ᠨᠡᠪᠲᠡᠷᠡᠨ ᠤᠷᠤᠬᠤ
ᠡᠵᠢ ᠳᠡᠭᠡᠨ ᠪᠢ ᠡᠷᠳᠡ ᠣᠴᠢᠨ᠎ᠠ

ᠤᠶᠠᠩ‍ᠭ᠎ᠠ ᠶᠢᠨ ᠡᠭᠡᠰᠢᠭ᠌ ᠳᠠᠳᠠᠭᠤᠯᠤᠭᠰᠠᠨ

ᠣᠷᠳᠤ ᠨᠠᠮᠤᠷ ᠤᠨ ᠰᠢᠷᠭᠠᠯ ᠥᠩᠭᠡ ᠳ᠋ᠤ

ᠣᠬᠠᠭᠠᠨ ᠦᠭᠡᠶ ᠦᠷ᠎ᠡ ᠨᠢ ᠡᠵᠢ ᠳᠡᠭᠡᠨ ᠣᠴᠢᠬᠤ ᠭᠡᠵᠤ ᠭᠡᠯᠡᠭ᠍ᠰᠡᠨ

ᠡᠭᠡᠷᠡᠭᠦᠯ ᠤᠨ ᠡᠷᠭᠢᠯᠳᠡ ᠰᠢᠭ᠌ ᠡᠳᠦᠷ ᠢ ᠥᠩᠭᠡᠷᠡᠭᠦ ᠭᠡᠵᠤ ᠡᠵᠢ ᠮᠢᠨᠢ ᠶᠠᠭᠠᠷᠠᠭᠰᠠᠨ


ᠰᠢᠪᠠᠭᠤᠳ ᠪᠣᠴᠠᠵᠤ ᠨᠠᠪᠴᠢᠰ ᠨᠡᠭᠦᠭ᠍ᠰᠡᠨ ᠮᠦᠴᠡ ᠳ᠋ᠤ

ᠰᠠᠢ᠌ᠬᠠᠨ ᠡᠵᠢ ᠳᠡᠭᠡᠨ ᠪᠢ ᠭᠦᠷᠴᠤ ᠥᠨᠦᠰᠦᠭᠦᠯᠦᠨ᠎ᠡ ᠭᠡᠰᠡᠨ

ᠭᠡᠯᠡᠭ᠍ᠰᠡᠨ ᠳᠡᠭᠡᠨ ᠢᠷᠡᠭᠦ ᠶᠤᠮ ᠭᠡᠵᠤ ᠢᠳᠡᠭᠡᠨ

ᠰᠠᠷ᠎ᠠ ᠶᠢᠨ ᠠᠳᠠᠭ ᠢ ᠰᠤᠨᠤᠭᠠᠵᠤ ᠡᠵᠢ ᠮᠢᠨᠢ ᠶᠡᠭᠡ ᠭᠦᠯᠢᠶᠡᠭ᠍ᠰᠡᠨ


ᠰᠠᠯᠭᠢ ᠰᠠᠷᠪᠠᠯᠵᠠᠵᠤ ᠰᠡᠳᠭᠢᠯ ᠥᠢᠮᠦᠷᠡᠬᠤ ᠣᠯᠠᠷᠢᠯ ᠤᠨ ᠡᠴᠦᠰ ᠳᠤ

ᠰᠡᠳᠭᠢᠯ ᠤᠨ ᠰᠢᠳᠦᠭᠡᠨ ᠡᠵᠢ ᠳᠡᠭᠡᠨ ᠪᠢ ᠣᠴᠢᠭᠰᠠᠨ

ᠰᠠᠭᠠᠯᠢ ᠶᠢᠨ ᠦᠨᠦᠷ ᠬᠠᠩᠬᠤᠯᠤᠭᠰᠠᠨ ᠡᠵᠢ ᠶᠢ ᠪᠠᠨ

ᠰᠠᠨᠠᠭ᠎ᠠ ᠠᠯᠭᠠᠰᠳᠠᠯ᠎ᠠ ᠭᠦᠯᠢᠶᠡᠯᠭᠡᠭ᠍ᠰᠡᠨ ᠳᠡᠭᠡᠨ ᠪᠢ ᠶᠡᠭᠡ ᠵᠤᠪᠠᠭᠰᠠᠨ


ᠵᠤᠬᠢᠶᠠᠭᠴᠢ ᠶᠢᠨ ᠬᠠᠶ‍ᠢᠭ ᠄ ᠪᠣᠭᠤᠳᠤ ᠬᠤᠳᠠ ᠶᠢᠨ ᠲᠦᠮᠡᠳ ᠪᠠᠷᠠᠭᠤᠨ ᠬᠤᠰᠢᠭᠤ

ᠵᠤᠬᠢᠶᠠᠭᠴᠢ᠄ ᠡᠭᠡᠰᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ