☆ ᠳ᠋·ᠪᠦᠷᠢᠨᠲᠤᠭᠲᠠᠬᠤ
ᠭᠡᠭᠡᠭᠡᠨ
ᠣᠳᠤ ᠲᠡᠶ ᠳᠡᠭ᠍ᠷᠢ ᠶᠢᠨ ᠭᠢᠵᠠᠭᠠᠷ ᠳᠤ
ᠨᠣᠢ᠌ᠷᠮᠤᠭᠯᠠᠵᠤ ᠶᠠᠪᠣᠭ᠎ᠠ ᠰᠠᠷ᠎ᠠ
ᠡᠭᠦᠯᠡᠨ ᠭᠦᠡᠵᠢᠯᠡ ᠪᠠᠨ ᠢᠷᠠᠬᠤ ᠳᠤ
ᠦᠳᠡᠰᠢ ᠨᠢᠭᠡ ᠭᠡᠭᠡᠭᠡᠨ
ᠲ᠋ᠡᠷᠡ ᠬᠤᠯᠠ ᠶᠢᠨ ᠭᠠᠵᠠᠷ ᠡᠴᠡ
ᠨᠠᠮ᠎ᠠ ᠶᠢ ᠪᠠᠨ ᠭᠡᠵᠤ ᠳᠠᠮᠡᠤᠯᠠᠵᠤ ᠢᠷᠡᠭᠡᠳ
ᠰᠠᠷᠠᠨ ᠤ ᠭᠡᠷᠡᠯ ᠬᠤᠪᠢᠶᠠᠨ ᠵᠤᠭᠰᠤᠬᠤ ᠳᠤ
ᠰᠡᠳᠭᠢᠯ ᠨᠢᠭᠡ ᠭᠡᠭᠡᠭᠡᠨ
ᠪᠠᠶ᠎ᠠ ᠪᠠᠨ ᠭᠠᠮᠨᠠᠵᠤ ᠶᠠᠪᠣ ᠡ ᠭᠡᠵᠤ
ᠪᠠᠯ ᠲᠡᠶ ᠵᠥᠭᠡᠯᠡᠨ ᠣᠷᠤᠭᠤᠯ ᠪᠠᠷ
ᠬᠠᠴᠠᠷ ᠢ ᠬᠠᠭᠠᠷᠢᠨ ᠳᠦᠭᠡᠨᠡᠭᠦ ᠳᠤ
ᠵᠢᠷᠦᠭᠡ ᠨᠢᠭᠡ ᠭᠡᠭᠡᠭᠡᠨ
ᠡᠨᠡᠭᠡᠨ ᠨᠠᠰᠤ ᠪᠠᠨ ᠴᠢᠮ᠎ᠠ ᠳᠠᠭᠠᠨ ᠭᠡᠵᠤ
ᠡᠷᠭᠡᠰ ᠴᠡᠴᠡᠭ᠌ ᠤᠨ ᠭᠡᠯᠳᠡᠰ ᠳᠡᠭᠡᠷ᠎ᠡ
ᠰᠢᠭᠦᠳᠡᠷᠢ ᠣᠨᠠᠬᠤ ᠰᠢᠭ᠌ ᠰᠢᠪᠠᠨᠡᠭᠦ ᠳ᠋ᠤ
ᠢᠷᠡᠭᠡᠳᠦᠢ ᠨᠢᠭᠡ ᠭᠡᠭᠡᠭᠡᠨ
ᠮᠤᠩᠭ᠋ᠤᠯ ᠤᠨ ᠬᠤᠶᠠᠷ ᠦᠷ᠎ᠡ
ᠢᠷᠠᠭᠤᠬᠠᠨ ᠭᠡᠯᠡ ᠪᠠᠷ ᠶᠢᠡᠨ ᠢᠨᠠᠭᠰᠢᠵᠤ
ᠢᠯᠴᠢ ᠢᠯᠴᠢᠨ ᠳᠡᠭᠡᠨ ᠣᠶᠠᠷᠠᠬᠤ ᠪᠠᠷ ᠨᠢ
ᠡᠭᠡ ᠣᠷᠤᠨ ᠨᠢᠭᠡ ᠭᠡᠭᠡᠭᠡᠨ
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 08 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ