ᠨᠡᠪᠲᠡᠷᠡᠨ ᠤᠷᠤᠬᠤ
ᠬᠠᠪᠣᠷ

ᠳᠠᠭᠠᠯᠠᠮᠵᠢᠳᠠᠢ ᠰᠠᠢ᠌ᠬᠠᠨ ᠬᠠᠪᠣᠷ᠂ ᠨᠠᠢ᠌ᠷ ᠲᠡᠶ ᠰᠠᠢ᠌ᠬᠠᠨ ᠬᠠᠪᠣᠷ

ᠳᠠᠭᠢᠨ ᠳᠠᠭᠢᠨ ᠢᠷᠠᠵᠤ ᠳᠡᠯᠡᠭᠡᠢ ᠳ᠋ᠠᠭᠢᠨ ᠢ ᠭᠡᠢ᠌ᠭᠦᠯᠦᠨ᠎ᠡ᠃

ᠳᠡᠷᠢᠭᠦᠨ ᠶᠢᠡᠨ ᠡᠷᠭᠦᠵᠤ᠂ ᠳᠦᠷᠪᠡᠨ ᠵᠥᠭ᠌ ᠬᠠᠠᠳᠤᠪᠠᠯ

ᠳᠡᠭ᠍ᠷᠢ ᠶᠢᠨ ᠭᠢᠵᠠᠭᠠᠷ ᠴᠠᠪ ᠴᠠᠯᠠᠢ᠌ᠨ ᠠᠭᠤᠳᠠᠮ ᠶᠢᠡᠷ ᠠᠮᠢᠰᠬᠤᠯᠯᠠᠨ᠎ᠠ᠃


ᠠᠯᠳᠠᠨ ᠨᠠᠷᠠᠨ ᠭᠡᠢ᠌ᠵᠤ᠂ ᠮᠥᠩᠭᠦᠨ ᠴᠠᠰᠤ ᠶᠢ ᠬᠠᠢ᠌ᠯᠤᠭᠤᠯᠤᠭᠠᠤᠨ

ᠠᠮᠢᠳᠠᠨ ᠪᠦᠭᠦᠨ ᠲᠦᠯᠵᠢᠵᠤ ᠴᠡᠴᠡᠭ᠌ ᠨᠠᠪᠴᠢ ᠰᠤᠶᠤᠭᠠᠯᠠᠨ᠎ᠠ᠃

ᠰᠢᠷ᠎ᠠ ᠳᠡᠯᠡᠭᠡᠢ ᠨᠤᠭᠤᠭᠠᠨ ᠳᠠᠪᠠᠯ ᠢ ᠡᠮᠦᠰᠤᠨ ᠶᠤᠰᠤᠯᠠᠵᠤ

ᠴᠡᠭ᠍ᠴᠡᠦᠭᠡᠢ ᠪᠣᠯᠵᠤᠮᠤᠷ ᠵᠢᠷᠭᠢᠯᠳᠤᠨ ᠭᠦᠭ᠍ᠵᠢᠮ ᠡᠷᠭᠦᠵᠤ ᠣᠭᠳᠤᠨ᠎ᠠ᠃


ᠪᠣᠷᠭᠠᠰᠤ ᠮᠤᠳᠤᠨ ᠤ ᠨᠠᠪᠴᠢ ᠵᠤᠯᠵᠠᠭ᠎ᠠ ᠪᠣᠯᠳᠠᠢ᠌ᠨ ᠴᠡᠴᠡᠭᠯᠡᠵᠤ

ᠳᠠᠤᠯᠠᠢ ᠴᠢᠠᠳᠠᠭ᠎ᠠ ᠡᠭᠦᠪᠠᠷ ᠳᠡᠭᠦᠪᠠᠷ ᠬᠠᠷᠠᠢ᠌ᠨ ᠨᠠᠭᠠᠳᠤᠨ᠎ᠠ᠃

ᠬᠤᠷᠠᠭ᠎ᠠ᠂ ᠢᠰᠢᠭᠡ ᠡ᠊ᠨᠳᠡ ᠳᠠᠠᠳᠠ ᠮᠠᠢ᠌ᠯᠠᠯᠳᠤᠨ ᠳᠠᠪᠭᠢᠯᠳᠤᠵᠤ

ᠬᠤᠨᠢᠴᠢᠨ ᠭᠦᠤ ᠨᠢᠮᠭᠡᠨ ᠳᠠᠪᠠᠯ ᠢ ᠡᠮᠦᠰᠤᠨ ᠳᠡᠪᠭᠡᠴᠡᠨ᠎ᠡ᠃


ᠭᠤᠤᠯ ᠤᠨ ᠮᠦᠰᠤᠨ ᠬᠣᠢ᠌ᠳᠤ ᠳᠠᠯᠠᠢ ᠳᠤ ᠨᠡᠭᠦᠨ ᠣᠤᠠᠴᠤ

ᠪᠣᠯᠠᠭ ᠤᠨ ᠣᠰᠤ ᠭᠦᠭ᠍ᠵᠢᠮ ᠮᠠᠳᠤ ᠡᠭᠡᠰᠢᠭᠯᠡᠨ ᠮᠢᠷᠠᠯᠵᠠᠨ᠎ᠠ

ᠬᠠᠷᠢᠶᠠᠴᠠᠢ ᠰᠢᠪᠠᠭᠤᠨ ᠬᠤᠭᠤᠰᠤᠨ ᠠᠭᠠᠷ ᠲᠤ ᠳᠤᠷ᠎ᠠ ᠪᠠᠷ ᠰᠦᠯᠵᠢᠵᠤ

ᠬᠡᠦᠬᠡᠳ ᠪᠠᠭᠠᠴᠤᠳ ᠳᠡᠭᠦᠨ ᠤ ᠵᠢᠷᠭᠢᠭᠦ ᠶᠢ ᠳᠠᠭᠠᠯᠳᠤᠨ ᠭᠦᠶ‍ᠦᠯᠳᠦᠨ᠎ᠡ᠃


ᠦᠳᠠᠰᠢ ᠶᠢᠨ ᠵᠢᠪᠠᠷ ᠨᠢᠭᠤᠭᠳᠠᠵᠤ ᠦᠷᠯᠦᠭᠡᠨ ᠤ ᠭᠢᠷᠠᠭᠤ ᠢᠴᠢᠭᠡᠳ

ᠮᠤᠷᠢ ᠮᠠᠯ ᠳᠤᠷ᠎ᠠ ᠪᠠᠷ ᠪᠠᠯᠴᠢᠨ ᠵᠥᠯᠭᠡᠨ ᠳᠡᠭᠡᠷ᠎ᠡ ᠭᠦᠷᠪᠠᠨ᠎ᠡ᠃

ᠨᠤᠭᠤᠭᠠᠨ ᠣᠨᠢᠶᠠᠷ ᠳᠡᠭ᠍ᠳᠡᠵᠤ ᠠᠭᠤᠯᠠ ᠶᠢᠨ ᠮᠤᠳᠤ ᠭᠦᠭᠡᠷᠡᠭᠡᠳ

ᠪᠣᠭᠤ ᠬᠠᠠᠳᠠᠭᠠᠢ ᠰᠥᠷᠦᠭᠯᠡᠵᠤ ᠢᠷᠠᠭᠤ ᠰᠠᠢ᠌ᠬᠠᠨ ᠶᠢᠡᠷ ᠣᠷᠤᠮᠳᠠᠨ᠎ᠠ᠃


ᠭᠦᠮᠤᠨ ᠠᠷᠠᠤᠨ ᠪᠦᠭ᠍ᠴᠢᠮ ᠭᠡᠷ ᠤᠨ ᠮᠤᠬᠤᠷ ᠢ ᠣᠭᠤᠷᠤᠨ

ᠠᠭᠤᠳᠠᠮ ᠳᠠᠯᠠᠪᠠᠢ᠂ ᠠᠷᠢᠭᠤᠨ ᠠᠭᠠᠷ ᠲᠤ ᠳᠠᠪᠭᠢᠯᠳᠤᠨ ᠴᠡᠩᠭᠡᠯᠳᠦᠨ᠎ᠡ᠃

ᠴᠡᠴᠡᠭ᠌ ᠨᠠᠪᠴᠢ ᠲᠦᠯᠵᠢᠨ᠂ ᠳᠡᠷᠢᠭᠦᠨ ᠶᠢᠡᠨ ᠳᠡᠭᠡᠭ᠍ᠰᠢ ᠡᠷᠭᠦᠭᠡᠳ

ᠴᠤᠮᠤᠷᠯᠢᠭ ᠤᠨ ᠳᠤᠳᠤᠷ᠎ᠠ ᠡᠴᠡ ᠥᠩᠭᠡ ᠪᠦᠷᠢ ᠪᠠᠷ ᠢᠨᠢᠶᠡᠮᠰᠦᠭᠯᠡᠨ᠎ᠡ᠃


ᠭᠡᠭᠡᠷ᠎ᠡ ᠶᠢᠨ ᠭᠠᠯᠠᠭᠤ ᠢᠷᠠᠵᠤ ᠭᠠᠩᠭ᠋ᠠᠷ ᠭᠤᠩᠭ᠋ᠠᠷ ᠳᠤᠩᠭ᠋ᠤᠳᠤᠭᠠᠤᠨ

ᠭᠦᠮᠤᠨ ᠤ ᠰᠡᠳᠭᠢᠯ ᠢ ᠭᠦᠳᠡᠯᠭᠡᠨ ᠬᠤᠯᠠᠭᠢ ᠶᠢ ᠮᠥᠷᠦᠭᠡᠳᠦᠭᠦᠯᠦᠨ᠎ᠡ᠃

ᠨᠠᠢ᠌ᠷ ᠲᠡᠶ ᠣᠯᠠᠷᠢᠯ ᠣᠭᠳᠠᠷᠭᠤᠢ ᠶᠢ ᠳᠤᠯᠵᠤ᠂ ᠳᠠᠭᠢᠨ ᠰᠢᠨᠡᠳᠦᠭᠡᠳ

ᠡᠷᠳᠡ ᠡᠳᠦᠭᠡ ᠶᠢ ᠪᠣᠳᠤᠭᠳᠠᠭᠤᠯᠤᠨ ᠨᠢᠭᠤᠭᠳᠠᠭᠰᠠᠨ ᠰᠡᠳᠭᠢᠯ ᠢ ᠰᠡᠷᠭᠦᠭᠡᠨ᠎ᠡ᠃


ᠭᠦᠰᠡᠯ ᠲᠡᠶ ᠰᠠᠢ᠌ᠬᠠᠨ ᠬᠠᠪᠣᠷ ᠡ᠂ ᠴᠡᠩᠭᠡᠯ ᠲᠡᠶ ᠰᠠᠢ᠌ᠬᠠᠨ ᠬᠠᠪᠣᠷ ᠡ᠂

ᠭᠦᠮᠤᠨ ᠪᠦᠭᠦᠨ ᠴᠢᠮᠢ᠋ᠢ ᠭᠦᠯᠢᠶᠡᠵᠤ᠂ ᠪᠣᠳᠠᠰ ᠪᠦᠭᠦᠳᠡ ᠴᠢᠮᠢ᠋ᠢ ᠮᠥᠷᠦᠭᠡᠳᠦᠨ᠎ᠡ᠃


《ᠳ᠋·ᠨᠠᠴᠤᠭᠳᠤᠷᠵᠢ ᠶᠢᠨ ᠵᠤᠬᠢᠶᠠᠯ》 ᠡᠴᠡ ᠠᠪᠣᠪᠠ᠃

ᠵᠤᠬᠢᠶᠠᠭᠴᠢ᠄ ᠳ᠋·ᠨᠠᠴᠤᠭᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ