠤᠨ ᠳᠠᠭᠠᠳᠤᠭᠠᠢ᠂ ᠪᠢᠰᠢᠷᠡᠳᠦᠭᠡᠢ᠂ ᠠᠶᠤᠲᠤᠭᠠᠢ》 ᠭᠡᠰᠡᠨ ᠥᠭᠡ ᠪᠠᠢ᠌ᠳᠠᠭ᠃

(14) ᠳᠦᠷᠪᠠᠨ ᠭᠦᠯᠦᠭ᠌ ᠊᠊᠊᠊᠊᠊᠊᠊᠊᠊᠊᠊᠊᠊᠊ ᠮᠤᠬᠤᠯᠠᠢ᠂ ᠪᠣᠭᠤᠷᠴᠢ᠂ ᠴᠢᠯᠠᠭᠤᠨ᠂ ᠪᠣᠷᠤᠬᠤᠯ ᠳᠦᠷᠪᠡ ᠶᠢ ᠴᠢᠩᠭᠢᠰ ᠤᠨ ᠳᠦᠷᠪᠡᠨ ᠭᠦᠯᠦᠭ᠌ ᠭᠡᠳᠡᠭ᠌᠃

(15) ᠳᠦᠷᠪᠠᠨ ᠨᠤᠬᠠᠢ ᠊᠊᠊᠊᠊᠊᠊᠊᠊᠊᠊᠊᠊᠊᠊ ᠰᠥᠪᠠᠭᠡᠳᠡᠢ᠂ ᠵᠠᠪᠠ᠂ ᠵᠠᠯᠮ᠎ᠠ᠂ ᠬᠤᠪᠢᠯᠠᠢ ᠳᠦᠷᠪᠡ ᠶᠢ ᠴᠢᠩᠭᠢᠰ ᠬᠠᠭᠠᠨ ᠤ ᠳᠦᠷᠪᠡᠨ ᠨᠤᠬᠠᠢ ᠭᠡᠳᠡᠭ᠌᠃

(16) ᠳᠦᠷᠪᠠᠨ ᠭᠦᠤ ᠊᠊᠊᠊᠊᠊᠊᠊᠊᠊᠊᠊᠊᠊᠊ ᠴᠢᠩᠭᠢᠰ ᠬᠠᠭᠠᠨ ᠤ ᠡᠰᠢ ᠬᠠᠳᠤᠨ ᠪᠦᠷᠳᠡ ᠦᠵᠢᠨ ᠡᠴᠡ ᠳᠦᠷᠦᠭ᠍ᠰᠡᠨ ᠵᠦᠴᠢ᠂ ᠴᠠᠭᠠᠳᠠᠢ᠂ ᠥᠭᠡᠳᠡᠢ᠂ ᠳᠤᠯᠤᠢ ᠳᠦᠷᠪᠡ ᠶᠢ ᠵᠢᠭᠠᠵᠠᠢ᠃

(17) ᠳᠦᠷᠪᠠᠨ ᠬᠠᠳᠤᠨ ᠊᠊᠊᠊᠊᠊᠊᠊᠊᠊᠊᠊᠊᠊᠊ ᠪᠦᠷᠳᠡ ᠦᠵᠢᠨ᠂ ᠶ‍ᠢᠰᠤᠢ᠂ ᠶ‍ᠢᠰᠦᠭᠡᠨ᠂ ᠬᠤᠯᠠᠨ ᠳᠦᠷᠪᠡᠨ ᠬᠠᠳᠤᠨ ᠢ ᠵᠢᠭᠠᠵᠠᠢ᠃

(18) ᠲ᠋ᠠᠪ ᠳᠡᠭ᠍ᠷᠢ ᠊᠊᠊᠊᠊᠊᠊᠊᠊᠊᠊᠊᠊᠊᠊ ᠬᠤᠩᠬᠤᠳᠠᠨ ᠠᠢ᠌ᠮᠠᠭ ᠤᠨ ᠮᠡᠩᠭᠡᠯᠢᠭ᠌ ᠡᠴᠢᠭᠡ ᠶᠢᠨ ᠳᠦᠷᠪᠠᠳᠦᠭᠡᠷ ᠭᠦᠤ ᠭᠦᠭᠡᠴᠤ ᠳᠤᠬᠠᠢ ᠶᠢᠨ ᠦᠶ᠎ᠡ ᠳᠡᠭᠡᠨ ᠠᠯᠳᠠᠷᠳᠠᠢ ᠵᠠᠢ᠌ᠷᠠᠩ ᠪᠦᠭᠡ ᠪᠠᠢ᠌ᠵᠤ᠂ ᠲ᠋ᠡᠭᠦᠨ ᠢ ᠨᠠᠷᠠ ᠲᠡᠶ ᠰᠢᠭᠤᠳ ᠬᠠᠷᠢᠯᠴᠠᠳᠠᠭ ᠠᠤᠭ᠎ᠠ ᠶᠡᠭᠡ ᠷᠢᠳᠢ ᠰᠢᠳᠢ ᠲᠡᠶ ᠭᠡᠵᠤ ᠮᠤᠩᠭ᠋ᠤᠯᠴᠤᠳ ᠰᠢᠳᠤᠨ ᠪᠢᠰᠢᠷᠡᠳᠡᠭ᠌ ᠡᠴᠡ ᠳᠠᠪ ᠳᠡᠭ᠍ᠷᠢ ᠭᠡᠵᠤ ᠭᠦᠡᠳᠦᠦᠡᠭᠡᠨ ᠳᠠᠭᠤᠳᠠᠳᠠᠭ ᠪᠠᠢ᠌ᠵᠠᠢ᠃ ᠲ᠋ᠠᠷᠠ ᠪᠦᠭᠡ ᠮᠥᠷᠭᠦᠯ ᠤᠨ ᠶᠤᠰᠤ ᠪᠠᠷ ᠳᠠᠮᠤᠵᠢᠨ ᠳᠤ 《ᠴᠢᠩᠭᠢᠰ ᠬᠠᠭᠠᠨ》 ᠴᠤᠯᠠ ᠣᠯᠭᠤᠭᠰᠠᠨ ᠭᠡᠳᠡᠭ᠌᠃

(19) ᠰᠢᠪᠠᠭᠤ ᠳᠤᠩᠭ᠋ᠤᠳᠤᠨ᠎ᠠ ᠊᠊᠊᠊᠊᠊᠊᠊᠊᠊᠊᠊᠊᠊᠊ ᠵᠠᠷᠢᠮ ᠪᠢᠴᠢᠭ᠌ ᠲᠤ ᠳᠠᠮᠤᠵᠢᠨ ᠢ ᠬᠠᠭᠠᠨ ᠰᠠᠭᠤᠬᠤ ᠳᠤ ᠳᠠᠪᠤᠨ ᠥᠩᠭᠡ ᠶᠢᠨ ᠦᠯᠵᠡᠢ᠌ᠳᠤ ᠰᠢᠪᠠᠭᠤ 《ᠴᠢᠩᠭᠢᠰ᠂ ᠴᠢᠩᠭᠢᠰ》 ᠭᠡᠵᠤ ᠳᠤᠩᠭ᠋ᠤᠳᠤᠭᠰᠠᠨ ᠡᠴᠡ 《ᠴᠢᠩᠭᠢᠰ ᠬᠠᠭᠠᠨ ᠴᠤᠯᠠ》 ᠠᠪᠣᠭᠰᠠᠨ ᠭᠡᠳᠡᠭ᠌᠃

(20) ᠨᠢᠷᠤᠭᠤᠳ ᠮᠤᠩᠭ᠋ᠤᠯ ᠊᠊᠊᠊᠊᠊᠊᠊᠊᠊᠊᠊᠊᠊᠊ ᠠᠯᠤᠨ ᠭᠤᠸ᠎ᠠ ᠡᠭᠡ ᠶᠢᠨ ᠳᠡᠭ᠍ᠷᠢ ᠶᠢᠨ ᠭᠡᠷᠡᠯ ᠶᠢᠡᠷ ᠵᠢᠷᠮᠤᠰᠤᠯᠠᠨ ᠳᠦᠷᠦᠭ᠍ᠰᠡᠨ ᠪᠣᠬ᠎ᠠ ᠬᠠᠳᠠᠭᠢ᠂ ᠪᠣᠭᠳᠤ ᠰᠠᠯᠵᠢ᠂ ᠪᠣᠳᠠᠠᠴᠢᠷ ᠭᠤᠷᠪᠠ ᠡᠴᠡ ᠡᠭᠦᠰᠦᠭ᠍ᠰᠡᠨ ᠮᠤᠩᠭ᠋ᠤᠯ ᠠᠢ᠌ᠮᠠᠭ ᠢ ᠨᠢᠷᠤᠭᠤᠳ ᠮᠤᠩᠭ᠋ᠤᠯ ᠭᠡᠳᠡᠭ᠌᠃

(21) ᠲ᠋ᠤᠲ᠋ᠸᠮ ᠊᠊᠊᠊᠊᠊᠊᠊᠊᠊᠊᠊᠊᠊᠊ ᠪᠠᠯᠭᠡ ᠳᠡᠮᠳᠡᠭ᠌ ᠪᠣᠯᠭᠠᠨ ᠰᠢᠳᠦᠭ᠍ᠰᠡᠨ ᠰᠢᠳᠦᠭᠡᠨ᠃

(22) ᠲ᠋ᠡᠯᠡᠭᠡᠨ ᠱᠠᠭ᠎ᠠ ᠊᠊᠊᠊᠊᠊᠊᠊᠊᠊᠊᠊᠊᠊᠊ ᠳᠡᠯᠡᠭᠡ ᠬᠤᠨᠢᠨ ᠱᠠᠭ᠎ᠠ᠃

(23) ᠵᠠᠷᠴᠢ ᠡᠪᠦᠭᠡᠨ ᠁ ᠮᠡᠡᠴᠦᠢ ᠁ ᠊᠊᠊᠊᠊᠊᠊᠊᠊᠊᠊᠊᠊᠊᠊ ᠳᠠᠮᠤᠵᠢᠨ ᠢ ᠠᠩᠬ᠎ᠠ ᠮᠡᠡᠳᠦᠯᠡᠭᠦ ᠳᠤ ᠵᠠᠷᠴᠢᠭᠤᠳ ᠠᠢ᠌ᠮᠠᠭ ᠤᠨ ᠣᠷᠢᠶᠠᠩᠬᠠᠢ ᠣᠪᠣᠭᠳᠠᠨ ᠵᠠᠷᠴᠢᠭᠤᠳᠠᠢ ᠡᠪᠦᠭᠡᠨ᠂ ᠶ‍ᠢᠰᠦᠭᠡᠢ ᠪᠠᠭᠠᠳᠤᠷ ᠤᠨ ᠭᠡᠷ ᠲᠤ ᠭᠦᠷᠴᠤ ᠭᠦᠤ ᠲᠡᠶ ᠪᠣᠯᠤᠭᠰᠠᠨ ᠳ᠋ᠤᠨᠢ ᠪᠠᠶᠠᠷ ᠭᠦᠷᠭᠡᠭ᠍ᠰᠡᠨ ᠤ ᠬᠠᠮᠳᠤ ᠪᠣᠯᠠᠭ᠎ᠠ ᠶᠢᠨ ᠠᠷᠠᠰᠤᠨ ᠮᠠᠠᠴᠤᠢ ᠪᠠᠯᠡᠭᠯᠡᠵᠤ᠂ 《ᠮᠢᠨᠤ ᠭᠦᠤ ᠵᠠᠯᠮ᠎ᠠ ᠦᠰᠴᠦ ᠥᠭᠡᠯᠡᠢ ᠦᠨᠳᠦᠷ ᠪᠣᠯᠤᠭᠰᠠᠨ ᠤ ᠳᠠᠷᠠᠭ᠎ᠠ ᠴᠢᠨᠤ ᠭᠦᠤ ᠳᠤ ᠴᠢᠨᠢ ᠭᠦᠴᠤᠨ ᠶᠢᠡᠨ ᠡᠷᠭᠦᠭ᠌》 ᠭᠡᠵᠤ ᠭᠡᠯᠡᠭ᠍ᠰᠡᠨ ᠪᠠᠢ᠌ᠵᠠᠢ᠃

(24) ᠦᠰᠢᠯ ᠭᠢᠰᠠᠯ ᠊᠊᠊᠊᠊᠊᠊᠊᠊᠊᠊᠊᠊᠊᠊ ᠦᠰᠢᠶ᠎ᠠ ᠬᠤᠷᠤᠰᠤᠯ

(25) ᠣᠭᠢᠳᠠᠯ᠎ᠠ ᠪᠣᠭᠳᠠᠯᠠᠵᠤ᠂ ᠣᠵᠢᠳᠠᠯ᠎ᠠ ᠪᠦᠰᠡᠯᠡᠭᠦ ᠊᠊᠊᠊᠊᠊᠊᠊᠊᠊᠊᠊᠊᠊᠊ ᠣᠭᠢᠳᠠᠯ᠎ᠠ ᠪᠣᠭᠳᠠᠯᠠᠬᠤ ᠭᠡᠪᠠᠯ ᠰᠠᠮᠨᠠᠵᠤ ᠭᠦᠷᠦᠭᠦ ᠭᠡᠰᠡᠨ ᠣᠤᠠᠬ᠎ᠠ ᠲᠡᠶ᠃ ᠣᠵᠢᠳᠠᠯ᠎ᠠ ᠭᠡᠮᠡᠭᠦ ᠢᠨᠤ ᠣᠬᠤᠷ ᠭᠡᠰᠡᠨ ᠣᠤᠠᠬ᠎ᠠ ᠲᠡᠶ᠃ ᠣᠵᠢᠳᠠᠯ᠎ᠠ ᠪᠦᠰᠡᠯᠡᠭᠦ ᠭᠡᠪᠠᠯ ᠳᠠᠪᠠᠯ ᠶᠢᠡᠨ ᠣᠵᠢᠳᠠᠯ᠎ᠠ ᠡᠮᠦᠰᠴᠤ᠂ ᠪᠦᠰᠡ ᠪᠠᠨ ᠪᠦᠰᠡᠯᠡᠭᠦ ᠶᠢ ᠵᠢᠭᠠᠪᠠ᠃

(26) ᠦᠨᠦᠴᠢᠨ ᠵᠢᠷᠭᠤᠭᠠᠨ ᠴᠤᠷᠪᠠᠭ᠎ᠠ ᠊᠊᠊᠊᠊᠊᠊᠊᠊᠊᠊᠊᠊᠊᠊ ᠡ᠊ᠨᠳᠡ ᠳᠠᠮᠤᠵᠢᠨ᠂ ᠬᠠᠰᠠᠷ᠂ ᠬᠠᠴᠢᠭᠤᠨ᠂ ᠣᠤᠠᠴᠢᠭᠢᠨ᠂ ᠳᠠᠮᠤᠯᠤᠨ ᠭᠤᠸ᠎ᠠ ᠪᠠ ᠪᠦᠭᠡ ᠪᠠᠯᠭᠦᠳᠡᠢ ᠶᠢ ᠵᠢᠭᠠᠪᠠ᠃

(27) ᠨᠠᠮᠪᠣᠭ᠎ᠠ ᠰᠠᠭᠤᠯᠠᠭ᠎ᠠ ᠊᠊᠊᠊᠊᠊᠊᠊᠊᠊᠊᠊᠊᠊᠊ ᠨᠢ᠋ᠮᠠᠨ ᠰᠢᠷᠭ᠎ᠠ ᠶᠢᠨ ᠡᠷᠢᠯ ᠳᠤ ᠬᠠᠮᠵᠢᠵᠤ ᠪᠣᠭᠤᠷᠴᠢ ᠭᠡᠭᠦᠤ ᠰᠠᠭᠠᠬᠤ ᠠᠷᠠᠰᠤᠨ ᠰᠠᠭᠤᠯᠠᠭ᠎ᠠ (ᠨᠠᠮᠪᠣᠭ᠎ᠠ ᠰᠠᠭᠤᠯᠠᠭ᠎ᠠ) ᠪᠠᠨ ᠭᠡᠭᠡᠷ᠎ᠡ ᠣᠷᠭᠢᠵᠤ ᠶᠠᠪᠣᠭᠰᠠᠨ᠃

(28) ᠢᠰᠡᠭᠡᠢ ᠨᠥᠮᠦᠷᠭᠡ ᠊᠊᠊᠊᠊᠊᠊᠊᠊᠊᠊᠊᠊᠊᠊ ᠳᠠᠯᠠᠨ ᠨᠥᠮᠦᠷᠭᠡᠰ ᠤᠨ ᠳᠠᠢ᠌ᠨ ᠤ ᠳᠤᠮᠳᠠᠭᠢ ᠶᠡᠭᠡ ᠴᠠᠰᠤᠨ ᠳᠤ ᠮᠤᠬᠤᠯᠠᠢ᠂ ᠪᠣᠭᠤᠷᠴᠢ ᠬᠤᠶᠠᠷ ᠬᠠᠭᠠᠨ ᠤ ᠪᠠᠨ ᠳᠡᠭᠡᠷ᠎ᠡ ᠢᠰᠡᠭᠡᠢ ᠨᠥᠮᠦᠷᠭᠡ ᠪᠠᠷᠢᠵᠤ ᠴᠠᠰᠤ ᠬᠠᠯᠬᠠᠯᠠᠵᠤ ᠵᠤᠭᠰᠤᠬᠤ ᠳᠠᠭᠠᠨ ᠰᠦᠨᠢᠵᠢᠨ ᠭᠦᠯ ᠶᠢᠡᠨ ᠥᠴᠦᠭᠡᠨ ᠴᠤ ᠭᠦᠳᠡᠯᠭᠡᠭ᠍ᠰᠡᠨ ᠦᠭᠡᠶ ᠭᠡᠳᠡᠭ᠌᠃

(29) ᠣᠷᠳᠤ ᠴᠠᠭᠤ ᠴᠠᠭᠤᠷᠤᠨ᠂ ᠬᠠᠷᠠᠭᠠᠨ᠎ᠠ ᠶᠤᠷᠴᠢᠯ ᠶᠤᠷᠴᠢᠳᠠᠭ ᠊᠊᠊᠊᠊᠊᠊᠊᠊᠊᠊᠊᠊᠊᠊ ᠣᠷᠳᠤ ᠴᠠᠭᠤ ᠴᠠᠭᠤᠷᠤᠨ ᠭᠡᠳᠡᠭ᠌ ᠨᠢ ᠬᠤᠯᠠ ᠶᠢᠨ ᠠᠶᠠᠨ ᠳᠠᠢ᠌ᠨ ᠳᠠᠢ᠌ᠯᠠᠵᠤ᠂ ᠬᠠᠷᠠᠭᠠᠨ᠎ᠠ ᠶᠤᠷᠴᠢᠯ ᠶᠤᠷᠴᠢᠳᠠᠭ ᠭᠡᠪᠠᠯ ᠬᠠᠷᠠᠭᠠᠨ᠎ᠠ ᠶᠢᠨ ᠪᠣᠳᠠ ᠮᠠᠳᠤ ᠠᠩᠭᠢ ᠠᠩᠭᠢ ᠪᠠᠷ ᠬᠠᠷᠢᠴᠠᠭ᠎ᠠ ᠠᠪᠣᠯᠴᠠᠨ ᠣᠷᠤᠭᠰᠢᠯᠠᠳᠠᠭ ᠭᠡᠰᠡᠨ ᠣᠤᠠᠬ᠎ᠠ ᠲᠡᠶ᠃ ᠡᠨᠡ ᠬᠤᠶᠠᠷ ᠥᠭᠡ ᠪᠣᠯ ᠴᠢᠩᠭᠢᠰ ᠬᠠᠭᠠᠨ ᠤ ᠴᠡᠷᠢᠭ᠌ ᠤᠨ ᠡᠷᠳᠡᠮ ᠤᠨ ᠰᠤᠳᠤᠨ ᠣᠭᠢ ᠶᠢ ᠬᠤᠷᠢᠶᠠᠩᠭ᠋ᠣᠢ᠌ᠯᠠᠵᠤ ᠶᠠᠷᠢᠭᠰᠠᠨ ᠥᠭᠡ ᠮᠦᠨ᠃

(30) ᠣᠷᠤᠭᠤᠳ ᠮᠠᠩᠭ᠋ᠤᠳ ᠊᠊᠊᠊᠊᠊᠊᠊᠊᠊᠊᠊᠊᠊᠊ ᠡᠷᠡᠯᠭᠡᠭ᠌ ᠪᠠᠭᠠᠳᠤᠷᠯᠢᠭ ᠶᠢᠡᠷ ᠶᠢᠡᠨ ᠠᠯᠳᠠᠷᠰᠢᠭᠰᠠᠨ ᠡᠷᠳᠡᠨ ᠤ ᠬᠤᠶᠠᠷ ᠮᠤᠩᠭ᠋ᠤᠯ ᠠᠢ᠌ᠮᠠᠭ᠃

(31) ᠠᠷᠪᠠᠨ ᠲᠦᠮᠡᠨ ᠮᠤᠩᠭ᠋ᠤᠯ ᠴᠡᠷᠢᠭ᠌ ᠊᠊᠊᠊᠊᠊᠊᠊᠊᠊᠊᠊᠊᠊᠊ ᠶᠠᠷᠠᠨ ᠳᠠᠪᠤᠨ ᠮᠢᠩᠭ᠋ᠠᠳᠤ ᠶᠢᠨ ᠳᠡᠭᠡᠷ᠎ᠡ ᠬᠠᠭᠠᠨ ᠤ ᠰᠢᠳᠠᠷ ᠬᠠᠮᠠᠭᠠᠯᠠᠬᠤ ᠴᠡᠷᠢᠭ᠌  ᠢ ᠨᠠᠮᠠᠪᠠᠯ ᠮᠤᠩᠭ᠋ᠤᠯ ᠴᠡᠷᠢᠭ᠌ ᠤᠨ ᠪᠦᠭᠦ ᠳᠤᠭ᠎ᠠ ᠠᠷᠪᠠᠨ ᠲᠦᠮᠡ ᠡᠴᠡ ᠪᠠᠬᠠᠨ ᠢᠯᠡᠭᠦᠤ ᠪᠠᠢ᠌ᠳᠠᠭ᠃

(32) ᠴᠢᠯᠠᠭᠤᠨ᠂ ᠵᠠᠪᠠ ᠊᠊᠊᠊᠊᠊᠊᠊᠊᠊᠊᠊᠊᠊᠊ ᠬᠤᠶᠠᠭᠤᠯᠠ ᠴᠦᠮ ᠴᠢᠩᠭᠢᠰ ᠬᠠᠭᠠᠨ ᠲᠡᠶ ᠦᠰᠢᠶ᠎ᠠ ᠲᠡᠶ ᠪᠠᠢ᠌ᠭᠰᠠᠨ ᠳᠠᠢ᠌ᠴᠢᠭᠤᠳ ᠠᠢ᠌ᠮᠠᠭ ᠤᠨ ᠳᠦᠳᠡᠭᠡ ᠭᠡᠮᠡᠭ᠍ᠴᠢ ᠶᠢᠨ ᠭᠡᠷ ᠤᠨ ᠪᠣᠭᠤᠯ ᠪᠠᠢ᠌ᠪᠠ᠃ ᠴᠢᠩᠭᠢᠰ ᠬᠠᠭᠠᠨ ᠢ ᠪᠢᠰᠢᠷᠠᠨ ᠳᠠᠭᠠᠵᠤ ᠥᠷᠯᠦᠭ᠌ ᠭᠠᠪᠢᠶ᠎ᠠ ᠪᠠᠢ᠌ᠭᠤᠯᠪᠠ᠃

(33) ᠰᠥᠪᠠᠭᠡᠳᠡᠢ᠂ ᠦᠶᠡᠷ ᠊᠊᠊᠊᠊᠊᠊᠊᠊᠊᠊᠊᠊᠊᠊ ᠴᠢᠩᠭᠢᠰ ᠤᠨ ᠪᠠᠭᠠᠳᠤᠷ ᠤᠳ᠃ ᠰᠥᠪᠠᠭᠡᠳᠡᠢ ᠪᠣᠯ ᠣᠷᠢᠶᠠᠩᠬᠠᠢ ᠣᠪᠣᠭᠳᠠᠨ᠂ ᠦᠷᠦᠨᠠᠰᠢ ᠳᠠᠢ᠌ᠯᠠᠬᠤ ᠶᠡᠭᠡ ᠳᠠᠢ᠌ᠨ ᠢ ᠵᠢᠯᠤᠭᠤᠳᠤᠭᠰᠠᠨ ᠬᠠᠳᠠᠨ ᠪᠠᠭᠠᠳᠤᠷ᠂ ᠳᠠᠯᠠ ᠭᠠᠷᠳᠠᠯ᠎ᠠ ᠰᠢᠷᠦᠭᠦᠨ ᠳᠠᠢ᠌ᠨ ᠳᠤ ᠭᠠᠪᠰᠢᠭᠠᠢ᠌ᠯᠠᠵᠤ ᠪᠠᠢ᠌ᠵᠠᠢ᠃ ᠦᠶᠡᠷ ᠪᠣᠯ ᠴᠠᠩᠰᠢᠭᠤᠳ ᠣᠪᠣᠭᠳᠠᠨ᠂ ᠨᠠᠶᠠ ᠶ‍ᠢᠰᠤᠨ ᠨᠠᠰᠤᠳᠠᠢ ᠳᠠᠭᠠᠨ ᠭᠤᠷᠪᠠᠳᠤᠭᠠᠷ ᠣᠳᠠᠭ᠎ᠠ ᠰᠤᠯᠤᠩᠭ᠋ᠤᠰ ᠢ ᠳᠦᠪᠰᠢᠦᠡᠭᠡᠭᠦ ᠴᠡᠷᠢᠭ᠌ ᠢ ᠳᠠᠢ᠌ᠴᠢᠯᠠᠵᠤ ᠢᠯᠠᠯᠳᠠ ᠣᠯᠵᠤ ᠪᠣᠴᠠᠭᠰᠠᠨ᠃

(34) ᠪᠣᠢ᠌ᠳᠤᠭ ᠊᠊᠊᠊᠊᠊᠊᠊᠊᠊᠊᠊᠊᠊᠊ ᠵᠥᠭᠡᠯᠡᠨ ᠣᠯᠠ ᠲᠡᠶ ᠠᠷᠠᠰᠤᠨ ᠭᠤᠳᠤᠯ᠃

(35) ᠡᠷᠭᠦᠮᠡᠯ ᠭᠡᠦᠭᠡᠤᠨ ᠊᠊᠊᠊᠊᠊᠊᠊᠊᠊᠊᠊᠊᠊᠊ ᠳᠠᠢ᠌ᠨ ᠤ ᠳᠤᠮᠳᠠᠭᠢ ᠦᠨᠦᠴᠢᠨ ᠭᠡᠦᠭᠡᠤᠨ ᠢ ᠥᠭᠡᠯᠤᠨ ᠡᠭᠡ ᠡᠨᠡᠷᠢᠨ ᠣᠯᠠᠨ ᠠᠰᠠᠷᠠᠵᠤ ᠳᠡᠵᠢᠭᠡᠭ᠍ᠰᠡᠨ ᠪᠦᠭᠡᠤᠨ ᠳᠠᠳᠠᠨ ᠤ ᠳᠤᠮᠳᠠ ᠡᠴᠡ ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠭᠡᠮᠡᠭ᠍ᠳᠡᠭ᠍ᠰᠡᠨ ᠵᠦᠷᠭᠢᠨ ᠤ ᠪᠣᠷᠤᠬᠤᠯ᠂ ᠶᠡᠭᠡ ᠵᠠᠷᠭᠤᠴᠢ ᠪᠣᠯᠤᠭᠰᠠᠨ ᠳᠠᠲ᠋ᠠᠷ ᠤᠨ ᠰᠢᠭᠢᠬᠤᠳᠤᠭ ᠵᠢᠴᠢ ᠮᠢᠩᠭ᠋ᠠᠨ ᠤ ᠨᠤᠶᠠᠨ ᠪᠣᠯᠤᠭᠰᠠᠨ ᠭᠦᠴᠤ᠂ ᠭᠦᠭᠡᠴᠤ ᠨᠡᠷ ᠳᠠᠮᠤᠵᠢᠨ ᠳᠤ ᠳᠤᠰᠠᠯᠠᠵᠤ ᠶᠡᠭᠡ ᠣᠢ᠌ᠯᠠ ᠶᠢ ᠪᠦᠳᠦᠭᠡᠭ᠍ᠰᠡᠨ ᠪᠠᠢ᠌ᠳᠠᠭ᠃

(36) ᠭᠦᠷᠳᠡᠭ᠍ᠳᠤᠨ ᠊᠊᠊᠊᠊᠊᠊᠊᠊᠊᠊᠊᠊᠊᠊ ᠪᠦᠭᠡ ᠮᠥᠷᠭᠦᠯ ᠤᠨ ᠶᠤᠰᠤᠨ ᠳᠤ ᠪᠦᠭᠡᠯᠡᠭᠦ ᠦᠨᠳᠦᠰᠦᠨ ᠶᠠᠪᠣᠴᠠ ᠶᠢ 《ᠳᠠᠭᠤᠳᠠᠬᠤ᠂ ᠭᠦᠷᠳᠡᠭᠦ᠂ ᠣᠷᠤᠰᠢᠬᠤ᠂ ᠠᠢ᠌ᠯᠠᠤᠠᠬᠤ (ᠵᠠᠰᠠᠯᠭ᠎ᠠ ᠭᠢᠭᠦ) ᠪᠠ ᠭᠦᠷᠭᠡᠭᠦ》 ᠭᠡᠵᠤ ᠳᠠᠪᠤᠨ ᠠᠯᠬᠤᠮ ᠬᠤᠪᠢᠶᠠᠳᠠᠭ᠃

(37) ᠳᠤᠯᠤᠢ ᠬᠠᠭᠠᠨ ᠊᠊᠊᠊᠊᠊᠊᠊᠊᠊᠊᠊᠊᠊᠊ ᠴᠢᠩᠭᠢᠰ ᠬᠠᠭᠠᠨ ᠤ ᠡᠰᠢ ᠬᠠᠳᠤᠨ ᠪᠦᠷᠳᠡ ᠦᠵᠢᠨ ᠡᠴᠡ ᠳᠦᠷᠦᠭ᠍ᠰᠡᠨ ᠳᠦᠷᠪᠠᠳᠦᠭᠡᠷ ᠭᠦᠤ᠃ ᠴᠢᠩᠭᠢᠰ ᠬᠠᠭᠠᠨ ᠨᠠᠰᠤ ᠪᠠᠷᠠᠭᠰᠠᠨ ᠤ ᠳᠠᠷᠠᠭ᠎ᠠ ᠨᠢᠭᠡ ᠵᠢᠯ ᠵᠠᠰᠠᠭ ᠪᠠᠷᠢᠪᠠ᠃ ᠬᠤᠵᠢᠮ ᠨᠢ ᠿᠣᠢ᠌ᠽᠦ᠋ᠩ ᠬᠠᠭᠠᠨ ᠭᠡᠵᠤ ᠨᠡᠭᠡᠮᠵᠢᠯᠡᠨ ᠡᠷᠭᠦᠮᠵᠢᠯᠡᠭ᠍ᠳᠡᠪᠡ᠃ ᠳᠡᠭᠦᠨ ᠤ ᠨᠠᠰᠤ ᠪᠠᠷᠠᠭᠰᠠᠨ ᠳᠤᠬᠠᠢ ᠳᠤᠯᠭᠤᠷ ᠪᠢᠴᠢᠭ᠌ ᠲᠤ ᠳᠡᠮᠳᠡᠭᠯᠡᠭ᠍ᠰᠡᠨ ᠨᠢ᠄ ᠠᠯᠳᠠᠨ ᠣᠯᠤᠰ ᠢ ᠳᠠᠢ᠌ᠯᠠᠵᠤ ᠪᠠᠢ᠌ᠭᠠᠤᠨ ᠥᠭᠡᠳᠡᠢ ᠬᠠᠭᠠᠨ ᠭᠦᠡᠳᠤ ᠡᠪᠠᠦᠡᠴᠢᠯᠡᠵᠤ ᠥᠭᠡ ᠭᠡᠯᠡᠵᠤ ᠴᠢᠳᠠᠬᠤ ᠦᠭᠡᠶ ᠪᠣᠯᠪᠠ᠃ ᠪᠦᠭᠡ ᠳᠦᠯᠭᠡᠴᠢᠨ ᠶᠢᠡᠷ ᠥᠵᠡᠭᠦᠯᠦᠭ᠍ᠰᠡᠨ ᠳᠤ 《ᠠᠯᠳᠠᠨ ᠣᠯᠤᠰ ᠤᠨ ᠭᠠᠵᠠᠷ ᠨᠤᠳᠤᠭ ᠤᠨ ᠡᠵᠡᠳ ᠰᠠᠭᠢᠭᠤᠯᠰᠤᠨ ᠭᠦᠮᠤᠨ ᠭᠦᠷᠦᠩᠭᠡ ᠪᠠᠨ ᠰᠥᠢᠦᠡᠭᠡᠯᠭᠡᠵᠤ᠂ ᠬᠤᠳᠠ ᠪᠠᠯᠭᠠᠰᠤ ᠪᠠᠨ ᠡᠪᠳᠡᠯᠡᠭᠦᠯᠦᠭ᠍ᠰᠡᠨ ᠳᠡᠭᠡᠨ ᠬᠤᠷᠤᠰᠴᠤ ᠬᠠᠭᠠᠨ ᠳᠤ ᠬᠤᠤᠷ ᠭᠦᠷᠭᠡᠵᠤ ᠪᠣᠢ᠂ ᠣᠢ᠌ᠷ᠎ᠠ ᠲᠦᠷᠦᠯ ᠤᠨ ᠭᠦᠮᠤᠨ ᠶᠢᠡᠷ ᠵᠤᠯᠢᠶ᠎ᠠ ᠪᠣᠯᠭᠠᠵᠤ ᠠᠮᠢᠨ ᠵᠤᠯᠢᠭ ᠭᠠᠷᠭᠠᠪᠠᠯ ᠡᠳᠡᠭᠡᠷᠡᠨ᠎ᠡ》 ᠭᠡᠪᠡ᠃ ᠡᠭᠦᠨ ᠳᠤ ᠳᠤᠯᠤᠢ ᠵᠤᠯᠢᠶ᠎ᠠ ᠪᠣᠯᠤᠶ᠎ᠠ ᠭᠡᠰᠡᠨ ᠳᠤ ᠥᠭᠡᠳᠡᠢ ᠬᠠᠭᠠᠨ ᠳᠠᠳᠠᠭᠠᠯᠵᠠᠪᠠ᠃ ᠳᠤᠯᠤᠢ 《ᠰᠤᠳᠤ ᠬᠠᠭᠠᠨ ᠡᠴᠢᠭᠡ ᠮᠢᠨᠢ ᠨᠠᠮᠢ᠋ᠢ ᠬᠠᠭᠠᠨ ᠠᠬ᠎ᠠ ᠶᠢᠨ ᠳᠡᠷᠭᠡᠳᠡ ᠪᠠᠢ᠌ᠵᠤ᠂ ᠮᠠᠷᠳᠠᠭᠰᠠᠨ ᠢ ᠨᠢ ᠰᠠᠨᠠᠭᠤᠯᠵᠤ᠂ ᠣᠠᠳᠠᠭᠰᠠᠨ ᠢ ᠨᠢ ᠰᠡᠷᠡᠭᠦᠯᠵᠤ ᠶᠠᠪᠣ ᠭᠡᠰᠡᠨ᠂ ᠴᠢᠮᠢ᠋ᠢ ᠠᠯᠳᠠᠪᠠᠯ ᠪᠢ ᠭᠡᠨ ᠤ ᠮᠠᠷᠳᠠᠭᠰᠠᠨ ᠢ ᠰᠠᠨᠠᠭᠤᠯᠵᠤ᠂ ᠭᠡᠨ ᠤ ᠣᠠᠳᠠᠭᠰᠠᠨ ᠢ ᠰᠡᠷᠡᠭᠦᠯᠭᠦ ᠪᠣᠢ︖ ᠬᠠᠭᠠᠨ ᠠᠬ᠎ᠠ ᠳᠠ ᠮᠠᠭᠤᠵᠢᠷᠠᠪᠠᠰᠤ ᠣᠯᠤᠰ ᠮᠤᠩᠭ᠋ᠤᠯ ᠦᠨᠦᠴᠢᠷᠠᠵᠤ᠂ ᠣᠠᠳᠤᠤ ᠡᠯᠢᠭᠡᠳᠡᠨ ᠪᠠᠶᠠᠰᠤᠨ᠎ᠠ᠃ ᠪᠢ ᠵᠤᠯᠢᠶ᠎ᠠ ᠪᠣᠯᠤᠶ᠎ᠠ᠂ ᠪᠦᠭᠡ ᠨᠡᠷ ᠪᠦᠭᠡᠯᠡᠭ᠍ᠳᠤᠨ︕》 ᠭᠡᠪᠡ᠃ ᠪᠦᠭᠡ ᠨᠡᠷ ᠠᠳᠢᠰᠯᠠᠭᠰᠠᠨ ᠣᠰᠤ ᠶᠢ ᠥᠭ᠍ᠴᠤ ᠣᠤᠭᠤᠯᠭᠠᠭᠰᠠᠨ ᠳᠤ ᠳᠤᠯᠤᠢ᠄ 《ᠪᠢ ᠰᠤᠭᠳᠤᠪᠠ᠂ ᠦᠨᠦᠴᠢᠨ ᠭᠡᠦᠭᠡᠤᠨ᠂ ᠪᠠᠯᠪᠠᠰᠤᠨ ᠪᠠᠷᠢᠶᠠᠤᠨ ᠢ ᠠᠰᠠᠷᠠᠬᠤ ᠶᠢ ᠬᠠᠭᠠᠨ ᠠᠬ᠎ᠠ ᠮᠡᠳᠡᠳᠦᠭᠡᠢ︕》 ᠭᠡᠤᠨ ᠮᠠᠭᠤᠵᠢᠷᠠᠨ ᠣᠨᠠᠵᠤ ᠨᠠᠰᠤ ᠪᠠᠷᠠᠪᠠ᠃

(38) ᠠᠷᠪᠠᠨ ᠳᠤᠯᠤᠭᠠᠨ ᠳᠠᠩᠭ᠋ᠠᠷᠢᠭ ᠥᠭᠡ ᠊᠊᠊᠊᠊᠊᠊᠊᠊᠊᠊᠊᠊᠊᠊ 1203 ᠣᠨ ᠳᠤ ᠳᠠᠮᠤᠵᠢᠨ ᠭᠡᠷᠡᠢ᠌ᠤᠨ ᠤᠨ ᠸᠠᠩ ᠬᠠᠨ ᠲᠡᠶ ᠪᠠᠢ᠌ᠯᠳᠤᠭᠠᠤᠨ ᠶᠡᠭᠡᠳᠡ ᠳᠡᠢ᠌ᠯᠦᠭ᠍ᠳᠡᠵᠤ᠂ ᠪᠠᠯᠵᠤᠨ ᠭᠤᠤᠯ ᠤᠨ ᠭᠦᠪᠠᠭᠡᠨ ᠳᠤ ᠭᠦᠷᠭᠦ ᠳᠤ ᠠᠷᠪᠠᠨ ᠳᠤᠯᠤᠭᠠᠬᠠᠨ ᠨᠥᠭᠦᠷ ᠥᠯᠡᠳᠡᠭ᠍ᠰᠡᠨ ᠪᠠᠢ᠌ᠳᠠᠭ᠃ ᠳᠠᠳᠠ ᠭᠤᠤᠯ ᠤᠨ ᠣᠰᠤ ᠡᠴᠡ ᠣᠤᠭᠤᠵᠤ ᠣᠯᠤᠰ ᠶᠢᠡᠨ ᠪᠠᠢ᠌ᠭᠤᠯᠤᠨ᠎ᠠ ᠭᠡᠵᠤ ᠳᠠᠩᠭ᠋ᠠᠷᠢᠭᠯᠠᠵᠠᠢ᠃

(39) ᠪᠠᠷᠰ ᠵᠢᠯ ᠁ ᠶᠠᠷᠠᠨ ᠳᠠᠪᠤᠨ ᠮᠢᠩᠭ᠋ᠠᠳᠤ ᠊᠊᠊᠊᠊᠊᠊᠊᠊᠊᠊᠊᠊᠊᠊ 1206 ᠣᠨ ᠳᠤ (ᠣᠯᠠᠭᠠᠨ ᠪᠠᠷᠰ ᠵᠢᠯ) ᠳᠠᠮᠤᠵᠢᠨ ᠪᠦᠭᠦ ᠮᠤᠩᠭ᠋ᠤᠯ ᠤᠨ ᠬᠠᠭᠠᠨ ᠪᠣᠯᠵᠤ᠂ ᠡᠵᠡᠮᠰᠢᠯ ᠨᠤᠳᠤᠭ ᠶᠢᠡᠨ ᠳᠦᠷᠪᠡᠨ ᠲᠦᠮᠡᠳᠤ᠂ ᠶᠠᠷᠠᠨ ᠳᠠᠪᠤᠨ ᠮᠢᠩᠭ᠋ᠠᠳᠤ ᠪᠣᠯᠭᠠᠨ ᠬᠤᠪᠢᠶᠠᠵᠤ ᠭᠠᠪᠢᠶᠠᠳᠤ ᠰᠠᠢ᠌ᠳ ᠨᠡᠷ ᠲᠠᠭᠠᠨ ᠰᠤᠶᠤᠷᠬᠠᠭᠰᠠᠨ ᠪᠠᠢ᠌ᠳᠠᠭ᠃ ᠲᠦᠮᠡᠳᠤ ᠮᠢᠩᠭ᠋ᠠᠳᠤ ᠪᠣᠯ ᠴᠡᠷᠢᠭ᠌ ᠵᠠᠰᠠᠭ ᠢ ᠬᠤᠤᠰᠯᠠᠭᠤᠯᠤᠭᠰᠠᠨ ᠪᠠᠢ᠌ᠭᠤᠯᠤᠮᠵᠢ᠃ ᠳᠡᠭᠡᠷ᠎ᠡ ᠨᠢ ᠲᠦᠮᠡᠨ ᠤ ᠨᠤᠶᠠᠨ᠂ ᠮᠢᠩᠭ᠋ᠠᠨ ᠤ ᠨᠤᠶᠠᠨ ᠭᠡᠵᠤ ᠪᠠᠢ᠌ᠳᠠᠭ᠃

(40) ᠲᠦᠮᠡᠨ ᠭᠠᠵᠠᠷ ᠁ ᠠᠮᠠᠨ ᠵᠠᠷᠯᠢᠭ ᠊᠊᠊᠊᠊᠊᠊᠊᠊᠊᠊᠊᠊᠊᠊ ᠶᠠᠮᠠᠷ ᠶᠡᠭᠡ ᠭᠠᠪᠢᠶᠠᠳᠠᠨ᠂ ᠶᠠᠮᠠᠷ ᠶᠡᠭᠡ ᠰᠦᠷ ᠭᠦᠴᠤ ᠲᠡᠶ ᠪᠠᠢ᠌ᠵᠤ᠂ ᠭᠡᠳᠦᠢ ᠠᠯᠤᠰ ᠪᠠᠢ᠌ᠭᠰᠠᠨ ᠴᠤ ᠶᠠᠯ᠎ᠠ ᠭᠢᠪᠠᠯ ᠴᠢᠩᠭᠢᠰ ᠬᠠᠭᠠᠨ ᠭᠠᠭᠴᠠ ᠴᠡᠷᠢᠭ᠌ ᠲᠤ ᠠᠮᠠᠨ ᠵᠠᠷᠯᠢᠭ ᠪᠠᠭᠤᠯᠭᠠᠵᠤ ᠣᠴᠢᠭᠤᠯᠪᠠᠯ ᠳᠠᠷᠤᠢ ᠰᠢᠦᠡᠭᠡᠵᠤ ᠢᠷᠡᠭᠦ ᠰᠦᠷ ᠭᠦᠴᠤᠨ ᠲᠡᠶ ᠪᠠᠢ᠌ᠭᠰᠠᠨ ᠭᠡᠳᠡᠭ᠌᠃

(41) ᠳᠤᠯᠤᠭᠠᠨ ᠵᠢᠯ ᠡᠵᠡᠭᠦᠢ ᠁ ᠬᠠᠭᠠᠡᠳᠤ ᠣᠯᠤᠰ ᠊᠊᠊᠊᠊᠊᠊᠊᠊᠊᠊᠊᠊᠊᠊ 1219 ᠣᠨ ᠳᠤ ᠴᠢᠩᠭᠢᠰ ᠬᠠᠭᠠᠨ ᠬᠠᠭᠠᠠᠳᠤ ᠣᠯᠤᠰ ᠶᠢᠡᠨ ᠣᠤᠠᠴᠢᠭᠢᠨ ᠳᠡᠭᠦᠤ ᠳᠡᠭᠡᠨ ᠳᠤᠰᠢᠶᠠᠵᠤ᠂ ᠬᠤᠷᠢᠨ ᠲᠦᠮᠡᠨ ᠴᠡᠷᠢᠭ᠌ ᠳᠠᠢ᠌ᠴᠢᠯᠠᠵᠤ ᠰᠠᠷᠳᠠᠭᠤᠯ ᠣᠯᠤᠰ ᠢ ᠪᠠᠶ᠎ᠠ ᠪᠠᠷ ᠳᠠᠢ᠌ᠯᠠᠵᠤ ᠳᠤᠷᠣᠢ᠌ᠳᠠᠭᠤᠯᠵᠤ᠂ 1225 ᠣᠨ ᠳᠤ ᠪᠣᠴᠠᠨ ᠢᠷᠠᠵᠠᠢ᠃

(42) ᠮᠥᠩᠭᠡ ᠳᠡᠭ᠍ᠷᠢ ᠶᠢᠨ ᠢᠳᠡᠭᠡᠯ ᠪᠢᠰᠢᠷᠠᠯ ᠊᠊᠊᠊᠊᠊᠊᠊᠊᠊᠊᠊᠊᠊᠊ ᠡᠷᠳᠡᠨ ᠤ ᠮᠤᠩᠭ᠋ᠤᠯᠴᠤᠳ ᠮᠥᠩᠭᠡ ᠳᠡᠭ᠍ᠷᠢ ᠶᠢ ᠢᠳᠡᠭᠡᠨ ᠪᠢᠰᠢᠷᠠᠵᠤ᠂ ᠶᠠᠮᠠᠷ ᠣᠢ᠌ᠯᠠ ᠶᠢ ᠭᠢᠭᠦ ᠳᠡᠭᠡᠨ ᠴᠦᠮ ᠮᠥᠩᠭᠡ ᠳᠡᠭ᠍ᠷᠢ ᠳᠡᠭᠡᠨ ᠰᠥᠰᠦᠭᠯᠡᠳᠡᠭ᠌ ᠪᠦᠭᠡᠤᠨ ᠪᠣᠷᠤᠭᠤ ᠰᠠᠤᠠᠭᠢᠯᠳᠠᠨ ᠢ ᠳᠡᠭ᠍ᠷᠢ ᠮᠠᠳᠠᠨ᠎ᠠ ᠭᠡᠵᠤ ᠢᠳᠡᠭᠡᠳᠡᠭ᠌ ᠪᠠᠢ᠌ᠵᠠᠢ᠃

(43) ᠠᠯᠳᠠ ᠪᠠᠶ᠎ᠠ ᠁ ᠠᠬᠤ ᠲᠦᠷᠦ ᠁ ᠊᠊᠊᠊᠊᠊᠊᠊᠊᠊᠊᠊᠊᠊᠊ 《ᠴᠢᠩᠭᠢᠰ ᠤᠨ ᠪᠢᠯᠢᠭ᠌》 ᠲ᠋ᠤ ᠢᠯᠡᠷᠡᠭ᠍ᠰᠡᠨ ᠡᠭᠡ ᠣᠷᠤᠨ ᠶᠢᠡᠨ ᠬᠠᠢ᠌ᠷᠠᠯᠠᠬᠤ ᠳᠤᠬᠠᠢ ᠶᠠᠷᠢᠭᠰᠠᠨ ᠰᠤᠷᠭᠠᠯ ᠥᠭᠡ᠃

(44) ᠠᠷᠪᠠᠨ ᠨᠢᠭᠡᠨ ᠰᠠᠴᠠᠤᠨ ᠤᠨ ᠮᠠᠷᠭᠤᠭᠠᠨ ᠊᠊᠊᠊᠊᠊᠊᠊᠊᠊᠊᠊᠊᠊᠊ 《ᠴᠢᠩᠭᠢᠰ ᠤᠨ ᠶ‍ᠢᠰᠤᠨ ᠥᠷᠯᠦᠭ᠌ ᠲᠡᠶ ᠦᠨᠦᠴᠢᠨ ᠭᠦᠪᠠᠭᠦᠨ ᠤ ᠰᠡᠴᠡᠯᠡᠭ᠍ᠰᠡᠨ ᠱᠠᠰᠳᠢᠷ》 ᠲ᠋ᠤ ᠠᠷᠢᠭᠢᠨ ᠤ ᠬᠤᠤᠷ ᠭᠡᠮ ᠮᠠᠷᠭᠤᠭᠰᠠᠨ ᠴᠢᠩᠭᠢᠰ ᠬᠠᠭᠠᠨ᠂ ᠦᠨᠦᠴᠢᠨ ᠭᠦᠪᠠᠭᠦᠨ᠂ ᠶ‍ᠢᠰᠤᠨ ᠥᠷᠯᠦᠭ᠌ ᠵᠡᠷᠭᠡ ᠠᠷᠪᠠᠨ ᠨᠢᠭᠡᠨ ᠰᠠᠴᠠᠤᠨ ᠭᠠᠷᠳᠠᠭ᠃

(45) ᠮᠤᠩᠭ᠋ᠤᠯ ᠁ ᠪᠣᠰᠤᠭ᠎ᠠ ᠨᠠᠷ᠎ᠠ ᠁ ᠊᠊᠊᠊᠊᠊᠊᠊᠊᠊᠊᠊᠊᠊᠊ ᠠᠮᠸᠷᠢᠺᠠ ᠭᠦᠮᠦᠰ ᠳᠡᠭᠡᠷ᠎ᠡ ᠮᠢᠩᠭ᠋ᠠᠨ ᠤ 《ᠬᠠᠮᠤᠭ》 ᠊ᠢ ᠰᠤᠩᠭ᠋ᠤᠬᠤ ᠳᠠᠭᠠᠨ ᠴᠢᠩᠭᠢᠰ ᠬᠠᠭᠠᠨ ᠢ 《ᠮᠢᠩᠭ᠋ᠠᠨ ᠣᠨ ᠤ ᠰᠤᠳᠤᠨ ᠭᠠᠢ᠌ᠬᠠᠮᠰᠢᠭ》 ᠭᠡᠵᠤ ᠮᠡᠳᠡᠷᠡᠭ᠍ᠰᠡᠨ ᠪᠠᠢ᠌ᠳᠠᠭ᠃

(46) ᠭᠡᠳᠡᠰᠤ ᠪᠠᠨ ᠬᠠᠳᠠᠭᠤ ᠡᠷᠡᠵᠤ᠂ ᠳᠤᠯᠤᠭᠠᠢ ᠪᠠᠨ ᠴᠢᠩᠭ᠋᠎ᠠ ᠪᠣᠭᠤᠵᠤ ᠊᠊᠊᠊᠊᠊᠊᠊᠊᠊᠊᠊᠊᠊᠊ ᠮᠤᠩᠭ᠋ᠤᠯ ᠴᠡᠷᠢᠭ᠌ ᠬᠤᠯᠠ ᠶᠢᠨ ᠠᠶᠠᠨ ᠳᠠᠢ᠌ᠨ ᠳᠠᠭᠠᠨ ᠮᠤᠷᠢ ᠳᠠᠪᠭᠢᠬᠤ ᠳᠤ ᠳᠠᠳᠠᠭᠰᠠᠨ ᠵᠢᠪᠠᠷ ᠪᠠᠶ᠎ᠠ ᠳᠤ ᠭᠦᠷᠭᠦ ᠡᠴᠡ ᠰᠡᠷᠭᠡᠢ᠌ᠯᠡᠵᠤ᠂ ᠮᠦᠨ ᠪᠠᠶ᠎ᠠ ᠶᠢᠨ ᠳᠤᠳᠤᠭᠠᠳᠤ ᠡᠷᠭᠡᠳᠡᠨ ᠤ ᠳᠤᠷᠭᠢᠵᠤ ᠭᠡᠮᠳᠦᠭᠦ ᠡᠴᠡ ᠭᠡᠷᠰᠤᠯᠡᠵᠤ ᠪᠦᠰᠡ ᠪᠠᠨ ᠴᠢᠩᠭ᠋᠎ᠠ ᠣᠷᠢᠶᠠᠨ ᠪᠦᠰᠡᠯᠡᠭᠦ ᠪᠦᠭᠡᠤᠨ ᠳᠤᠯᠤᠭᠠᠢ ᠪᠠᠨ ᠴᠢᠩᠭ᠋᠎ᠠ ᠪᠣᠭᠤᠵᠤ ᠡᠳᠦᠷᠵᠢᠨ ᠳᠠᠪᠭᠢᠭᠤᠯᠳᠠᠭ ᠪᠠᠢ᠌ᠵᠠᠢ᠃

(47) ᠣᠪᠣᠭᠠᠨ ᠳᠠᠭᠠᠨ ᠴᠢᠯᠠᠭᠤ ᠨᠡᠮᠡᠭᠡᠤᠨ ᠊᠊᠊᠊᠊᠊᠊᠊᠊᠊᠊᠊᠊᠊᠊ ᠡᠷᠳᠡᠨ ᠤ ᠮᠤᠩᠭ᠋ᠤᠯᠴᠤᠳ ᠳᠠᠢ᠌ᠨ ᠳᠤ ᠮᠤᠷᠳᠠᠬᠤ ᠳᠠᠭᠠᠨ ᠭᠦᠮᠤᠨ ᠪᠦᠷᠢ ᠨᠢᠭᠡ ᠭᠡᠰᠡᠭ᠌ ᠴᠢᠯᠠᠭᠤ ᠠᠪᠴᠤ ᠬᠤᠷᠠᠭᠰᠠᠨ ᠭᠠᠵᠠᠷ ᠲᠠᠭᠠᠨ ᠣᠪᠣᠭ᠎ᠠ ᠪᠣᠰᠬᠠᠳᠠᠭ ᠪᠦᠭᠡᠤᠨ ᠳᠠᠢ᠌ᠨ ᠡᠴᠡ ᠡᠭᠡᠵᠤ ᠢᠷᠠᠪᠠᠯ ᠭᠦᠮᠤᠨ ᠪᠦᠷᠢ ᠨᠢᠭᠡ ᠭᠡᠰᠡᠭ᠌ ᠴᠢᠯᠠᠭᠤ ᠪᠠᠨ ᠠᠪᠴᠤ ᠥᠯᠡᠳᠡᠭ᠍ᠰᠡᠨ ᠨᠢ ᠳᠠᠢ᠌ᠨ ᠳᠤ ᠡ᠊ᠨᠳᠡᠭ᠍ᠰᠡᠳ ᠭᠡᠵᠤ ᠳᠠᠷᠠ ᠣᠪᠣᠭ᠎ᠠ ᠪᠠᠨ ᠭᠦᠡᠳᠦᠯᠡᠵᠤ ᠳᠠᠭᠢᠳᠠᠭ ᠪᠠᠢ᠌ᠪᠠ᠃

(48) ᠭᠡᠳᠡ ᠳᠠᠰᠢᠭᠤᠷ ᠳᠦᠷᠦᠭᠦᠳᠡᠢ᠂ ᠭᠦᠨᠡᠰᠤ ᠠᠮᠤ ᠪᠦᠷᠢᠨ ᠶᠢᠡᠷ ᠊᠊᠊᠊᠊᠊᠊᠊᠊᠊᠊᠊᠊᠊᠊ ᠮᠤᠩᠭ᠋ᠤᠯ ᠴᠡᠷᠢᠭ᠌ ᠳᠠᠢ᠌ᠨ ᠳᠤ ᠮᠤᠷᠳᠠᠬᠤ ᠳᠠᠭᠠᠨ ᠦᠪᠡᠷ ᠤᠨ ᠵᠠᠷᠤᠵᠤ ᠪᠠᠷᠢᠬᠤ ᠵᠣᠢ᠌ᠯ ᠶᠢᠡᠨ ᠴᠦᠮ ᠦᠪᠠᠰᠤᠪᠠᠨ ᠪᠡᠯᠡᠳᠭᠡᠳᠡᠭ᠌᠃

(49) ᠬᠤᠷᠤᠮ ᠵᠠᠭᠤᠷ᠎ᠠ ᠬᠤᠷᠠᠮᠠᠭᠴᠠ ᠊᠊᠊᠊᠊᠊᠊᠊᠊᠊᠊᠊᠊᠊᠊ ᠪᠠᠴᠢᠮ ᠳᠠᠭᠤᠳᠠᠯᠭ᠎ᠠ ᠳᠤ ᠮᠤᠩᠭ᠋ᠤᠯ ᠴᠡᠷᠢᠭ᠌ ᠳᠤᠭᠳᠠᠭᠰᠠᠨ ᠴᠠᠭ ᠡᠴᠡ ᠪᠠᠨ ᠥᠴᠦᠭᠡᠨ ᠳᠠᠳᠤᠢ ᠴᠤ ᠵᠦᠷᠢᠯ ᠦᠭᠡᠶ ᠬᠤᠷᠠᠵᠤ ᠴᠤᠭᠯᠠᠷᠠᠳᠠᠭ ᠪᠠᠳᠤ ᠴᠢᠩᠭ᠋᠎ᠠ ᠰᠠᠭᠢᠯᠭ᠎ᠠ ᠪᠠᠳᠤ᠂ ᠵᠤᠭᠢᠶᠠᠨ ᠪᠠᠢ᠌ᠭᠤᠯᠤᠯᠳᠠ ᠲᠡᠶ ᠪᠠᠢ᠌ᠵᠠᠢ᠃

(50) ᠳᠠᠪᠰᠠᠨ᠎ᠠ ᠊᠊᠊᠊᠊᠊᠊᠊᠊᠊᠊᠊᠊᠊᠊ ᠡᠷᠳᠡᠨ ᠤ ᠮᠤᠩᠭ᠋ᠤᠯᠴᠤᠳ ᠶᠠᠮᠠᠷ ᠨᠢᠭᠡᠨ ᠭᠦᠡᠳᠤ ᠴᠢᠬᠤᠯᠠ ᠣᠴᠢᠷ ᠶᠠᠪᠣᠳᠠᠯ ᠶᠢᠡᠨ ᠪᠠᠯᠭᠡᠯᠡᠭᠦ ᠳᠡᠭᠡᠨ ᠰᠠᠭᠯᠠᠭᠠᠷ ᠮᠤᠳᠤ ᠪᠠᠨ ᠳᠤᠭᠤᠷᠢᠵᠤ ᠪᠦᠵᠢᠭᠯᠡᠳᠡᠭ᠌᠃ ᠪᠦᠵᠢᠭᠯᠡᠭᠦ ᠶᠢ ᠡᠷᠳᠡ ᠳᠡᠭᠡᠨ ᠳᠡᠪᠰᠡᠭᠦ ᠭᠡᠳᠡᠭ᠌ ᠪᠠᠢ᠌ᠵᠠᠢ᠃

(51) ᠳᠠᠩᠭ᠋ᠠᠷᠢᠭ ᠢ ᠳᠠᠰᠤᠯᠤᠭᠴᠢᠳ ᠢ᠁ ᠮᠤᠬᠤᠭᠠᠭᠠᠤᠨ ᠊᠊᠊᠊᠊᠊᠊᠊᠊᠊᠊᠊᠊᠊᠊ ᠡᠷᠳᠡᠨ ᠤ ᠮᠤᠩᠭ᠋ᠤᠯᠴᠤᠳ ᠠᠮᠠᠨ ᠲ᠋ᠠᠩᠭ᠋ᠠᠷᠢᠭ ᠶᠢᠡᠨ ᠡᠪᠳᠡᠭ᠍ᠰᠡᠨ ᠭᠦᠮᠤᠨ ᠢ ᠢᠯᠡᠷᠭᠡᠢ ᠳᠠᠢ᠌ᠰᠤᠨ ᠡᠴᠡ ᠢᠯᠡᠭᠦᠤ ᠠᠳᠠ ᠥᠵᠡᠳᠡᠭ᠌ ᠳᠤᠯᠠ ᠭᠡᠯᠡᠭ᠍ᠰᠡᠨ ᠶᠢᠡᠨ ᠮᠠᠯᠵᠢᠵᠤ᠂ ᠠᠮᠠᠯᠳᠠᠯᠭ᠎ᠠ ᠪᠠᠨ ᠠᠷᠤ ᠳᠠᠭᠠᠨ ᠬᠠᠶᠠᠭᠰᠠᠨ ᠳᠠᠩᠭ᠋ᠤᠳ ᠣᠯᠤᠰ ᠤᠨ ᠡᠵᠡᠨ ᠢᠯᠠᠭᠤ ᠪᠣᠷᠬᠠᠨ ᠳᠤ ᠭᠢᠯᠢᠩ ᠲᠦᠷᠦᠵᠤ ᠴᠢᠩᠭᠢᠰ ᠬᠠᠭᠠᠨ ᠪᠠᠶ᠎ᠠ ᠪᠠᠷ ᠶᠢᠡᠨ ᠴᠡᠷᠢᠭ᠌ ᠳᠠᠢ᠌ᠴᠢᠯᠠᠨ ᠮᠤᠷᠳᠠᠵᠤ ᠮᠥᠭᠦᠭᠡᠭ᠍ᠰᠡᠨ ᠪᠠᠢ᠌ᠳᠠᠭ᠃ ᠡᠨᠡ ᠣᠳᠠᠭᠠᠨ ᠤ ᠠᠶᠠᠨ ᠳᠠᠢ᠌ᠨ ᠪᠣᠯ ᠴᠢᠩᠭᠢᠰ ᠬᠠᠭᠠᠨ ᠤ ᠪᠠᠭᠠᠳᠤᠷᠯᠢᠭ ᠨᠢᠭᠡ ᠨᠠᠰᠤᠨ ᠤ ᠬᠠᠮᠤᠭ ᠰᠡᠭᠦᠯᠴᠢ ᠶᠢᠨ ᠠᠶᠠᠨ ᠳᠠᠢ᠌ᠨ ᠮᠦᠨ᠃

(52) ᠳᠦᠷᠢᠮᠡᠭᠡᠢ ᠪᠠᠯᠭᠠᠰᠤ ᠊᠊᠊᠊᠊᠊᠊᠊᠊᠊᠊᠊᠊᠊᠊ ᠣᠳᠤ ᠶᠢᠨ ᠨᠢᠩᠰᠢᠶᠠ ᠣᠷᠤᠨ ᠤ ᠯᠢᠩ ᠡᠤ ᠰᠢᠶᠠᠨ ᠳᠤ ᠪᠠᠢ᠌ᠭᠰᠠᠨ ᠭᠠᠵᠠᠷ ᠤᠨ ᠨᠠᠷ᠎ᠠ᠂ 1227 ᠣᠨ ᠳᠤ ᠴᠢᠩᠭᠢᠰ ᠬᠠᠭᠠᠨ ᠡ᠊ᠨᠳᠡ ᠨᠠᠰᠤ ᠪᠠᠷᠠᠭᠰᠠᠨ᠃

(53) ᠮᠤᠳᠤᠨ ᠳᠡᠷᠭᠡ ᠲᠡᠶ ᠴᠢᠠᠳᠠᠷ ᠶᠠᠰᠤ ᠨᠢ ᠮᠤᠩᠭ᠋ᠤᠯ ᠣᠷᠤᠨ ᠳᠠᠭᠠᠨ ᠢᠷᠡᠭ᠍ᠰᠡᠨ ᠊᠊᠊᠊᠊᠊᠊᠊᠊᠊᠊᠊᠊᠊᠊ ᠴᠢᠩᠭᠢᠰ ᠬᠠᠭᠠᠨ ᠨᠠᠰᠤ ᠪᠠᠷᠠᠭᠰᠠᠨ ᠤ ᠳᠠᠷᠠᠭ᠎ᠠ ᠴᠢᠠᠳᠠᠷ ᠶᠠᠰᠤ ᠶᠢ ᠨᠢ ᠬᠠᠰᠠᠭ ᠳᠡᠷᠭᠡᠨ ᠳᠤ ᠳᠡᠭᠡᠭᠡᠵᠤ ᠮᠤᠩᠭ᠋ᠤᠯ ᠣᠷᠤᠨ ᠳᠠᠭᠠᠨ ᠠᠪᠴᠢᠷᠠᠵᠤ ᠣᠷᠤᠰᠢᠭᠤᠯᠤᠭᠰᠠᠨ ᠪᠠᠢ᠌ᠳᠠᠭ᠃

(54) ᠠᠳᠠᠷᠭᠠᠳᠤ ᠠᠭᠤᠯᠠ ᠁ ᠠᠯᠠᠯᠳᠤᠨ ᠳᠠᠰᠭᠢᠯᠳᠤᠨ ᠬᠠᠭᠠᠴᠠᠭᠠᠳ ᠊᠊᠊᠊᠊᠊᠊᠊᠊᠊᠊᠊᠊᠊᠊ 《ᠭᠦᠳᠡᠢ ᠰᠠᠴᠠᠨ ᠤ ᠴᠡᠭᠡᠷ ᠢᠤᠠᠬᠠᠯ》 ᠳ᠋ᠤ ᠠᠪᠠ ᠰᠢᠪᠠᠭᠤ ᠶᠢᠨ ᠣᠴᠢᠷ ᠲᠤ ᠠᠬ᠎ᠠ ᠳᠡᠭᠦᠤ ᠵᠠᠭᠤᠷ᠎ᠠ ᠪᠠᠨ ᠨᠠᠢ᠌ᠷ ᠡᠪᠳᠡᠷᠡᠵᠤ᠂ ᠬᠠᠭᠠᠴᠠᠵᠤ ᠳᠡᠮᠡᠴᠡᠯᠳᠦᠭ᠍ᠰᠡᠨ ᠶᠠᠪᠣᠳᠠᠯ ᠢ ᠶᠠᠷᠢᠭᠰᠠᠨ᠃

(55) ᠠᠯᠳᠠ ᠰᠢᠭ ᠽᠠᠠᠳᠠᠨ ᠮᠤᠳᠤ ᠁ ᠠᠷᠭᠠᠯ ᠁ ᠊᠊᠊᠊᠊᠊᠊᠊᠊᠊᠊᠊᠊᠊᠊ ᠽᠠᠶ᠎ᠠ ᠪᠠᠠᠳᠢᠳᠠ ᠭᠦᠩᠭ᠋ᠡᠵᠡᠯᠰᠡᠨ ᠤ 《ᠰᠤᠪᠠᠰᠢᠳᠠᠢ》 ᠵᠢᠨ ᠳᠦᠷᠪᠠᠳᠦᠭᠡᠷ ᠪᠦᠯᠦᠭ᠌ ᠲᠤ 《ᠨᠢᠭᠡ ᠳᠡᠨᠡᠭ᠌ ᠭᠦᠮᠤᠨ ᠠᠯᠳᠠᠨ ᠡᠴᠡ ᠦᠨᠡᠳᠠᠢ ᠽᠠᠠᠳᠠᠨ ᠮᠤᠳᠤ ᠣᠯᠤᠭᠰᠠᠨ ᠴᠤ ᠥᠷᠳᠡᠭ᠌ ᠢ ᠨᠢ ᠳᠠᠨᠢᠯ ᠦᠭᠡᠶ ᠰᠢᠳᠠᠭᠠᠵᠤ ᠨᠡᠭᠦᠷᠡᠰᠤ ᠪᠣᠯᠭᠠᠨ ᠦᠯᠦ ᠶᠠᠯᠢᠬᠤ ᠥᠴᠦᠭᠡᠨ ᠮᠥᠩᠭᠦ ᠪᠠᠷ ᠬᠤᠳᠠᠯᠳᠤᠭᠰᠠᠨ》 ᠣᠢ᠌ᠯᠠ ᠶᠢ ᠪᠢᠴᠢᠭ᠍ᠰᠡᠨ᠃

(56) ᠠᠷᠪᠠᠨ ᠳᠤᠯᠤᠭᠠᠢ ᠲᠡᠶ ᠮᠤᠭᠠᠢ ᠊᠊᠊᠊᠊᠊᠊᠊᠊᠊᠊᠊᠊᠊᠊ 《ᠴᠢᠩᠭᠢᠰ ᠤᠨ ᠪᠢᠯᠢᠭ᠌》 ᠲ᠋ᠤ ᠵᠢᠵᠢᠭ᠌ ᠠᠢ᠌ᠮᠠᠭ ᠤᠨ ᠨᠢᠭᠡᠳᠦᠮᠡᠯ ᠦᠭᠡᠶ ᠶᠢᠨ ᠬᠤᠤᠷ ᠭᠦᠨᠦᠭᠡᠯ ᠪᠠ ᠨᠢᠭᠡ ᠬᠠᠭᠠᠨ ᠲᠡᠶ ᠨᠢᠭᠡᠳᠦᠮᠡᠯ ᠣᠯᠤᠰ ᠤᠨ ᠠᠴᠢ ᠳᠤᠰᠠ ᠶᠢ 《ᠮᠢᠩᠭ᠋ᠠᠨ ᠳᠤᠯᠤᠭᠠᠢ ᠲᠡᠶ ᠮᠤᠭᠠᠢ ᠪᠠ ᠮᠢᠩᠭ᠋ᠠᠨ ᠰᠡᠭᠦᠯ ᠲᠡᠶ ᠮᠤᠭᠠᠢ》 ᠪᠠᠷ ᠬᠠᠷᠢᠴᠠᠭᠤᠯᠵᠤ ᠶᠠᠷᠢᠭᠰᠠᠨ᠃

(57) ᠥᠭᠡᠳᠡᠢ᠂ ᠭᠦᠶ‍ᠦᠭ᠌ ᠊᠊᠊᠊᠊᠊᠊᠊᠊᠊᠊᠊᠊᠊᠊ ᠴᠢᠩᠭᠢᠰ ᠬᠠᠭᠠᠨ ᠢ ᠵᠠᠯᠭᠠᠮᠵᠢᠯᠠᠵᠤ ᠥᠭᠡᠳᠡᠢ ᠶᠡᠭᠡ ᠰᠠᠭᠤᠷᠢᠨ ᠳᠤ ᠰᠠᠭᠤᠪᠠ᠃ ᠥᠭᠡᠳᠡᠢ ᠨᠠᠰᠤ ᠪᠠᠷᠠᠭᠰᠠᠨ ᠤ ᠳᠠᠷᠠᠭ᠎ᠠ ᠳᠡᠭᠦᠨ ᠤ ᠭᠦᠪᠠᠭᠦᠨ ᠭᠦᠶ‍ᠦᠭ᠌ ᠬᠠᠭᠠᠨ ᠰᠠᠭᠤᠪᠠ᠃ ᠳᠠᠳᠠ ᠬᠤᠶᠠᠭᠤᠯᠠ ᠴᠦᠮ ᠠᠷᠢᠭᠢᠨ ᠳᠤ ᠠᠶᠤᠮᠠᠷ ᠳᠤᠷᠠᠳᠠᠢ ᠪᠠᠢ᠌ᠵᠤ᠂ ᠣᠷᠳᠤ ᠨᠠᠰᠤᠯᠠᠵᠤ ᠳᠡᠢ᠌ᠯᠦᠭ᠍ᠰᠡᠨ ᠦᠭᠡᠶ᠃

(58) ᠬᠤᠪᠢᠯᠠᠢ᠂ ᠥᠯᠡᠭᠦ ᠊᠊᠊᠊᠊᠊᠊᠊᠊᠊᠊᠊᠊᠊᠊ ᠳᠤᠯᠤᠢ ᠶᠢᠨ ᠡᠰᠢ ᠬᠠᠳᠤᠨ ᠰᠤᠷᠬᠠᠭᠳᠠᠨᠢ ᠡᠴᠡ ᠮᠥᠩᠭᠡ᠂ ᠬᠤᠪᠢᠯᠠᠢ᠂ ᠥᠯᠡᠭᠦ᠂ ᠠᠷᠢᠭ‍ᠪᠦᠭᠡ ᠭᠡᠭᠦ ᠳᠦᠷᠪᠡᠨ ᠭᠦᠪᠠᠭᠦᠨ ᠳᠦᠷᠦᠪᠡ᠃ ᠶᠡᠭᠡ ᠮᠤᠩᠭ᠋ᠤᠯ ᠬᠠᠭᠠᠠᠳᠤ ᠣᠯᠤᠰ ᠤᠨ ᠳᠦᠷᠪᠠᠳᠦᠭᠡᠷ ᠦᠶ᠎ᠡ ᠶᠢᠨ ᠬᠠᠭᠠᠨ ᠮᠥᠩᠭᠡ ᠬᠠᠭᠠᠨ ᠨᠠᠰᠤ ᠪᠠᠷᠠᠭᠰᠠᠨ ᠳᠤ ᠳᠡᠭᠦᠨ ᠤ ᠬᠤᠶᠠᠷ ᠳᠡᠭᠦᠤ ᠬᠤᠪᠢᠯᠠᠢ᠂ ᠠᠷᠢᠭ‍ᠪᠦᠭᠡ ᠬᠠᠭᠠᠨ ᠰᠠᠭᠤᠷᠢᠨ ᠪᠣᠯᠢᠶᠠᠯᠳᠤᠨ ᠬᠤᠭᠤᠷᠤᠠᠳᠤ ᠪᠠᠨ ᠳᠦᠷᠪᠡᠨ ᠵᠢᠯ ᠵᠡᠪᠰᠡᠭ᠍ᠳᠤ ᠳᠠᠮᠠᠴᠠᠯ ᠥᠷᠨᠢᠭᠦᠯᠪᠡ᠃ ᠬᠤᠪᠢᠯᠠᠢ ᠭᠢᠳᠠᠤᠨ ᠤᠨ ᠭᠦᠴᠤ ᠶᠢ ᠠᠰᠢᠭᠯᠠᠵᠤ ᠢᠯᠠᠯᠳᠠ ᠣᠯᠵᠤ ᠬᠠᠭᠠᠨ ᠰᠠᠭᠤᠮᠠᠭᠴᠠ ᠣᠯᠤᠰ ᠤᠨ ᠦᠨᠳᠦᠰᠦ ᠶᠢ ᠡᠮᠦᠨᠡᠰᠢ ᠰᠢᠯᠵᠢᠭᠦᠯᠵᠤ ᠳ᠋ᠠᠢ᠌ᠳᠤ ( ᠣᠳᠤ ᠶᠢᠨ ᠪᠠᠭᠡᠵᠢᠩ) ᠳᠤ ᠨᠠᠢ᠌ᠰᠯᠠᠵᠤ ᠣᠯᠤᠰ ᠤᠨ ᠨᠠᠷ᠎ᠠ ᠪᠠᠨ ᠳᠠᠢ᠌ᠶᠤᠸᠠᠨ ᠭᠡᠵᠤ ᠬᠠᠯᠠᠪᠠ᠃ ᠳᠡᠭᠦᠨ ᠢ ᠳᠠᠭᠠᠵᠤ ᠵᠠᠭᠤᠨ ᠲᠦᠮᠡᠨ ᠮᠤᠩᠭ᠋ᠤᠯᠴᠤᠳ ᠭᠡᠷᠡᠮ ᠳᠠᠪᠠᠵᠤ ᠡᠮᠦᠨᠡᠰᠢ ᠨᠡᠭᠦᠨ ᠭᠢᠳᠠᠤᠨ ᠣᠷᠤᠨ ᠳᠤ ᠳᠠᠷᠬᠠᠨ ᠰᠠᠭᠤᠷᠢᠰᠢᠭᠰᠠᠨ ᠭᠡᠳᠡᠭ᠌᠃ ᠥᠯᠡᠭᠦ 1253 ᠣᠨ ᠳᠤ ᠠᠷᠪᠠᠨ ᠬᠤᠶᠠᠷ ᠲᠦᠮᠡᠨ ᠮᠤᠩᠭ᠋ᠤᠯ ᠴᠡᠷᠢᠭ᠌ ᠶᠢᠡᠷ ᠣᠳᠤ ᠶᠢᠨ ᠫᠧᠷᠢᠰ ᠪᠠ ᠪᠠᠭ᠎ᠠ ᠠᠽᠢᠶ᠎ᠠ ᠶᠢ ᠳᠠᠢ᠌ᠯᠠᠨ ᠡᠵᠡᠯᠡᠵᠤ᠂ ᠳᠠᠠᠳᠠ ᠰᠠᠭᠤᠷᠢᠰᠢᠨ ᠢᠯ ᠬᠠᠭᠠᠠᠳᠤ ᠣᠯᠤᠰ ᠢ ᠪᠠᠢ᠌ᠭᠤᠯᠪᠠ᠃ ᠳᠠᠭᠠᠵᠤ ᠣᠴᠢᠭᠰᠠᠨ ᠮᠤᠩᠭ᠋ᠤᠯᠴᠤᠳ ᠬᠤᠵᠢᠮ ᠨᠢ ᠴᠦᠮ ᠬᠠᠢ᠌ᠯᠪᠠ᠃

(59) ᠬᠠᠷ᠎ᠠ ᠬᠤᠷᠢᠨ ᠊᠊᠊᠊᠊᠊᠊᠊᠊᠊᠊᠊᠊᠊᠊ ᠪᠠᠰᠠ ᠬᠠᠷ᠎ᠠ ᠬᠤᠷᠤᠮ ᠭᠡᠳᠡᠭ᠌᠃ ᠶᠡᠭᠡ ᠮᠤᠩᠭ᠋ᠤᠯ ᠬᠠᠭᠠᠠᠳᠤ ᠣᠯᠤᠰ ᠤᠨ ᠨᠠᠢ᠌ᠰᠯᠠᠯ ᠪᠠᠢ᠌ᠭᠰᠠᠨ ᠭᠠᠵᠠᠷ᠃

(60) ᠳᠦᠷᠪᠡᠨ ᠵᠥᠭ᠌ ᠲᠤ ᠪᠣᠳᠠᠷᠠᠭᠰᠠᠨ ᠣᠯᠤᠰ ᠊᠊᠊᠊᠊᠊᠊᠊᠊᠊᠊᠊᠊᠊᠊ ᠬᠤᠪᠢᠯᠠᠢ ᠬᠠᠭᠠᠨ ᠰᠠᠭᠤᠷᠢᠨ ᠳᠤ ᠰᠠᠭᠠᠳᠠᠭᠰᠠᠨ ᠤ ᠳᠠᠷᠠᠭ᠎ᠠ ᠪᠦᠭᠦ ᠮᠤᠩᠭ᠋ᠤᠯ ᠤᠨ ᠬᠠᠭᠠᠨ ᠨᠠᠷ᠎ᠠ ᠲᠡᠶ ᠴᠤ ᠦᠨᠡᠨ ᠳᠡᠭᠡᠨ ᠶᠡᠭᠡ ᠣᠯᠤᠰ ᠤᠨ ᠭᠢᠯᠢ ᠳᠤ ᠳᠦᠷᠪᠡᠨ ᠬᠠᠭᠠᠠᠳᠤ ᠣᠯᠤᠰ ᠪᠦᠷᠢᠯᠳᠤᠨ ᠳᠤᠭᠳᠠᠵᠤ᠂ ᠳᠠᠢ᠌ᠶᠤᠸᠠᠨ ᠣᠯᠤᠰ ᠲᠡᠶ ᠵᠡᠷᠭᠡᠴᠡᠨ ᠣᠷᠤᠰᠢᠬᠤ ᠪᠣᠯᠪᠠ᠃ ᠳᠡᠳᠡᠭᠡᠷ ᠨᠢ ᠵᠦᠴᠢ ᠶᠢᠨ ᠦᠮᠴᠢ ᠪᠠᠷ ᠰᠠᠭᠤᠷᠢ ᠪᠣᠯᠭᠠᠵᠤ ᠪᠠᠳᠤ ᠶᠢᠨ ᠪᠠᠢ᠌ᠭᠤᠯᠤᠭᠰᠠᠨ ᠠᠯᠳᠠᠨ ᠣᠷᠳᠤᠳᠤ ᠬᠠᠭᠠᠠᠳᠤ ᠣᠯᠤᠰ᠂ ᠴᠠᠭᠠᠳᠠᠢ ᠶᠢᠨ ᠦᠮᠴᠢ ᠪᠠᠷ ᠰᠠᠭᠤᠷᠢ ᠪᠣᠯᠭᠠᠭᠰᠠᠨ ᠴᠠᠭᠠᠳᠠᠢ ᠬᠠᠭᠠᠠᠳᠤ ᠣᠯᠤᠰ᠂ ᠥᠭᠡᠳᠡᠢ ᠶᠢᠨ ᠦᠮᠴᠢ ᠪᠠᠷ ᠰᠠᠭᠤᠷᠢ ᠪᠣᠯᠭᠠᠭᠰᠠᠨ ᠥᠭᠡᠳᠡᠢ ᠬᠠᠭᠠᠠᠳᠤ ᠣᠯᠤᠰ ᠪᠠ ᠥᠯᠡᠭᠦ ᠶᠢᠨ ᠪᠠᠢ᠌ᠭᠤᠯᠤᠭᠰᠠᠨ ᠢᠯ ᠬᠠᠭᠠᠠᠳᠤ ᠣᠯᠤᠰ ᠪᠣᠯᠤᠨ᠎ᠠ᠃ ᠡᠳᠡᠭᠡᠷ ᠣᠯᠤᠰ ᠡᠷᠭᠡ ᠠᠰᠢᠭ ᠪᠣᠯᠢᠶᠠᠯᠳᠤᠨ᠂ ᠡᠵᠡᠮᠰᠢᠯ ᠨᠤᠳᠤᠭ ᠳᠠᠮᠠᠴᠠᠵᠤ ᠣᠷᠳᠤ ᠬᠤᠭᠤᠴᠠᠭ᠎ᠠ ᠪᠠᠷ ᠬᠠᠷᠢᠯᠴᠠᠨ ᠳᠠᠢ᠌ᠰᠤᠩᠨᠠᠵᠤ ᠳᠠᠢ᠌ᠳᠤᠵᠤ ᠪᠠᠢ᠌ᠪᠠ᠃ ᠳᠤᠬᠠᠢ ᠶᠢᠨ ᠭᠠᠵᠠᠷ ᠤᠨ ᠰᠤᠶᠤᠯ ᠢ ᠢᠳᠠᠪᠭᠢᠳᠠᠢ ᠭᠦᠯᠢᠶᠡᠨ ᠠᠪᠴᠤ᠂ ᠦᠪᠡᠷ ᠤᠨ ᠰᠤᠶᠤᠯ ᠶᠢᠡᠨ ᠬᠠᠶᠠᠭᠰᠠᠨ ᠡᠴᠡ ᠡᠳᠡᠭᠡᠷ ᠣᠯᠤᠰ ᠠᠭᠠᠵᠢᠮ ᠶᠢᠡᠷ ᠬᠠᠢ᠌ᠯᠵᠤ ᠣᠰᠠᠳᠤᠨ᠂ ᠶᠡᠭᠡ ᠴᠢᠩᠭᠢᠰ ᠤᠨ ᠦᠶ᠎ᠡ ᠶᠢᠨ ᠭᠢ ᠰᠢᠭ᠌ ᠮᠤᠩᠭ᠋ᠤᠯ ᠤᠨ ᠨᠢᠭᠡᠳᠦᠯ ᠳᠠᠭᠢᠵᠤ ᠢᠯᠡᠷᠡᠭ᠍ᠰᠡᠨ ᠦᠭᠡᠶ᠃

(61) ᠴᠢᠩᠰᠠᠩ ᠊᠊᠊᠊᠊᠊᠊᠊᠊᠊᠊᠊᠊᠊᠊ ᠭᠢᠳᠠᠤᠨ ᠤᠨ ᠴᠸᠩᠰᠢᠶᠠᠩ ᠭᠡᠳᠡᠭ᠌ ᠥᠭᠡ ᠡᠴᠡ ᠢᠷᠠᠯᠳᠠᠢ ᠳᠤᠰᠢᠶᠠᠯ ᠤᠨ ᠨᠠᠷ᠎ᠠ᠃

(62) ᠱᠠᠩᠳᠤ ᠭᠡᠢ᠌ᠪᠦᠩ ᠊᠊᠊᠊᠊᠊᠊᠊᠊᠊᠊᠊᠊᠊᠊ ᠮᠤᠩᠭ᠋ᠤᠯ ᠬᠠᠭᠠᠠᠳᠤ ᠣᠯᠤᠰ ᠤᠨ ᠳᠡᠭᠡᠳᠤ ᠨᠠᠢ᠌ᠰᠯᠠᠯ ᠪᠠᠢ᠌ᠭᠰᠠᠨ ᠪᠠᠯᠭᠠᠰᠤ᠃ ᠪᠦᠭᠦ ᠨᠠᠷᠠᠢ᠌ᠳᠤᠯ ᠨᠢ ᠱᠠᠩᠳᠤ ᠭᠡᠢ᠌ᠪᠦᠩ ᠭᠦᠷᠳᠤ ᠪᠠᠯᠭᠠᠰᠤ᠃ 1368 ᠣᠨ ᠳᠤ ᠭᠢᠳᠠᠤᠨ ᠤᠨ ᠳᠠᠷᠢᠶᠠᠴᠢᠨ ᠤ ᠳᠦᠷᠪᠠᠭᠡᠨ ᠳᠤ ᠭᠠᠯᠳᠠᠭᠳᠠᠵᠠᠢ᠃ ᠪᠠᠭᠤᠷᠢ ᠨᠢ ᠣᠳᠤ ᠶᠢᠨ ᠰᠢᠯᠤᠭᠤᠨ ᠭᠦᠭᠡ ᠬᠤᠰᠢᠭᠤᠨ ᠳᠤ ᠪᠠᠢ᠌ᠳᠠᠭ ᠭᠡᠳᠡᠭ᠌᠃

(63) ᠰᠠᠷᠠᠢ᠂ ᠠᠯᠢᠮᠯᠢᠭ ᠊᠊᠊᠊᠊᠊᠊᠊᠊᠊᠊᠊᠊᠊᠊ ᠰᠠᠷᠠᠢ ᠪᠠᠯᠭᠠᠰᠤ ᠪᠣᠯ ᠸᠤᠯᠭ᠎ᠠ ᠮᠦᠷᠠᠨ ᠤ ᠭᠦᠪᠠᠭᠡᠨ ᠳᠤ ᠪᠠᠢ᠌ᠭᠰᠠᠨ ᠪᠠᠳᠤ ᠬᠠᠭᠠᠨ ᠤ ᠨᠠᠢ᠌ᠰᠯᠠᠯ ᠬᠤᠳᠠ᠃ ᠠᠯᠢᠮᠯᠢᠭ ᠭᠡᠮᠡᠭ᠍ᠴᠢ ᠠᠯᠢ ᠪᠠᠯᠭᠠᠰᠤ ᠴᠠᠭᠠᠳᠠᠢ ᠬᠠᠭᠠᠠᠳᠤ ᠣᠯᠤᠰ ᠤᠨ ᠨᠠᠢ᠌ᠰᠯᠠᠯ᠃

(64) ᠳᠠᠯᠠᠢ ᠨᠠᠭᠤᠷ ᠊᠊᠊᠊᠊᠊᠊᠊᠊᠊᠊᠊᠊᠊᠊ ᠭᠡᠰᠢᠭ᠍ᠳᠡᠨ ᠬᠤᠰᠢᠭᠤᠨ ᠳᠤ ᠪᠠᠢ᠌ᠭ᠎ᠠ ᠨᠠᠭᠤᠷ ᠤᠨ ᠨᠠᠷ᠎ᠠ᠃ ᠲ᠋ᠤᠭᠤᠠᠳᠠᠮᠤᠷ ᠬᠠᠭᠠᠨ ᠣᠮᠠᠷᠠᠰᠢ ᠵᠠᠢ᠌ᠯᠠᠬᠤ ᠳᠠᠭᠠᠨ ᠳᠠᠯᠠᠢ ᠨᠠᠭᠤᠷ ᠤᠨ ᠭᠦᠪᠠᠭᠡᠨ ᠳ᠋ᠠᠭᠢ ᠪᠠᠷᠰ ᠬᠤᠳᠠ ᠳᠤ ᠭᠦᠯ ᠳᠤᠭᠳᠠᠨ ᠨᠠᠢ᠌ᠰᠯᠠᠪᠠ᠃

(65) ᠭᠡᠮᠰᠢᠯ ᠰᠢᠯᠦᠭ᠌ ᠊᠊᠊᠊᠊᠊᠊᠊᠊᠊᠊᠊᠊᠊᠊ ᠳᠤᠭᠤᠠᠳᠠᠮᠤᠷ ᠬᠠᠭᠠᠨ ᠤ ᠭᠢᠳᠠᠤᠨ ᠤᠨ ᠨᠤᠶᠠᠷᠬᠠᠯ ᠶᠢᠡᠨ ᠠᠯᠳᠠᠭᠰᠠᠨ ᠳᠠᠭᠠᠨ ᠭᠡᠮᠰᠢᠵᠤ ᠭᠢᠩᠰᠢᠭ᠍ᠰᠡᠨ ᠨᠢᠭᠡᠨ ᠠᠩᠭᠢ ᠰᠢᠯᠦᠭ᠌᠃ ᠰᠢᠯᠦᠭ᠌ ᠤᠨ ᠡᠴᠦᠰ ᠲᠤ ᠳᠠᠭᠢᠨ 《ᠭᠡᠷᠤᠨ ᠢᠷᠠᠵᠤ》 ᠳᠠᠢ᠌ᠳᠤ ᠶᠢ ᠡᠵᠡᠯᠡᠨ ᠨᠤᠶᠠᠷᠬᠠᠯ ᠶᠢᠡᠨ ᠰᠡᠷᠭᠦᠭᠡᠭᠦ ᠵᠤᠷᠢᠭ ᠶᠢᠡᠨ ᠢᠯᠡᠳᠭᠡᠪᠡ᠃

(66) ᠳᠠᠮᠤᠷ ᠬᠠᠭᠠᠨ᠂ ᠭᠠᠯᠳᠠᠨ᠂ ᠳᠡᠮᠴᠦᠭ᠌ ᠊᠊᠊᠊᠊᠊᠊᠊᠊᠊᠊᠊᠊᠊᠊ ᠳᠠᠮᠤᠷ ᠬᠠᠭᠠᠨ ᠪᠣᠯ 《ᠳᠠᠮᠤᠷ ᠬᠠᠭᠠᠠᠳᠤ ᠣᠯᠤᠰ》 ᠊ᠢ ᠡᠭᠦᠰᠭᠡᠨ ᠪᠠᠢ᠌ᠭᠤᠯᠵᠠᠢ᠃ ᠪᠠᠷᠤᠯᠤᠰ ᠣᠪᠣᠭᠳᠠᠨ᠂ 1333 ᠣᠨ ᠳᠤ ᠮᠠᠠᠳᠤᠯᠠᠪᠠ᠃ ᠳᠠᠷᠠ 《ᠴᠢᠩᠭᠢᠰ ᠬᠤᠶᠠᠳᠤᠭᠠᠷ》 ᠪᠣᠯᠬᠤ ᠪᠠᠷ ᠴᠡᠷᠢᠭ᠌ ᠳᠠᠢ᠌ᠴᠢᠯᠠᠨ ᠵᠡᠭᠦᠡᠰᠢᠯᠡᠵᠤ᠂ ᠮᠢᠩ ᠣᠯᠤᠰ ᠢ ᠴᠤᠭᠢᠬᠤ ᠵᠠᠮ ᠳᠠᠭᠠᠨ ᠭᠢᠵᠢᠭ᠌ ᠡᠪᠠᠦᠡᠴᠢᠨ ᠳᠤ ᠨᠡᠷᠪᠠᠭ᠍ᠳᠡᠵᠤ ᠳᠠᠯᠠᠨ ᠭᠤᠷᠪᠠᠳᠠᠢ ᠨᠠᠰᠤ ᠪᠠᠷᠠᠪᠠ᠃ ᠭᠠᠯᠳᠠᠨ ᠊᠊᠊᠊᠊᠊᠊᠊᠊᠊᠊᠊᠊᠊᠊ 《ᠮᠠᠨᠠᠨ ᠪᠣᠳᠠᠩ》 ᠷᠤᠮᠠᠨ ᠤ ᠭᠤᠤᠯ ᠪᠠᠭᠠᠳᠤᠷ᠂ ᠵᠦᠩᠭ᠋ᠠᠷ ᠤᠨ ᠭᠠᠯᠳᠠᠨ ᠪᠣᠱᠤᠭᠳᠤ ᠬᠠᠭᠠᠨ ᠢ ᠵᠢᠭᠠᠪᠠ᠃ ᠳᠠᠷᠠ ᠪᠣᠯ ᠦᠨᠳᠦᠰᠦᠳᠠᠨ ᠤ ᠳᠤᠰᠠᠭᠠᠷ ᠳᠤᠭᠳᠠᠨᠢᠯ ᠤᠨ ᠳᠦᠯᠦᠭᠡ ᠮᠠᠠᠵᠤ ᠶᠢᠨ ᠡᠰᠡᠷᠭᠦ ᠳᠤᠭᠤᠰᠢᠳᠠᠢ ᠳᠡᠮᠡᠴᠡᠭ᠍ᠰᠡᠨ ᠳᠠᠢ᠌ᠴᠢᠨ ᠪᠠᠭᠠᠳᠤᠷ ᠮᠦᠨ᠃ ᠳᠡᠮᠴᠦᠭ᠌ ᠊᠊᠊᠊᠊᠊᠊᠊᠊᠊᠊᠊᠊᠊᠊ ᠰᠦᠨᠢᠳ ᠪᠠᠷᠠᠭᠤᠨ ᠬᠤᠰᠢᠭᠤᠨ ᠤ ᠬᠠᠮᠤᠭ ᠰᠡᠭᠦᠯᠴᠢ ᠶᠢᠨ ᠵᠠᠰᠠᠭ ᠸᠠᠩ ᠳᠡᠮᠴᠦᠭ᠍ᠳᠦᠩᠷᠦᠪ᠃ ᠲ᠋ᠡᠷᠡ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠯᠤᠰ》 ᠊ᠢ ᠪᠠᠢ᠌ᠭᠤᠯᠬᠤ ᠪᠠᠷ ᠣᠷᠤᠯᠳᠤᠪᠠ᠃

(67) ᠪᠣᠷᠤᠤᠬᠠᠢ ᠊᠊᠊᠊᠊᠊᠊᠊᠊᠊᠊᠊᠊᠊᠊ ᠰᠢᠳᠠᠮ᠃ 1238 ᠣᠨ ᠳᠤ ᠪᠠᠳᠤ ᠶᠢᠨ ᠳᠠᠢ᠌ᠴᠢᠯᠠᠭᠰᠠᠨ ᠶᠡᠭᠡ ᠴᠡᠷᠢᠭ᠌ ᠣᠷᠤᠰ ᠤᠨ ᠬᠠᠷᠢᠶᠠᠳᠤ ᠠᠰᠤ ᠣᠯᠤᠰ ᠤᠨ ᠨᠠᠢ᠌ᠰᠯᠠᠯ ᠬᠤᠳᠠ ᠶᠢ ᠬᠤᠶᠠᠷ ᠰᠠᠷ᠎ᠠ ᠭᠠᠷᠤᠢ ᠪᠦᠰᠡᠯᠡᠨ ᠪᠠᠢ᠌ᠯᠳᠤᠵᠤ ᠳᠦᠩᠭᠡᠵᠢ ᠪᠠᠭᠤᠯᠭᠠᠨ ᠠᠪᠣᠭᠰᠠᠨ ᠳᠠᠭᠠᠨ ᠢᠯᠠᠯᠳᠠ ᠪᠠᠨ ᠪᠠᠯᠭᠡᠯᠡᠭᠦ ᠶᠡᠭᠡ ᠨᠠᠢ᠌ᠷ ᠭᠢᠪᠠ᠃ ᠨᠠᠢ᠌ᠷ ᠲᠤ ᠪᠠᠳᠤ ᠳᠦᠷᠦᠭᠦᠯᠡᠨ ᠠᠷᠢᠭᠢ ᠣᠤᠭᠤᠭᠰᠠᠨ ᠳᠤ ᠭᠦᠶ‍ᠦᠭ᠌᠂ ᠪᠦᠷᠢ (ᠴᠠᠭᠠᠳᠠᠢ ᠶᠢᠨ ᠣᠮᠪᠣᠯ) ᠳᠤᠷ᠎ᠠ ᠥᠭᠡᠢ᠌ᠴᠡᠵᠤ᠂ ᠰᠤᠭᠳᠤᠭᠤ ᠪᠠᠷ ᠶᠢᠡᠨ 《ᠡᠨᠡ ᠮᠠᠭᠤ ᠨᠤᠮᠤ ᠰᠤᠮᠤ ᠠᠭᠰᠠᠭᠰᠠᠨ ᠡᠭᠡᠨᠡᠷ ᠤᠨ ᠡᠭᠡᠮ ᠢ ᠪᠣᠷᠤᠤᠬᠠᠢ ᠪᠠᠷ ᠵᠤᠳᠤᠬᠤ ᠰᠡᠨ》 ᠭᠡᠵᠤ ᠭᠤᠳᠤᠭᠠᠨ ᠭᠡᠯᠡᠭ᠍ᠰᠡᠨ ᠡᠴᠡ ᠣᠯᠠᠨ ᠬᠠᠨ ᠭᠦᠪᠠᠭᠦᠤᠨ ᠬᠤᠶᠠᠷ ᠪᠦᠯᠦᠭ᠌ ᠪᠣᠯᠵᠤ ᠶᠡᠭᠡᠪᠠᠷ ᠭᠡᠷᠡᠯᠳᠦᠪᠡ᠃ ᠡ᠊ᠨᠳᠡ ᠡᠨᠡ ᠳᠡᠦᠭᠡᠳᠤ ᠶᠠᠪᠣᠳᠠᠯ ᠡᠴᠡ ᠡᠰᠢᠯᠡᠪᠡ᠃

(68) ᠠᠭᠢᠷ ᠪᠣᠯᠠᠭ ᠁ ᠠᠶᠠᠭ᠎ᠠ ᠴᠢᠰᠤ ᠁ ᠊᠊᠊᠊᠊᠊᠊᠊᠊᠊᠊᠊᠊᠊᠊ ᠡᠷᠳᠡᠨ ᠤ ᠪᠠᠭᠠᠳᠤᠷᠯᠢᠭ ᠳᠤᠤᠯᠢᠰ ᠤᠨ ᠪᠠᠭᠠᠳᠤᠷᠴᠤᠳ 《ᠠᠩᠭᠢᠷ ᠪᠣᠯᠠᠭ ᠤᠨ ᠭᠦᠪᠠᠭᠡᠨ ᠳᠤ ᠠᠶᠠᠭ᠎ᠠ ᠴᠢᠰᠤ ᠪᠠᠨ ᠠᠰᠬᠠᠨ᠎ᠡ》 ᠭᠡᠵᠤ ᠠᠮᠠᠯᠳᠠᠨ ᠣᠬᠤᠷᠢᠰᠢ ᠦᠭᠡᠶ ᠪᠠᠢ᠌ᠯᠳᠤᠬᠤ ᠰᠦᠰᠦ ᠵᠤᠷᠢᠭ ᠶᠢᠡᠨ ᠢᠯᠡᠳᠭᠡᠳᠡᠭ᠌᠃

(69) ᠡᠭᠦᠯᠡ ᠁ ᠴᠠᠭᠢᠯᠭᠠᠨ ᠁ ᠮᠤᠩᠭ᠋ᠤᠯ ᠁ ᠴᠢᠩᠭᠢᠰ ᠁ ᠊᠊᠊᠊᠊᠊᠊᠊᠊᠊᠊᠊᠊᠊᠊ ᠮᠠᠠᠵᠤ ᠶᠢᠨ ᠨᠤᠷᠬᠠᠴᠢ 《ᠡᠭᠦᠯᠡ ᠬᠤᠷᠠᠪᠠᠯ ᠪᠣᠷᠤᠭᠠᠨ ᠪᠣᠯᠤᠨ᠎ᠠ᠂ ᠮᠤᠩᠭ᠋ᠤᠯ ᠬᠤᠷᠠᠪᠠᠯ ᠴᠡᠷᠢᠭ᠌ ᠪᠣᠯᠤᠨ᠎ᠠ᠃ ᠮᠤᠩᠭ᠋ᠤᠯ ᠢ ᠪᠣᠤ ᠬᠤᠷᠠᠭᠤᠯᠤᠭᠳᠤᠨ︕》 ᠭᠡᠵᠤ ᠭᠡᠷᠢᠶᠡᠰ ᠥᠯᠡᠳᠡᠭᠡᠭ᠍ᠰᠡᠨ ᠪᠠᠢ᠌ᠳᠠᠭ᠃

(70) ᠵᠠᠯᠪᠠᠷᠢᠵᠤ ᠰᠤᠷᠤᠭᠰᠠᠨ ᠮᠤᠩᠭ᠋ᠤᠯ ᠊᠊᠊᠊᠊᠊᠊᠊᠊᠊᠊᠊᠊᠊᠊ 1578 ᠣᠨ ᠳᠤ ᠠᠯᠳᠠᠨ ᠬᠠᠭᠠᠨ᠂ ᠭᠤᠷᠪᠠᠳᠤᠭᠠᠷ ᠳᠦᠷᠢ ᠶᠢᠨ ᠳᠠᠯᠠᠢ ᠯᠠᠮᠠ ᠰᠤᠤᠠᠨᠠᠮᠵᠠᠮᠰᠤ ᠲᠡᠶ ᠬᠦᠬᠡ‍ᠨᠠᠭᠤᠷ ᠤᠨ ᠴᠠᠪᠴᠢᠶᠠᠯ ᠰᠦᠮ᠎ᠡ ᠳᠤ ᠠᠭᠤᠯᠵᠠᠯᠳᠠ ᠭᠢᠭ᠍ᠰᠡᠨ ᠡᠴᠡ ᠮᠤᠩᠭ᠋ᠤᠯᠴᠤᠳ ᠲᠦᠪᠡᠳ ᠤᠨ ᠰᠢᠷ᠎ᠠ ᠶᠢᠨ ᠱᠠᠰᠢᠨ ᠢ ᠶᠡᠭᠡ ᠭᠡᠪᠴᠢᠶ᠎ᠡ ᠪᠠᠷ ᠭᠦᠯᠢᠶᠡᠨ ᠠᠪᠴᠤ᠂ ᠢᠳᠡᠭᠡᠨ ᠪᠢᠰᠢᠷᠡᠭ᠍ᠰᠡᠨ ᠡᠴᠡ ᠣᠶᠤᠨ ᠰᠠᠨᠠᠭᠠᠨ ᠤ ᠳᠦᠰᠢᠭ᠌ ᠶᠢᠡᠨ ᠠᠯᠳᠠᠵᠤ᠂ ᠵᠠᠶᠠᠭ᠎ᠠ ᠪᠠᠨ ᠭᠦᠯᠢᠶᠡᠵᠤ ᠵᠠᠯᠪᠠᠷᠢᠬᠤ ᠪᠣᠯᠪᠠ᠃

(71) ᠥᠮᠨᠦᠭᠡᠨ ᠊᠊᠊᠊᠊᠊᠊᠊᠊᠊᠊᠊᠊᠊᠊ ᠥᠭᠡᠷ᠎ᠡ᠂ ᠤᠨᠳᠦᠤ᠂ ᠠᠰᠳᠠᠭᠠᠨ᠃

(72) ᠰᠠᠯ ᠮᠤᠳᠤ ᠁ ᠰᠠᠯᠪᠠᠷ ᠰᠢᠪᠠᠭᠤ ᠊᠊᠊᠊᠊᠊᠊᠊᠊᠊᠊᠊᠊᠊᠊ 《ᠠᠷᠭᠠᠰᠤᠨ ᠬᠤᠷᠴᠢ ᠶᠢᠨ ᠳᠤᠮᠤᠭ》 ᠲ᠋ᠤ ᠰᠠᠯ ᠮᠤᠳᠤᠨ ᠳᠤ ᠢᠳᠡᠭᠡᠵᠤ᠂ ᠰᠠᠷ ᠰᠢᠪᠠᠭᠤᠨ ᠳᠤ ᠢᠳᠡᠭ᠍ᠳᠡᠭ᠍ᠰᠡᠨ ᠰᠠᠯᠪᠠᠷ ᠰᠢᠪᠠᠭᠤᠨ ᠤ ᠥᠯᠢᠭᠡᠷ ᠢ ᠶᠠᠷᠢᠵᠤ ᠪᠣᠰᠤᠳ ᠢ ᠰᠤᠬᠤᠷ ᠪᠠᠯᠠᠢ ᠪᠠᠷ ᠲᠦᠰᠢᠨ᠂ ᠡᠴᠦᠰ ᠲᠡᠭᠡᠨ ᠶᠡᠭᠡ ᠬᠤᠤᠷ ᠠᠮᠰᠠᠭᠰᠠᠨ ᠦᠷ᠎ᠡ ᠳ᠋ᠦ᠋ᠩ ᠢ ᠵᠣᠢ᠌ᠷᠯᠠᠨ ᠢᠯᠡᠳᠭᠡᠪᠡ᠃

(73) ᠳᠦᠴᠢ ᠶ‍ᠢᠰᠤᠨ ᠦᠪᠣᠷ ᠨᠤᠳᠤᠭ᠂ ᠳᠦᠷᠪᠡᠨ ᠬᠠᠯᠬ᠎ᠠ ᠠᠷᠤ ᠠᠢ᠌ᠮᠠᠭ ᠊᠊᠊᠊᠊᠊᠊᠊᠊᠊᠊᠊᠊᠊᠊ ᠮᠠᠠᠵᠤ ᠶᠢᠨ ᠨᠤᠶᠠᠷᠬᠠᠭᠴᠢᠳ ᠡᠴᠡ ᠦᠪᠣᠷ ᠮᠤᠩᠭ᠋ᠤᠯ ᠢ ᠵᠢᠷᠭᠤᠭᠠᠨ ᠴᠢᠭᠤᠯᠭᠠᠨ ᠳᠦᠴᠢ ᠶ‍ᠢᠰᠤᠨ ᠬᠤᠰᠢᠭᠤ ᠬᠤᠪᠢᠶᠠᠵᠤ᠂ ᠬᠠᠯᠬ᠎ᠠ ᠮᠤᠩᠭ᠋ᠤᠯ ᠢ ᠳᠦᠷᠪᠡᠨ ᠴᠢᠭᠤᠯᠭᠠᠨ ( ᠠᠢ᠌ᠮᠠᠭ) ᠨᠠᠶᠠᠨ ᠵᠢᠷᠭᠤᠭᠠᠨ ᠬᠤᠰᠢᠭᠤ ᠬᠤᠪᠢᠶᠠᠵᠤ᠂ ᠪᠦᠭᠦ ᠮᠤᠩᠭ᠋ᠤᠯ ᠢ ᠬᠤᠶᠠᠷ ᠵᠠᠭᠤ ᠭᠠᠷᠤᠢ ᠬᠤᠰᠢᠭᠤ ᠬᠤᠪᠢᠶᠠᠵᠤ ᠭᠦᠴᠤ ᠶᠢ ᠨᠢ ᠰᠠᠯᠭᠠᠭᠰᠠᠨ᠃

(74) ᠰᠢᠷ᠎ᠠ ᠳᠠᠯ᠎ᠠ ᠊᠊᠊᠊᠊᠊᠊᠊᠊᠊᠊᠊᠊᠊᠊ ᠮᠤᠩᠭ᠋ᠤᠯ ᠬᠠᠭᠠᠠᠳᠤ ᠣᠯᠤᠰ ᠤᠨ ᠬᠠᠮᠤᠭ ᠰᠡᠭᠦᠯᠴᠢ ᠶᠢᠨ ᠯᠢᠭ᠍ᠳᠡᠨ ᠬᠤᠳᠤᠭᠳᠤ 1634 ᠣᠨ ᠳᠤ ᠬᠦᠬᠡ‍ᠨᠠᠭᠤᠷ ᠤᠨ ᠰᠢᠷ᠎ᠠ ᠳᠠᠯ᠎ᠠ ᠭᠡᠳᠡᠭ᠌ ᠭᠠᠵᠠᠷ ᠨᠠᠰᠤ ᠪᠠᠷᠠᠭᠰᠠᠨ᠃

(75) ᠵᠢᠷᠤᠮᠳᠤ ᠭᠦᠩ᠂ ᠪᠣᠳᠤᠯᠭᠠᠳᠤ᠂ ᠪᠢᠩᠳᠤ ᠊᠊᠊᠊᠊᠊᠊᠊᠊᠊᠊᠊᠊᠊᠊ ᠮᠠᠠᠵᠤ ᠴᠢᠩ ᠤᠨ ᠵᠠᠰᠠᠭ ᠡᠴᠡ ᠮᠤᠩᠭ᠋ᠤᠯ ᠤᠨ ᠨᠤᠶᠠᠤᠨ ᠢᠵᠠᠭᠤᠷᠳᠠᠨ ᠳᠤ ᠣᠯᠭᠤᠭᠰᠠᠨ ᠵᠡᠷᠭᠡ ᠭᠡᠷᠭᠡᠮ᠃ ᠡᠭᠦᠨ ᠳᠤ ᠵᠢᠷᠤᠮᠳᠤ ᠭᠦᠩ ᠴᠤᠯᠠ ᠣᠯᠤᠭᠰᠠᠨ ᠪᠠᠠᠳᠠᠢ ᠪᠣᠯ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠭᠦᠮᠤᠨ᠂ ᠳᠡᠭ᠍ᠷᠢ ᠲᠡᠳᠬᠦᠭ᠍ᠴᠢ ᠬᠠᠭᠠᠨ ᠤ ᠭᠦᠷᠭᠡᠨ᠃ ᠵᠦᠩᠭ᠋ᠠᠷ ᠬᠠᠭᠠᠠᠳᠤ ᠣᠯᠤᠰ ᠲᠡᠶ ᠪᠠᠢ᠌ᠯᠳᠤᠬᠤ ᠳᠠᠢ᠌ᠨ ᠳᠤ ᠨᠠᠰᠤ ᠪᠠᠷᠠᠪᠠ᠃ ᠪᠣᠳᠤᠯᠭᠠᠳᠤ ᠴᠢᠨ ᠸᠠᠩ ᠰᠡᠩᠭᠡᠷᠢᠡᠴᠢᠨ ᠪᠣᠯ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠷᠪᠠᠳᠤᠭᠠᠷ ᠵᠠᠰᠠᠭ ᠸᠡᠩ᠃ ᠳᠦᠭᠡᠮᠡᠯ ᠡᠯᠪᠠᠭ᠍ᠳᠤ ᠶᠢᠨ ᠦᠶ᠎ᠡ ᠳᠤ ᠭᠠᠳᠠᠭᠠᠳᠤ ᠶᠢᠨ ᠳᠦᠷᠢᠮᠡᠭᠡᠢ᠌ᠯᠡᠯ᠂ ᠳᠤᠳᠤᠭᠠᠳᠤ ᠶᠢᠨ ᠰᠠᠮᠠᠭᠤᠨ ᠢ ᠳᠦᠪᠰᠢᠦᠡᠭᠡᠭᠦ ᠳᠤ ᠭᠠᠪᠢᠶ᠎ᠠ ᠦᠯᠡᠮᠵᠢ ᠪᠣᠯᠬᠤᠷ ᠪᠣᠳᠤᠯᠭᠠᠳᠤ ᠴᠢᠨ ᠸᠠᠩ ᠡᠷᠭᠦᠮᠵᠢᠯᠡᠭ᠍ᠳᠡᠪᠡ᠃ ᠪᠢᠩᠳᠤ ᠭᠡᠳᠡᠭ᠌ ᠪᠣᠯ ᠰᠢᠳᠤᠷᠭᠤ ᠭᠡᠳᠡᠭ᠌ ᠮᠠᠠᠵᠤ ᠥᠭᠡ᠃ ᠬᠤᠷᠴᠢᠨ ᠵᠡᠭᠦᠨ ᠭᠠᠷᠤᠨ ᠡᠮᠦᠨᠡᠳᠤ ᠬᠤᠰᠢᠭᠤ ᠶᠢ ᠪᠠᠰᠠ ᠪᠢᠩᠳᠤ ᠬᠤᠰᠢᠭᠤ ᠭᠡᠳᠡᠭ᠌᠃

(76) ᠡᠷᠢᠭᠡ ᠮᠠᠨᠢ ᠁ ᠴᠢᠭᠤᠯᠭᠠᠨ ᠬᠤᠰᠢᠭᠤ ᠁ ᠴᠤᠯᠠ ᠵᠡᠷᠭᠡ ᠁ ᠤᠷᠤᠭ ᠳᠠᠰᠤᠷᠠᠬᠤ ᠦᠭᠡᠶ᠁ ᠊᠊᠊᠊᠊᠊᠊᠊᠊᠊᠊᠊᠊᠊᠊ ᠮᠠᠠᠵᠤ ᠶᠢᠨ ᠨᠤᠶᠠᠷᠬᠠᠭᠴᠢᠳ ᠡᠴᠡ ᠮᠤᠩᠭ᠋ᠤᠯ ᠳᠤ ᠠᠪᠣᠭᠰᠠᠨ ᠲᠦᠷᠦ ᠶᠢᠨ ᠪᠣᠳᠤᠯᠭ᠎ᠠ ᠨᠤᠭᠤᠳ᠃ ᠳᠠᠷᠤᠢ ᠰᠦᠮ᠎ᠡ ᠭᠡᠢ᠌ᠤᠨ ᠪᠠᠢ᠌ᠭᠤᠯᠤᠨ ᠰᠥᠰᠦᠭ᠌ ᠪᠢᠰᠢᠷᠠᠯ ᠢ ᠨᠢ ᠠᠯᠳᠠᠭᠤᠯᠵᠤ᠂ ᠴᠢᠭᠤᠯᠭᠠᠨ ᠬᠤᠰᠢᠭᠤ ᠣᠯᠠᠰᠢᠷᠠᠭᠤᠯᠵᠤ ᠭᠦᠴᠤ ᠶᠢ ᠨᠢ ᠰᠠᠯᠭᠠᠨ᠂ ᠴᠤᠯᠠ ᠵᠡᠷᠭᠡ ᠭᠦᠷᠳᠡᠭᠡᠨ ᠰᠠᠤᠠᠭᠢᠯ ᠢ ᠨᠢ ᠢᠯᠪᠢᠨ᠂ ᠣᠮᠠᠷᠠᠳᠤ ᠳᠤ ᠣᠷᠤᠭ ᠳᠠᠰᠤᠷᠠᠬᠤ ᠦᠭᠡᠶ 《ᠣᠠᠴᠠᠭᠠᠢ ᠬᠠᠷᠠᠭᠠᠯᠵᠠᠯ》 ᠵᠢᠠᠷ ᠶᠢᠡᠨ 《ᠦᠷᠤᠰᠢᠶᠠᠯ ᠡᠨᠡᠷᠢᠯ》 ᠵᠢᠡᠨ ᠨᠡᠪᠳᠡᠷᠡᠭᠦᠯᠵᠤ᠂ ᠨᠥᠯᠦᠭᠡ ᠳᠤᠰᠬᠠᠯ ᠶᠢᠡᠨ ᠦᠷᠭᠡᠳᠭᠡᠪᠡ᠃

(77) ᠮᠡᠭᠦᠰ ᠪᠢ ᠰᠠᠢ᠌ᠰᠢᠶᠠᠮᠤᠢ ᠊᠊᠊᠊᠊᠊᠊᠊᠊᠊᠊᠊᠊᠊᠊ ᠮᠤᠩᠭ᠋ᠤᠯ ᠁ ᠣᠬᠠᠭᠠᠨ ᠪᠠᠯᠡᠷᠡᠵᠤ ᠁ ᠲ᠋ᠡᠩᠭᠡᠭᠡ ᠮᠠᠭᠤᠳᠠᠪᠠᠰᠤ ᠁ ᠮᠡᠭᠦᠰ ᠪᠢ ᠰᠠᠢ᠌ᠰᠢᠶᠠᠮᠤᠢ ᠭᠡᠵᠤ ᠮᠠᠠᠵᠤ ᠶᠢᠨ ᠳᠡᠭ᠍ᠷᠢ ᠲᠡᠳᠬᠦᠭ᠍ᠴᠢ ᠬᠠᠭᠠᠨ ᠭᠡᠯᠡᠭ᠍ᠰᠡᠨ ᠪᠠᠢ᠌ᠳᠠᠭ᠃

(78) ᠪᠣᠴᠠᠯᠤᠭᠰᠠᠨ ᠣᠰᠤ ᠁ ᠪᠦᠯᠢᠶᠡᠨ ᠤᠰᠤ ᠁ ᠮᠡᠯᠡᠭᠡᠢ ᠁ ᠊᠊᠊᠊᠊᠊᠊᠊᠊᠊᠊᠊᠊᠊᠊ ᠡᠢ᠌ᠮᠤ ᠳᠤᠷᠰᠢᠯᠳᠠ ᠪᠠᠷ ᠠᠶᠤᠯ ᠵᠤᠪᠠᠯᠠᠩ ᠳᠤ ᠰᠠᠤᠠᠭᠢᠯ ᠠᠯᠭᠠᠰᠠᠨ ᠬᠤᠤᠷ ᠠᠮᠰᠠᠭᠰᠠᠨ ᠵᠢᠱᠢᠶ᠎ᠠ ᠪᠣᠯᠭᠠᠨ ᠵᠠᠷᠢᠮ ᠡᠷᠳᠡᠮᠳᠡᠨ ᠭᠡᠷᠡᠴᠢᠯᠡᠭ᠍ᠰᠡᠨ᠃

(79) ᠴᠤᠭᠳᠤ ᠳᠠᠢ᠌ᠵᠢ ᠊᠊᠊᠊᠊᠊᠊᠊᠊᠊᠊᠊᠊᠊᠊ ᠬᠠᠯᠬ᠎ᠠ ᠶᠢᠨ ᠴᠤᠭᠳᠤ ᠳᠠᠢ᠌ᠵᠢ᠃ ᠳᠠᠷᠠ ᠯᠢᠭ᠍ᠳᠡᠨ ᠬᠠᠭᠠᠨ ᠢ ᠳᠠᠮᠵᠢᠵᠤ ᠮᠠᠠᠵᠤ ᠶᠢᠨ ᠳᠦᠷᠢᠮᠡᠭᠡᠢ᠌ᠯᠡᠯ ᠢ ᠳᠣᠢ᠌ᠯᠪᠣᠷᠢᠳᠠᠢ ᠡᠰᠡᠷᠭᠦᠴᠡᠪᠡ᠃ ᠯᠢᠭ᠍ᠳᠡᠨ ᠬᠠᠭᠠᠨ ᠢ ᠮᠥᠷᠦᠭᠡᠳᠦᠭ᠍ᠰᠡᠨ 《ᠴᠤᠭᠳᠤ ᠳᠠᠢ᠌ᠵᠢ ᠶᠢᠨ ᠬᠠᠳᠠᠨ ᠤ ᠪᠢᠴᠢᠭ᠌》 ᠭᠡᠳᠡᠭ᠌ ᠰᠢᠯᠦᠭ᠌ ᠥᠯᠡᠳᠡᠭᠡᠪᠡ᠃

(80) ᠴᠢᠩᠭᠦᠡᠵᠡᠪ ᠊᠊᠊᠊᠊᠊᠊᠊᠊᠊᠊᠊᠊᠊᠊ 《ᠵᠢᠷᠦᠭᠡᠨ ᠤ ᠭᠢᠯᠢᠩ》 ᠷᠤᠮᠠᠨ ᠤ ᠭᠤᠤᠯ ᠪᠠᠭᠠᠳᠤᠷ ᠴᠢᠩᠭᠦᠡᠵᠡᠪ ᠪᠣᠯ ᠬᠤᠳᠤᠭᠣᠢ᠌ᠤᠨ ᠣᠪᠣᠭᠳᠠᠨ᠃ ᠳᠡᠭ᠍ᠷᠢ ᠲᠡᠳᠬᠦᠭ᠍ᠴᠢ ᠶᠢᠨ ᠦᠶ᠎ᠡ ᠳᠤ ᠬᠠᠯᠬ᠎ᠠ ᠶᠢᠨ ᠵᠠᠰᠠᠭᠳᠤ ᠬᠠᠨ ᠠᠢ᠌ᠮᠠᠭ ᠤᠨ ᠳᠤᠰᠠᠯᠠᠬᠤ ᠵᠠᠩᠵᠤᠨ ᠪᠠᠢ᠌ᠪᠠ᠃ ᠵᠦᠩᠭ᠋ᠠᠷ ᠤᠨ ᠳᠠᠸᠠᠴᠢ ᠶᠢ ᠪᠠᠢ᠌ᠯᠳᠤᠬᠤ ᠪᠠᠷ ᠮᠤᠷᠳᠠᠬᠤ ᠵᠠᠮ ᠳᠠᠭᠠᠨ ᠵᠦᠩᠭ᠋ᠠᠷ ᠤᠨ ᠠᠮᠤᠷᠰᠠᠨᠠᠭ᠎ᠠ᠂ ᠬᠤᠷᠴᠢᠨ ᠡᠹᠤ᠋ ᠰᠠᠪᠳᠠᠠᠪᠠᠯᠵᠤᠤᠷ ( ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠳᠠᠪᠣᠳᠤᠭᠠᠷ ᠦᠶ᠎ᠡ ᠶᠢᠨ ᠳᠠᠷᠬᠠᠨ ᠴᠢᠨ ᠸᠠᠩ) ᠲᠡᠶ ᠭᠤᠷᠪᠠᠭᠤᠯᠠ ᠨᠢᠭᠤᠴᠠ ᠵᠥᠪᠯᠡᠯᠭᠡᠨ ᠪᠣᠯᠵᠤ 《ᠭᠤᠷᠪᠠᠨ ᠮᠤᠩᠭ᠋ᠤᠯ ᠬᠠᠮᠳᠤᠷᠠᠨ ᠨᠢᠭᠡᠳᠴᠦ ᠮᠠᠠᠵᠤ ᠶᠢᠨ ᠨᠤᠶᠠᠷᠬᠠᠯ ᠢ ᠲᠦᠯᠬᠢᠨ ᠣᠨᠠᠭᠠᠵᠤ᠂ ᠲ᠋ᠤᠰᠠᠭᠠᠷ ᠳᠤᠭᠳᠠᠨᠢᠭᠰᠠᠨ ᠶᠡᠭᠡ ᠮᠤᠩᠭ᠋ᠤᠯ ᠣᠯᠤᠰ ᠪᠠᠢ᠌ᠭᠤᠯᠦᠨ᠎ᠡ》 ᠭᠡᠵᠤ ᠭᠡᠯᠡᠯᠴᠡᠨ ᠳᠤᠭᠳᠠᠭᠰᠠᠨ ᠨᠢ ᠴᠢᠩ ᠵᠠᠰᠠᠭ ᠲᠤ ᠰᠡᠷᠡᠭ᠍ᠳᠡᠵᠤ᠂ ᠴᠢᠩᠭᠦᠡᠵᠡᠪ ᠬᠠᠷᠢᠶᠠᠳᠤ ᠴᠡᠷᠢᠭ᠌ ᠶᠢᠡᠨ ᠠᠪᠴᠤ ᠳᠠᠢ᠌ᠨ ᠤ ᠳᠠᠯᠠᠪᠣᠷ ᠡᠴᠡ ᠣᠬᠤᠷᠢᠨ ᠨᠤᠳᠤᠭ ᠲᠠᠭᠠᠨ ᠡᠭᠡᠵᠤ᠂ ᠴᠢᠩ ᠤᠨ ᠡᠰᠡᠷᠭᠦ ᠵᠡᠪᠰᠡᠭ᠍ᠳᠤ ᠪᠣᠰᠤᠯᠭ᠎ᠠ ᠭᠠᠷᠭᠠᠪᠠ᠃ ᠭᠡᠪᠠᠴᠤ ᠮᠠᠠᠵᠤ ᠴᠢᠩ ᠤᠨ ᠵᠠᠪᠰᠠᠷᠳᠠᠭᠤᠯᠬᠤ ᠠᠷᠭ᠎ᠠ ᠪᠠ ᠭᠦᠴᠤᠨ ᠤ ᠵᠦᠷᠢᠶ᠎ᠠ ᠡᠴᠡ ᠪᠣᠯᠵᠤ ᠢᠯᠠᠭᠳᠠᠪᠠ᠃

(81) ᠳᠤᠷᠭᠤᠳ ᠮᠤᠩᠭ᠋ᠤᠯ ᠊᠊᠊᠊᠊᠊᠊᠊᠊᠊᠊᠊᠊᠊᠊ ᠮᠤᠩᠭ᠋ᠤᠯ ᠤᠨ ᠨᠢᠭᠡ ᠠᠢ᠌ᠮᠠᠭ᠃ ᠳᠦᠷᠪᠡᠨ ᠣᠢ᠌ᠷᠠᠤᠨ ᠤᠨ ᠴᠢᠭᠤᠯᠭᠠᠨ ᠳᠤ ᠪᠠᠭᠳᠠᠵᠤ ᠣᠳᠤ ᠶᠢᠨ ᠰᠢᠠᠵᠢᠶᠠᠩ ᠤᠨ ᠬᠤᠪᠣᠭᠰᠠᠢ᠌ᠷ᠂ ᠲ᠋ᠠᠷᠪᠠᠭᠠᠳᠠᠢ᠂ ᠡᠮᠢᠯ ᠣᠷᠴᠢᠮ ᠠᠮᠢᠳᠤᠷᠠᠵᠤ ᠪᠠᠢ᠌ᠭᠰᠠᠨ ᠶᠢᠡᠨ ᠬᠤᠵᠢᠮ ᠨᠢ ᠪᠠᠷᠠᠭᠤᠠᠰᠢ ᠨᠡᠭᠦᠳᠡᠯᠯᠡᠪᠡ᠃ 1770 ᠣᠨ ᠳᠤ ᠡᠵᠡᠯ ᠮᠦᠷᠠᠨ (ᠸᠤᠯᠭ᠎ᠠ ᠮᠦᠷᠠᠨ) ᠊ᠤ ᠭᠦᠪᠠᠭᠡᠨ ᠳᠤ ᠵᠠᠭᠤ ᠳᠦᠴᠢ ᠭᠠᠷᠤᠢ ᠵᠢᠯ ᠠᠮᠢᠳᠤᠷᠠᠭᠰᠠᠨ ᠨᠢᠭᠡ ᠪᠦᠯᠦᠭ᠌ ᠳᠤᠷᠭᠤᠳ ᠮᠤᠩᠭ᠋ᠤᠯᠴᠤᠳ ᠣᠷᠤᠰ ᠤᠨ ᠳᠠᠷᠤᠯᠠᠯ ᠢ ᠵᠢᠭ᠍ᠰᠢᠨ᠂ ᠰᠢᠯᠭᠠᠷᠠᠭᠰᠠᠨ ᠣᠳᠤᠷᠢᠳᠤᠭᠴᠢ ᠣᠪᠠᠰᠢ ᠬᠠᠨ ᠤ ᠳᠠᠭᠠᠭᠤᠯᠭ᠎ᠠ ᠪᠠᠷ ᠲᠦᠮᠡᠨ ᠭᠠᠵᠠᠷ ᠤᠨ ᠠᠯᠤᠰ ᠡᠴᠡ ᠳᠡᠭᠡᠳᠤ ᠶᠢᠨ ᠨᠤᠳᠤᠭ ᠲᠠᠭᠠᠨ ᠪᠣᠴᠠᠬᠤ ᠪᠠᠷ ᠨᠠᠷᠠ ᠭᠠᠷᠬᠤ ᠵᠥᠭ᠌ ᠲᠤ ᠠᠶᠠᠯᠠᠪᠠ᠃ ᠮᠤᠩᠭ᠋ᠤᠯᠴᠤᠳ ᠤᠨ ᠬᠠᠮᠤᠭ ᠰᠡᠭᠦᠯᠴᠢ ᠶᠢᠨ ᠭᠢᠯᠠᠯᠵᠠᠭᠰᠠᠨ ᠠᠶᠠᠨ ᠳᠠᠢ᠌ᠨ ᠭᠡᠭ᠍ᠳᠡᠳᠡᠭ᠌ ᠡᠨᠡ ᠳᠡᠦᠭᠡᠳᠤ ᠶᠠᠪᠣᠳᠠᠯ ᠶᠢᠡᠷ ᠰᠡᠳᠦᠪᠯᠡᠭ᠍ᠰᠡᠨ 《ᠵᠡᠭᠦᠡᠰᠢ ᠪᠣᠴᠠᠭᠰᠠᠨ ᠪᠠᠭᠠᠳᠤᠷᠴᠦᠳ》 ᠭᠡᠳᠡᠭ᠌ ᠺᠢᠨᠤ᠋ ᠪᠠᠢ᠌ᠳᠠᠭ᠃

(82) ᠳᠤᠯᠡᠨ ᠊᠊᠊᠊᠊᠊᠊᠊᠊᠊᠊᠊᠊᠊᠊ ᠡᠭᠦᠷᠢᠳᠡ ᠶᠢᠨ ᠣᠰᠤᠨ ᠤ ᠡᠵᠡᠷᠭᠡᠭ᠍ᠴᠢ ᠭᠡᠰᠡᠨ ᠴᠤᠯᠠ ᠲᠡᠶ ᠨᠢᠭᠡ ᠵᠣᠢ᠌ᠯ ᠤᠨ ᠳᠤᠭᠰᠢᠨ ᠵᠢᠭᠠᠰᠤ᠃

(83) ᠪᠣᠢ᠌ᠷ᠎ᠠ ᠶᠢᠨ ᠳᠠᠷᠢᠶᠠᠨ ᠤ ᠳᠠᠭᠤᠤ ᠊᠊᠊᠊᠊᠊᠊᠊᠊᠊᠊᠊᠊᠊᠊ ᠣᠳᠤ ᠶᠢᠨ ᠲᠦᠩᠯᠢᠶᠤᠤ ᠬᠤᠳᠠ ᠶᠢᠨ ᠰᠠᠭᠤᠷᠢᠨ ᠳᠡᠭᠡᠷ᠎ᠡ ᠥᠩᠭᠡᠷᠡᠭ᠍ᠰᠡᠨ ᠳᠡᠭᠡᠨ 《ᠪᠣᠢ᠌ᠷ᠎ᠠ ᠶᠢᠨ ᠳᠡᠷᠢᠶ᠎ᠡ》 ᠭᠡᠳᠡᠭ᠌ ᠠᠢ᠌ᠯ ᠪᠠᠢ᠌ᠭᠰᠠᠨ ᠶᠤᠮ᠃ ᠡ᠊ᠨᠳᠡ ᠠᠳᠠᠷ ᠬᠠᠭᠠᠯᠪᠣᠷᠢᠯᠠᠨ ᠳᠠᠷᠢᠶ᠎ᠠ ᠳᠠᠷᠢᠵᠤ᠂ ᠲᠦᠩᠯᠢᠶᠤᠤ ᠰᠢᠶᠠᠨ ᠢ ᠭᠠᠷᠭᠠᠭᠰᠠᠨ ᠢ ᠮᠤᠩᠭ᠋ᠤᠯᠴᠤᠳ 《ᠪᠣᠢ᠌ᠷ᠎ᠠ ᠶᠢᠨ ᠳᠠᠷᠢᠶᠠᠨ ᠤ ᠠᠳᠡᠷ》 ᠭᠡᠵᠤ ᠨᠠᠷᠠᠯᠠᠪᠠ᠃ ᠳᠡᠭᠡᠭᠡᠤᠨ ᠮᠤᠩᠭ᠋ᠤᠯᠴᠤᠳ ᠤᠨ ᠨᠤᠳᠤᠭ ᠶᠢᠡᠨ ᠠᠯᠳᠠᠭᠰᠠᠨ ᠭᠤᠨᠢᠭᠳᠤ ᠳᠠᠭᠤᠤ 《ᠪᠣᠢ᠌ᠷ᠎ᠠ ᠶᠢᠨ ᠳᠠᠷᠢᠶᠠᠨ ᠤ ᠳᠠᠭᠤᠤ》 (ᠪᠠᠭᠠᠷᠢᠨ ᠳᠠᠷᠢᠶᠠᠨ ᠤ ᠳᠠᠭᠤᠤ) ᠡᠭᠦᠰᠪᠡ᠃

(84) ᠣᠯᠪᠠᠭ᠎ᠠ ᠊᠊᠊᠊᠊᠊᠊᠊᠊᠊᠊᠊᠊᠊᠊ ᠣᠯᠠ ᠮᠦᠷ᠃

(85) ᠳᠤᠭᠳᠠᠬᠤ᠂ ᠭᠠᠳᠠ ᠊᠊᠊᠊᠊᠊᠊᠊᠊᠊᠊᠊᠊᠊᠊ ᠠᠳᠠᠷ ᠬᠠᠭᠠᠯᠪᠣᠷᠢᠯᠠᠬᠤ ᠶᠢ ᠡᠰᠡᠷᠭᠦᠴᠡᠭ᠍ᠰᠡᠨ ᠦᠨᠳᠦᠰᠦᠳᠠᠨ ᠤ ᠪᠠᠭᠠᠳᠤᠷ᠃ 《ᠮᠤᠩᠭ᠋ᠤᠯ ᠤᠨ ᠳᠦᠷᠦᠭᠦᠤ ᠳᠡᠭᠡᠷᠡᠮ》 ᠭᠡᠭ᠍ᠳᠡᠳᠡᠭ᠌ ᠵᠤᠷᠢᠭᠳᠤ ᠪᠠᠭᠠᠳᠤᠷ ᠳᠤᠭᠳᠠᠬᠤ ᠪᠣᠯ ᠡᠮᠦᠨᠡᠳᠤ ᠭᠤᠷᠯᠤᠰ ᠤᠨ ᠭᠦᠮᠤᠨ᠃ 1906 ᠣᠨ ᠡᠴᠡ ᠡᠭᠢᠯᠡᠵᠤ ᠠᠳᠠᠷ ᠬᠠᠭᠠᠯᠪᠣᠷᠢᠯᠠᠬᠤ ᠶᠢ ᠡᠰᠡᠷᠭᠦᠴᠡᠭ᠍ᠰᠡᠨ ᠵᠡᠪᠰᠡᠭ᠍ᠳᠤ ᠳᠠᠮᠠᠴᠠᠯ ᠥᠷᠨᠢᠭᠦᠯᠵᠤ᠂ ᠬᠤᠵᠢᠮ ᠨᠢ ᠭᠢᠳᠠᠤᠨ ᠤᠨ ᠴᠡᠷᠢᠭ᠌ ᠤᠨ ᠡᠷᠭᠡᠳᠡᠨ ᠳᠤ ᠰᠢᠬᠠᠭᠳᠠᠵᠤ ᠣᠷᠤᠰ ᠲᠤ ᠵᠠᠢ᠌ᠯᠠᠵᠤ ᠶᠠᠪᠣᠭᠰᠠᠨ ᠶᠢᠡᠨ ᠬᠠᠯᠬ᠎ᠠ ᠶᠢᠨ ᠳᠤᠰᠠᠭᠠᠷ ᠳᠤᠭᠳᠠᠨᠢᠯ ᠤᠨ ᠭᠦᠳᠡᠯᠭᠡᠭᠡᠨ ᠳᠤ ᠢᠳᠠᠪᠭᠢᠯᠠᠨ ᠤᠷᠦᠯᠴᠡᠵᠤ᠂ ᠴᠡᠷᠢᠭ᠌ ᠤᠨ ᠶᠠᠮᠤᠨ ᠤ ᠳᠠᠳ᠋ ᠰᠠᠢ᠌ᠳ ᠶᠢᠡᠷ ᠳᠤᠮᠢᠯᠠᠭᠳᠠᠪᠠ᠃ 1922 ᠣᠨ ᠳᠤ ᠣᠯᠠᠭᠠᠠᠪᠠᠭᠠᠳᠤᠷ ᠬᠤᠳᠠᠨ᠎ᠠ ᠡᠪᠠᠦᠡᠴᠢᠨ ᠶᠢᠡᠷ ᠨᠠᠰᠤ ᠨᠥᠭ᠍ᠴᠢᠪᠡ᠃ ᠳᠠᠷᠬᠠᠨ ᠪᠠᠭᠠᠳᠤᠷ ᠭᠠᠳᠠ ᠮᠠᠢ᠌ᠷᠠᠨ ᠪᠣᠯ ᠳᠠᠷᠬᠠᠨ ᠬᠤᠰᠢᠭᠤᠨ ᠤ ᠭᠦᠮᠤᠨ᠃ ᠳᠡᠭᠦᠨ ᠤ ᠠᠳᠠᠷ ᠬᠠᠭᠠᠯᠪᠣᠷᠢᠯᠠᠬᠤ ᠶᠢ ᠡᠰᠡᠷᠭᠦᠴᠡᠭ᠍ᠰᠡᠨ ᠳᠠᠮᠠᠴᠠᠯ ᠭᠤᠷᠪᠠᠨ ᠵᠢᠯ ᠥᠷᠭᠦᠯᠵᠢᠯᠡᠭᠡᠤᠨ ᠢᠯᠠᠭᠳᠠᠭᠰᠠᠨ ᠴᠤ ᠳᠠᠷᠬᠠᠨ ᠬᠤᠰᠢᠭᠤᠨ ᠤ ᠬᠤᠰᠢᠭᠤᠨ ᠪᠠᠢ᠌ᠭᠤᠯᠤᠯ ᠦᠯᠠᠳᠠᠵᠤ᠂ ᠳᠦᠴᠢᠨ ᠲᠦᠮᠡᠨ ᠮᠤᠩᠭ᠋ᠤᠯᠴᠤᠳ ᠣᠳᠤ ᠪᠣᠯᠳᠠᠯ᠎ᠠ ᠡ᠊ᠨᠳᠡ ᠪᠠᠨ ᠣᠷᠤᠰᠢᠵᠤ ᠠᠮᠢᠳᠤᠷᠠᠭᠰᠠᠭᠠᠷ᠃

(86) ᠳᠡᠮᠳᠢᠡᠰᠥᠷᠦᠡᠭ᠌ ᠊᠊᠊᠊᠊᠊᠊᠊᠊᠊᠊᠊᠊᠊᠊ ᠬᠠᠯᠬ᠎ᠠ ᠶᠢᠨ ᠮᠠᠩᠯᠠᠢ ᠪᠠᠭᠠᠳᠤᠷ ᠳᠡᠮᠳᠢᠡᠰᠥᠷᠦᠡᠭ᠌ ᠬᠠᠷᠢ ᠶᠢᠨ ᠳᠦᠷᠢᠮᠡᠭᠡᠢ᠌ᠯᠡᠭ᠍ᠴᠢᠳ ᠲᠤ ᠰᠦᠷ ᠳᠠᠷᠤᠭᠳᠠᠬᠤ ᠦᠭᠡᠶ ᠭᠡᠵᠤ ᠭᠢᠠᠳᠠᠨ ᠳᠤ ᠵᠤᠭᠰᠤᠭ᠎ᠠ ᠪᠠᠷ ᠥᠭᠦᠭ᠍ᠰᠡᠨ ᠪᠠᠢ᠌ᠳᠠᠭ᠃

(87) ᠬᠠᠷᠠᠴᠢᠨ ᠸᠠᠩ ᠊᠊᠊᠊᠊᠊᠊᠊᠊᠊᠊᠊᠊᠊᠊ ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠬᠠᠮᠤᠭ ᠰᠡᠭᠦᠯᠴᠢ ᠶᠢᠨ ᠵᠠᠰᠠᠭ ᠸᠠᠩ ᠭᠦᠩᠰᠡᠩᠨᠦᠷᠪᠦ ᠶᠢ ᠵᠢᠭᠠᠪᠠ᠃ ᠲ᠋ᠠᠷᠠ ᠰᠤᠶᠤᠯ ᠭᠡᠭᠡᠷᠡᠯ ᠶᠢᠡᠷ ᠦᠨᠳᠦᠰᠦᠳᠠᠨ ᠶᠢᠡᠨ ᠠᠪᠣᠷᠠᠨ᠎ᠠ ᠭᠡᠵᠤ ᠬᠤᠰᠢᠭᠤᠨ ᠳᠠᠭᠠᠨ ᠥᠭᠡᠷᠡᠴᠢᠯᠡᠯᠳᠡ ᠰᠢᠨᠠᠴᠢᠯᠠᠯᠳᠠ ᠭᠢᠵᠤ᠂ ᠰᠤᠷᠭᠠᠭᠤᠯᠢ ᠰᠤᠨᠢᠨ ᠡᠷᠭᠢᠯᠡᠨ᠂ ᠣᠢ᠌ᠯᠠᠤᠠᠪᠣᠷᠢ ᠠᠭᠤᠷᠬᠠᠢ ᠡᠵᠡᠩᠨᠡᠪᠡ᠃ ᠳᠡᠭᠦᠨ ᠤ ᠬᠠᠮᠤᠭ ᠳᠤᠮᠤ ᠵᠢᠦᠡᠭᠦᠯ ᠭᠡᠪᠠᠯ ᠪᠠᠭᠡᠵᠢᠩ ᠳᠤ ᠮᠤᠩᠭ᠋ᠤᠯ ᠲᠦᠪᠡᠳ ᠤᠨ ᠳᠤᠰᠬᠠᠢ ᠰᠤᠷᠭᠠᠭᠤᠯᠢ (ᠣᠳᠤ ᠶᠢᠨ ᠲᠦᠪ ᠤᠨ ᠦᠨᠳᠦᠰᠦᠳᠠᠨ ᠤ ᠶᠡᠭᠡ ᠰᠤᠷᠭᠠᠭᠤᠯᠢ) ᠶᠢ ᠡᠭᠦᠰᠭᠡᠨ ᠪᠠᠢ᠌ᠭᠤᠯᠤᠭᠰᠠᠨ ᠶᠠᠪᠣᠳᠠᠯ ᠪᠣᠯᠤᠨ᠎ᠠ᠃

(88) ᠴᠣᠢ᠌ᠵᠢᠠᠤᠤᠠᠽᠠᠷ ᠊᠊᠊᠊᠊᠊᠊᠊᠊᠊᠊᠊᠊᠊᠊ 1260 ᠊᠊᠊᠊᠊᠊᠊᠊᠊᠊᠊᠊᠊᠊᠊ 1320 ᠣᠨ ᠤ ᠪᠠᠷᠤᠭ ᠶᠢᠡᠷ ᠠᠮᠢᠳᠤᠷᠠᠵᠤ ᠪᠠᠢ᠌ᠭᠰᠠᠨ ᠮᠤᠩᠭ᠋ᠤᠯ ᠦᠨᠳᠦᠰᠦᠳᠠᠨ ᠤ ᠰᠤᠶᠤᠯ ᠤᠨ ᠶᠡᠭᠡ ᠵᠢᠦᠡᠭᠦᠯᠳᠡᠨ᠃ ᠮᠤᠩᠭ᠋ᠤᠯᠴᠤᠳ ᠤᠨ ᠬᠠᠮᠤᠭ ᠶᠡᠭᠡ ᠡᠭᠦᠳᠦᠯᠳᠡ ᠪᠣᠯᠬᠤ ᠣᠢ᠌ᠭᠤᠷᠵᠢᠨ ᠮᠤᠩᠭ᠋ᠤᠯ ᠥᠰᠦᠭ᠌ ᠤᠨ ᠪᠠᠢ᠌ᠷᠢ ᠰᠠᠭᠤᠷᠢ ᠶᠢ ᠪᠠᠳᠤᠤᠠᠬᠠᠨ᠂ ᠰᠢᠨᠠᠴᠢᠯᠠᠨ ᠰᠠᠢ᠌ᠵᠢᠷᠠᠭᠤᠯᠵᠤ᠂ ᠰᠢᠰᠲ᠋ᠸᠮᠳᠠᠢ ᠰᠢᠠᠵᠢᠯᠠᠵᠤ ᠳᠦᠷᠢᠮᠵᠢᠭᠦᠯᠦᠭ᠍ᠰᠡᠨ ᠮᠤᠩᠭ᠋ᠤᠯ ᠭᠡᠯᠡᠨ ᠤ ᠣᠤᠭᠠᠨ ᠰᠤᠳᠤᠯᠭᠠᠳᠠᠨ᠃

(89) ᠯᠤᠪᠰᠡᠩ᠂ ᠲ᠋ᠡᠮᠭᠡᠳᠤ ᠊᠊᠊᠊᠊᠊᠊᠊᠊᠊᠊᠊᠊᠊᠊ ᠮᠤᠩᠭ᠋ᠤᠯ ᠦᠨᠳᠦᠰᠦᠳᠠᠨ ᠤ ᠰᠤᠶᠤᠯ ᠤᠨ ᠵᠢᠦᠡᠭᠦᠯᠳᠡᠨ᠃ ᠯᠤᠪᠰᠡᠩ ᠭᠡᠮᠡᠭ᠍ᠴᠢ ᠯᠤᠪᠰᠠᠩᠴᠣᠢ᠌ᠳᠠᠨ ᠢ ᠵᠢᠭᠠᠪᠠ᠃ ᠳᠠᠷᠠ 《ᠮᠤᠩᠭ᠋ᠤᠯ ᠤᠨ ᠵᠠᠩ ᠠᠭᠠᠯᠢ ᠶᠢᠨ ᠥᠢᠯᠡᠪᠦᠷᠢ》 ᠭᠡᠳᠡᠭ᠌ ᠨᠤᠮ ᠢ ᠵᠤᠭᠢᠶᠡᠪᠡ᠃ ᠲ᠋ᠡᠮᠭᠡᠳᠤ ᠮᠤᠩᠭ᠋ᠤᠯ ᠥᠰᠦᠭ᠌ ᠤᠨ ᠬᠤᠷᠭᠤᠯᠵᠢᠨ ᠭᠡᠪ ᠢ ᠡᠭᠦᠦᠡᠪᠡ᠃

(90) ᠣᠤᠷ ᠴᠢᠨᠠᠷ ᠊᠊᠊᠊᠊᠊᠊᠊᠊᠊᠊᠊᠊᠊᠊ ᠲᠦᠷᠦᠯᠭᠢ ᠴᠢᠨᠠᠷ᠂ ᠢᠵᠠᠭᠤᠷ ᠡᠴᠡ ᠪᠠᠢ᠌ᠭᠰᠠᠨ ᠴᠢᠨᠠᠷ᠃

(91) ᠳᠠᠢ᠌ᠭᠠᠨ ᠊᠊᠊᠊᠊᠊᠊᠊᠊᠊᠊᠊᠊᠊᠊ ᠥᠩᠭᠡᠷᠡᠭ᠍ᠰᠡᠨ ᠳᠤ ᠬᠠᠭᠠᠨ ᠤ ᠭᠦᠨ ᠣᠷᠳᠤᠨ ᠳᠤ ᠵᠠᠷᠤᠴᠠᠯᠠᠭᠳᠠᠵᠤ ᠪᠠᠢ᠌ᠭᠰᠠᠨ ᠡᠷ᠎ᠡ ᠭᠦᠮᠤᠨ᠃ ᠦᠷᠡᠵᠢᠯ ᠤᠨ ᠡᠷᠭᠡᠳᠡᠨ ᠶᠢᠡᠨ ᠠᠪᠣᠭᠤᠯᠤᠭᠰᠠᠨ ᠡᠴᠡ ᠡᠷ᠎ᠡ ᠡᠮ᠎ᠡ ᠨᠢ ᠮᠡᠳᠡᠭ᠍ᠳᠡᠭᠦ ᠦᠭᠡᠶ ᠰᠤᠨᠢᠨ ᠵᠢᠭ᠍ᠳᠡᠢ ᠵᠠᠩ ᠠᠪᠣᠷᠢ ᠲᠡᠶ ᠪᠣᠯᠳᠠᠭ ᠭᠡᠳᠡᠭ᠌᠃

(92) ᠵᠠᠳᠠ ᠶᠢᠨ ᠬᠠᠷ᠎ᠠ ᠴᠢᠯᠠᠭᠤ ᠊᠊᠊᠊᠊᠊᠊᠊᠊᠊᠊᠊᠊᠊᠊ ᠵᠠᠳᠠ ᠴᠢᠯᠠᠭᠤ ᠭᠡᠳᠡᠭ᠌ ᠪᠣᠯ ᠠᠷᠢᠶᠠᠳᠠᠨ ᠠᠮᠢᠳᠠᠨ ᠤ ᠭᠡᠳᠡᠰᠤᠨ ᠡᠴᠡ ᠣᠯᠤᠭᠰᠠᠨ ᠴᠢᠯᠠᠭᠤ᠃ ᠬᠠᠷ᠎ᠠ ᠴᠠᠭᠠᠨ ᠬᠤᠶᠠᠷ ᠥᠩᠭᠡ ᠶᠢᠨ ᠪᠠᠢ᠌ᠳᠠᠭ᠃ ᠮᠤᠩᠭ᠋ᠤᠯᠴᠤᠳ ᠵᠠᠳᠠ ᠴᠢᠯᠠᠭᠤ ᠶᠢ ᠪᠣᠷᠤᠭᠠᠨ ᠰᠠᠯᠭᠢᠨ ᠣᠷᠢᠬᠤ ᠷᠢᠳᠢ ᠰᠢᠳᠢ ᠲᠡᠶ ᠭᠡᠵᠤ ᠰᠢᠳᠤᠨ ᠪᠢᠰᠢᠷᠡᠳᠡᠭ᠌᠃

(93) ᠣᠳᠤᠮ ᠵᠠᠯᠭᠠᠬᠤ ᠮᠡᠩᠭᠡ᠂ ᠤᠷᠤᠭ ᠳᠠᠨᠢᠭᠤᠯᠬᠤ ᠵᠢᠰᠤ ᠊᠊᠊᠊᠊᠊᠊᠊᠊᠊᠊᠊᠊᠊᠊ ᠮᠤᠩᠭ᠋ᠤᠯ ᠭᠦᠮᠤᠨ ᠢ ᠰᠠ‍‌ᠶᠢ ᠳᠦᠷᠦᠭᠦ ᠳᠤ ᠨᠢᠷᠤᠭᠤᠨ ᠳ᠋ᠤᠨᠢ ᠭᠦᠭᠡ ᠳᠤᠯᠪᠣ ᠲᠡᠶ ᠪᠠᠢ᠌ᠳᠠᠭ ᠪᠦᠭᠡᠤᠨ ᠡᠨᠡ ᠳᠤᠯᠪᠣ ᠨᠢ ᠵᠥᠪᠭᠡᠨ ᠮᠤᠩᠭ᠋ᠤᠯ ᠭᠦᠮᠤᠨ ᠪᠠ ᠶᠠᠫᠣᠨ ᠭᠦᠮᠤᠨ᠂ ᠢᠠᠳᠢᠶᠠᠨ ᠭᠦᠮᠤᠨ ᠳᠤ ᠯᠠ ᠪᠠᠢ᠌ᠳᠠᠭ ᠭᠡᠳᠡᠭ᠌ ᠡᠴᠡ ᠪᠠᠰᠠ ᠮᠤᠩᠭ᠋ᠤᠯ ᠳᠤᠯᠪᠣ (ᠮᠤᠩᠭ᠋ᠤᠯ ᠮᠡᠩᠭᠡ) ᠭᠡᠵᠤ ᠨᠡᠷᠡᠯᠡᠳᠡᠭ᠌᠃ ᠮᠤᠩᠭ᠋ᠤᠯᠴᠤᠳ ᠤᠨ ᠥᠡᠳᠡᠭᠡᠨ ᠬᠠᠴᠠᠷ ᠣᠠᠴᠠ ᠭᠦᠳᠦᠭᠦᠷ ᠨᠢ ᠪᠠᠰᠠ ᠨᠢᠭᠡ ᠢᠯᠡᠷᠭᠡᠢ ᠰᠢᠠᠵᠢ ᠳᠡᠮᠳᠡᠭ᠌ ᠭᠡᠵᠤ ᠡᠷᠳᠡᠮᠳᠡᠳ ᠰᠤᠳᠤᠯᠳᠠᠭ᠃

(94) ᠴᠢᠰᠤ ᠪᠠᠨ ᠳᠤᠯᠢᠶᠠᠪᠠᠯ ᠰᠢᠷᠬ᠎ᠠ ᠨᠢ ᠡᠳᠡᠭᠡᠷᠡᠳᠡᠭ᠌ ᠊᠊᠊᠊᠊᠊᠊᠊᠊᠊᠊᠊᠊᠊᠊ ᠮᠤᠩᠭ᠋ᠤᠯ ᠭᠠᠵᠠᠷ ᠤᠨ ᠴᠢᠨ᠋ᠸ᠎ᠠ ᠰᠢᠷᠬ᠎ᠠ ᠪᠠᠨ ᠭᠤᠷᠪᠠᠬᠠᠨ ᠳᠤᠯᠢᠶᠠᠪᠠᠯ ᠳᠠᠷᠤᠢ ᠡᠳᠡᠭᠡᠷᠡᠳᠡᠭ᠌ ᠭᠡᠳᠡᠭ᠌ ᠶᠠᠷᠢᠶ᠎ᠠ ᠪᠠᠢ᠌ᠳᠠᠭ᠃

(95) ᠡᠷᠭᠦᠵᠤ ᠦᠯᠦ ᠪᠣᠯᠬᠤ ᠡᠭᠦᠳᠡ ᠭᠡᠵᠤ ᠪᠠᠢ᠌ᠳᠠᠭ᠂ ᠲ᠋ᠠᠪᠠᠵᠤ ᠦᠯᠦ ᠪᠣᠯᠬᠤ ᠪᠣᠱᠤᠭ᠎ᠠ ᠭᠡᠵᠤ ᠪᠠᠢ᠌ᠳᠠᠭ ᠊᠊᠊᠊᠊᠊᠊᠊᠊᠊᠊᠊᠊᠊᠊ ᠮᠠᠠᠳᠤᠬᠠᠢ ᠰᠠᠴᠠᠨ ᠬᠠᠳᠤᠨ ᠤ 《ᠳᠠᠩᠭ᠋ᠠᠷᠢᠭ ᠰᠢᠯᠦᠭ᠌》 ᠲ᠋ᠤ ᠡᠢ᠌ᠮᠤ ᠥᠭᠡ ᠪᠠᠷ ᠬᠤᠷᠴᠢᠨ ᠤ ᠦᠨᠡᠠᠪᠣᠯᠤᠳ ᠸᠠᠩ ᠤᠨ ᠣᠷᠤᠭ ᠭᠤᠶᠤᠯᠭ᠎ᠠ ᠶᠢ ᠪᠣᠴᠠᠭᠠᠭᠰᠠᠨ ᠪᠠᠢ᠌ᠳᠠᠭ᠃

(96) ᠮᠤᠷᠢ ᠳᠡᠷᠭᠡᠯᠡᠭᠳᠡᠭᠰᠡᠨ ᠊᠊᠊᠊᠊᠊᠊᠊᠊᠊᠊᠊᠊᠊᠊ ᠲ᠋ᠡᠭᠡᠷ᠎ᠡ ᠵᠠᠭᠤᠨ ᠤ ᠨᠠᠶᠠᠭᠠᠤᠨ ᠣᠨ ᠳᠤ ᠦᠪᠣᠷ ᠮᠤᠩᠭ᠋ᠤᠯ ᠤᠨ ᠮᠤᠷᠢᠳᠤ ᠴᠡᠷᠢᠭ᠌ ᠤᠨ ᠪᠠᠢ᠌ᠭᠤᠯᠤᠯ ᠣᠷᠤᠨ ᠳᠤᠭ᠎ᠠ ᠶᠢ ᠬᠠᠰᠤᠵᠤ᠂ ᠴᠡᠷᠢᠭ᠌ ᠤᠨ ᠮᠤᠷᠢᠳ ᠢ ᠳᠠᠷᠬᠠᠯᠠᠭᠰᠠᠨ ᠪᠠᠢ᠌ᠳᠠᠭ᠃

(97) ᠰᠤᠶᠤᠯ ᠦᠪ ᠪᠣᠯ ᠳᠦᠯᠭᠢᠭᠦᠷ ᠊᠊᠊᠊᠊᠊᠊᠊᠊᠊᠊᠊᠊᠊᠊ ᠹᠷᠡᠡᠼᠢ ᠶᠢᠨ ᠶᠡᠭᠡ ᠵᠤᠬᠢᠶᠠᠯᠴᠢ ᠠ᠊᠂ ᠳ᠋ᠠᠤᠲ᠋ᠠᠢ ᠶᠢᠨ ᠰᠢᠯᠢᠳᠡᠭ᠌ ᠥᠭᠦᠯᠡᠯᠭᠡ 《ᠬᠠᠮᠤᠭ ᠰᠡᠭᠦᠯᠴᠢ ᠶᠢᠨ ᠭᠢᠴᠢᠶᠠᠯ》 ᠳ᠋ᠤ ᠡᠨᠡ ᠰᠠᠨᠠᠭ᠎ᠠ ᠶᠢ ᠭᠠᠷᠭᠠᠭᠰᠠᠨ᠃

(98) ᠢᠰᠦ᠋ᠰ ᠊᠊᠊᠊᠊᠊᠊᠊᠊᠊᠊᠊᠊᠊᠊ ᠾᠷᠢᠰᠲ᠋ᠤᠰ ᠱᠠᠰᠢᠨ ᠢ ᠡᠭᠦᠳᠦᠭ᠍ᠴᠢ᠂ ᠲ᠋ᠡᠷᠡ ᠥᠭᠦᠭ᠍ᠰᠡᠨ ᠤ ᠪᠠᠨ ᠳᠤᠯᠤᠭ᠎ᠠ ᠬᠤᠨᠤᠭ ᠳᠡᠭᠡᠷ᠎ᠡ ᠪᠠᠨ ᠳᠠᠭᠢᠨ ᠡᠳᠡᠭᠡᠷᠡᠵᠤ ᠳᠡᠭ᠍ᠷᠢ ᠳᠤ ᠭᠠᠷᠤᠭᠰᠠᠨ ᠭᠡᠳᠡᠭ᠌᠃

(99) ᠴᠡᠭᠡᠯ ᠤᠨ ᠤᠰᠤ ᠁ ᠴᠡᠭᠡᠨ ᠴᠢᠯᠠᠭᠤ ᠁ ᠊᠊᠊᠊᠊᠊᠊᠊᠊᠊᠊᠊᠊᠊᠊ ᠶ‍ᠢᠰᠦᠭᠡᠢ ᠪᠠᠭᠠᠳᠤᠷ ᠨᠠᠰᠤ ᠨᠥᠭ᠍ᠴᠢᠭ᠍ᠰᠡᠨ ᠳᠤ ᠳᠡᠭᠦᠨ ᠤ ᠬᠠᠷᠢᠶᠠᠳᠤ ᠢᠷᠭᠡᠤᠨ 《ᠴᠡᠭᠡᠯ ᠤᠨ ᠣᠰᠤ ᠰᠢᠷᠭᠢᠪᠡ᠂ ᠴᠡᠭᠡᠨ ᠴᠢᠯᠠᠭᠤ ᠬᠠᠭᠠᠷᠠᠪᠠ》 ᠭᠡᠵᠤ ᠥᠭᠡᠯᠤᠨ ᠡᠭᠡ᠂ ᠦᠨᠦᠴᠢᠨ ᠭᠡᠦᠭᠡᠤᠨ ᠲᠡᠶ ᠨᠢ ᠣᠷᠭᠢᠵᠤ ᠳᠦᠷᠪᠡᠵᠤ ᠶᠠᠪᠣᠭᠰᠠᠨ ᠪᠠᠢ᠌ᠳᠠᠭ᠃

(100) ᠴᠡᠭ᠍ᠴᠡᠦᠭᠡᠢ ᠊᠊᠊᠊᠊᠊᠊᠊᠊᠊᠊᠊᠊᠊᠊ ᠨᠢᠭᠡ ᠵᠣᠢ᠌ᠯ ᠤᠨ ᠵᠢᠵᠢᠭ᠌ ᠰᠢᠪᠠᠭᠤ᠂ ᠦᠪᠣᠷ ᠮᠤᠩᠭ᠋ᠤᠯ ᠤᠨ ᠰᠦᠯᠳᠡ ᠰᠢᠪᠠᠭᠤ ᠭᠡᠳᠡᠭ᠌᠃

ᠵᠤᠬᠢᠶᠠᠭᠴᠢ᠄ ᠳᠠᠮᠤᠷᠪᠠᠭᠠᠨ᠎ᠠ
ᠢᠷᠡᠯᠲᠡ᠄ ᠳᠠᠮᠤᠷᠪᠠᠭᠠᠨ᠎ᠠ
ᠬᠠᠷᠢᠶ᠎ᠠ᠄ ᠰᠢᠯᠦᠭ
ᠳᠠᠷᠤᠮ᠄ 5249
ᠴᠠᠭ᠄ 2007 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ