ᠨᠡᠪᠲᠡᠷᠡᠨ ᠤᠷᠤᠬᠤ
ᠪᠢ ᠳᠠᠨ ᠤ ᠭᠢ
(ᠳᠠᠭᠤᠨ ᠤ ᠰᠢᠯᠦᠭ᠌)

ᠭᠦᠭᠡ ᠳᠡᠭ᠍ᠷᠢ ᠭᠡᠳᠦᠢ ᠴᠡᠩᠭᠡᠷᠯᠡᠯ᠎ᠡ ᠴᠤ

ᠭᠦᠰᠡᠭᠦ ᠰᠡᠳᠭᠢᠯ ᠮᠢᠨᠢ ᠳᠠᠨ ᠤ ᠭᠢ

ᠭᠦᠳᠡᠭᠡ ᠳᠠᠯ᠎ᠠ ᠭᠡᠳᠦᠢ ᠳᠠᠨᠢ᠌ᠯ᠎ᠠ ᠴᠤ

ᠭᠦᠷᠭᠦ ᠵᠠᠮ ᠮᠢᠨᠢ ᠳᠠᠨ ᠤ ᠭᠢ

ᠡᠭᠡ ᠣᠷᠤᠨ ᠮᠢᠨᠢ

ᠣᠴᠢᠷ ᠨᠢ ᠪᠢ ᠡᠭᠡ ᠣᠷᠤᠨ ᠤ ᠭᠢ


ᠬᠠᠪᠣᠷ ᠤᠨ ᠰᠠᠯᠭᠢᠨ ᠭᠡᠳᠦᠢ ᠦᠨᠦᠰᠤᠯ᠎ᠠ ᠴᠤ

ᠬᠠᠢ᠌ᠷ᠎ᠠ ᠶᠢᠨ ᠳᠠᠭᠤᠤ ᠮᠢᠨᠢ ᠳᠠᠨ ᠤ ᠭᠢ

ᠵᠤᠨ ᠤ ᠴᠡᠴᠡᠭ᠌ ᠭᠡᠳᠦᠢ ᠠᠩᠭᠢᠯᠤᠯ᠎ᠠ ᠴᠤ

ᠬᠤᠩᠭ᠋ᠤᠷᠬᠠᠨ ᠠᠮᠢᠰᠬᠤᠯ ᠮᠢᠨᠢ ᠳᠠᠨ ᠤ ᠭᠢ

ᠡᠭᠡ ᠣᠷᠤᠨ ᠮᠢᠨᠢ

ᠣᠴᠢᠷ ᠨᠢ ᠪᠢ ᠳᠠᠨ ᠤ ᠭᠢ


ᠨᠠᠮᠤᠷ ᠤᠨ ᠵᠢᠮᠢᠰ ᠭᠡᠳᠦᠢ ᠣᠠᠵᠢᠭᠢᠨᠠᠯ᠎ᠠ ᠴᠤ

ᠭᠦᠳᠡᠯᠮᠦᠷᠢ ᠶᠢᠨ ᠭᠦᠯᠦᠰᠤ ᠮᠢᠨᠢ ᠳᠠᠨ ᠤ ᠭᠢ

ᠨᠠᠪᠴᠢ ᠡᠪᠠᠰᠤ ᠭᠡᠳᠦᠢ ᠵᠤᠯᠭᠠᠷᠠᠯ᠎ᠠ ᠴᠤ

ᠭᠦᠷᠪᠠᠯᠵᠡᠭᠦ ᠰᠤᠳᠠᠰᠤ ᠮᠢᠨᠢ ᠳᠠᠨ ᠤ ᠭᠢ

ᠡᠭᠡ ᠣᠷᠤᠨ ᠮᠢᠨᠢ

ᠣᠴᠢᠷ ᠨᠢ ᠪᠢ ᠳᠠᠨ ᠤ ᠭᠢ


ᠮᠠᠯ ᠰᠦᠷᠦᠭ᠌ ᠭᠡᠳᠦᠢ ᠪᠠᠯᠴᠢᠯ᠎ᠠ ᠴᠤ

ᠮᠠᠩᠨᠤᠭ ᠳᠠᠯ᠎ᠠ ᠮᠢᠨᠢ ᠳᠠᠨ ᠤ ᠭᠢ

ᠡᠵᠢ ᠠᠪᠣ ᠮᠢᠨᠢ ᠭᠡᠳᠦᠢ ᠰᠠᠨᠠᠯ᠎ᠠ ᠴᠤ

ᠡᠷᠳᠡᠨᠢᠳᠤ ᠰᠤᠷᠭᠠᠯ ᠨᠢ ᠳᠠᠨ ᠤ ᠭᠢ

ᠡᠭᠡ ᠣᠷᠤᠨ ᠮᠢᠨᠢ

ᠣᠴᠢᠷ ᠨᠢ ᠪᠢ ᠳᠠᠨ ᠤ ᠭᠢ


ᠬᠠᠷᠠᠵᠠ ᠪᠣᠯᠠᠭ ᠭᠡᠳᠦᠢ ᠣᠠᠳᠤᠷᠤᠯ᠎ᠠ ᠴᠤ

ᠬᠠᠯᠠᠭᠤᠨ ᠮᠠᠯᠮᠠᠢ ᠮᠢᠨᠢ ᠳᠠᠨ ᠤ ᠭᠢ

ᠬᠤᠷ᠎ᠠ ᠪᠣᠷᠤᠭᠠᠨ ᠭᠡᠳᠦᠢ ᠵᠦᠰᠠᠷᠠᠯ᠎ᠠ ᠴᠤ

ᠭᠦᠯ ᠤᠨ ᠮᠦᠷ ᠮᠢᠨᠢ ᠳᠠᠨ ᠤ ᠭᠢ

ᠡᠭᠡ ᠣᠷᠤᠨ ᠮᠢᠨᠢ

ᠣᠴᠢᠷ ᠨᠢ ᠪᠢ ᠳᠠᠨ ᠤ ᠭᠢ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11801
ᠴᠠᠭ᠄ 2013 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ