☆ ᠳ᠋·ᠪᠦᠷᠢᠨᠲᠤᠭᠲᠠᠬᠤ
ᠡᠭᠡ ᠨᠤᠳᠤᠭ
ᠬᠠᠢ᠌ᠷ᠎ᠠ ᠰᠡᠳᠭᠢᠯ ᠳᠤ ᠮᠠᠨᠠᠭᠳᠠᠳᠠᠭ
ᠲ᠋ᠤᠯᠭ᠎ᠠ ᠭᠠᠯ ᠪᠣᠯ ᠡᠭᠡ ᠨᠤᠳᠤᠭ
ᠬᠠᠯᠠᠭᠤᠨ ᠵᠢᠷᠦᠭᠡᠨ ᠳᠤ ᠳᠡᠯᠭᠡᠷᠡᠳᠡᠭ᠌
ᠪᠠᠭᠴᠠ ᠴᠡᠴᠡᠭ᠌ ᠪᠣᠯ ᠡᠭᠡ ᠨᠤᠳᠤᠭ
ᠶᠠᠳᠠᠷᠠᠬᠤ ᠬᠤᠯᠠ ᠶᠢᠨ ᠵᠠᠮ ᠳᠤ
ᠭᠦᠴᠤ ᠪᠣᠯᠳᠠᠭ ᠨᠢ ᠡᠭᠡ ᠨᠤᠳᠤᠭ
ᠥᠯᠪᠠᠷᠡᠭᠦ ᠴᠦᠪ ᠤᠨ ᠴᠠᠭ ᠲᠤ
ᠦᠯ ᠪᠣᠯᠳᠠᠭ ᠨᠢ ᠴᠤ ᠡᠭᠡ ᠨᠤᠳᠤᠭ
ᠡᠳᠦᠷ ᠤᠨ ᠪᠣᠳᠤᠯ ᠳᠤ ᠢᠯᠡᠷᠡᠳᠡᠭ᠌
ᠠᠢ᠌ᠯ ᠰᠠᠭᠠᠬᠠᠯᠳᠠ ᠪᠣᠯ ᠡᠭᠡ ᠨᠤᠳᠤᠭ
ᠦᠳᠠᠰᠢ ᠶᠢᠨ ᠵᠡᠭᠦᠳᠤᠨ ᠳᠤ ᠡᠷᠢᠭ᠍ᠳᠡᠳᠡᠭ᠌
ᠡᠵᠢ ᠶᠢᠨ ᠴᠢᠷᠠᠢ ᠪᠣᠯ ᠡᠭᠡ ᠨᠤᠳᠤᠭ
ᠪᠦᠳᠦᠷᠢᠭᠦ ᠭᠤᠮᠤᠳᠠᠯᠳᠤ ᠡᠷᠡᠨ ᠳᠤ
ᠳᠦᠰᠢᠭ᠌ ᠪᠣᠯᠳᠠᠭ ᠨᠢ ᠡᠭᠡ ᠨᠤᠳᠤᠭ
ᠪᠦᠭ᠍ᠳᠦᠷ ᠣᠷᠤᠬᠤ ᠶᠢᠨ ᠴᠠᠭ ᠲᠤ
ᠲ᠋ᠠᠶᠠᠭ ᠪᠣᠯᠳᠠᠭ ᠨᠢ ᠴᠤ ᠡᠭᠡ ᠨᠤᠳᠤᠭ ᠡ
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3087
ᠴᠠᠭ᠄ 2011 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ