ᠨᠡᠪᠲᠡᠷᠡᠨ ᠤᠷᠤᠬᠤ
ᠮᠢᠨᠤ ᠣᠮᠤᠭᠰᠢᠯ

ᠠᠯᠳᠠᠨ ᠬᠤᠷᠸ᠎ᠠ ᠶᠢ ᠨᠢᠭᠡᠨ ᠦᠶ᠎ᠡ ᠳᠤᠷᠭᠢᠭᠤᠯᠤᠭᠰᠠᠨ

ᠡᠵᠡᠨ ᠴᠢᠩᠭᠢᠰ ᠤᠨ ᠨᠤᠳᠤᠭ ᠲᠤ ᠠᠵᠠᠳᠠᠢ ᠵᠠᠶᠠᠭᠠᠭᠰᠠᠨ

ᠣᠬᠠᠭᠠᠨ ᠰᠠᠨᠠᠭ᠎ᠠ ᠬᠤᠤᠰᠯᠠᠨ ᠪᠦᠷᠢᠳᠦᠭ᠍ᠰᠡᠨ

ᠰᠦᠷᠯᠢᠭ᠌ ᠵᠢᠪᠬᠤᠭ᠎ᠠ ᠡᠪᠦᠭᠡ ᠳᠡᠭᠡᠳᠦᠰ ᠲᠡᠶ ᠳᠤ ᠪᠠᠨ

    ᠪᠢ ᠣᠮᠤᠭᠰᠢᠨ ᠣᠮᠤᠭᠰᠢᠳᠠᠭ ︕


ᠲ᠋ᠠᠷᠠᠭ ᠠᠢ᠌ᠷᠠᠭ ᠤᠨ ᠦᠨᠦᠷ ᠠᠩᠭᠢᠯᠤᠭᠰᠠᠨ

ᠳᠠᠯ᠎ᠠ ᠶᠢᠨ ᠡᠯᠢᠭᠡᠨ ᠡᠴᠡ ᠰᠥᠭᠦᠷᠡᠨ ᠪᠣᠰᠤᠭᠰᠠᠨ

ᠲᠦᠮᠡᠨ ᠮᠤᠩᠭ᠋ᠤᠯᠴᠤᠳ ᠤᠨ ᠰᠡᠳᠭᠢᠯ ᠳᠤ ᠬᠤᠨᠤᠭᠰᠢᠭᠰᠠᠨ

ᠳᠡᠭ᠍ᠷᠢ ᠭᠠᠵᠠᠷ ᠤᠨ ᠬᠤᠭᠤᠷᠤᠠᠳᠤ ᠪᠣᠰᠤᠭ᠎ᠠ ᠪᠠᠷ ᠰᠥᠡᠳᠡᠷᠯᠡᠭ᠍ᠰᠡᠨ ᠡᠭᠡ ᠭᠡᠯᠡ ᠲᠡᠶ ᠳᠤ ᠪᠠᠨ

    ᠪᠢ ᠣᠮᠤᠭᠰᠢᠨ ᠣᠮᠤᠭᠰᠢᠳᠠᠭ ︕

ᠠᠭᠢ ᠳᠠᠭᠠᠨ᠎ᠠ ᠶᠢᠨ ᠦᠨᠦᠷ ᠬᠠᠩᠬᠤᠯᠤᠭᠰᠠᠨ

ᠡᠭᠡ ᠪᠠᠢ᠌ᠭᠠᠯᠢ ᠶᠢᠨ ᠶᠢᠡᠨ ᠡᠯᠢᠭᠡᠨ ᠳᠤ

ᠡᠷ᠎ᠡ ᠶᠢᠨ ᠭᠤᠷᠪᠠᠨ ᠨᠠᠭᠠᠳᠤᠮ ᠶᠢᠡᠷ ᠪᠠᠶᠠᠰᠤᠭᠰᠠᠨ

ᠠᠶᠠᠯᠭᠤᠴᠢᠨ ᠳᠠᠭᠤᠴᠢᠨ ᠦᠨᠳᠦᠰᠦᠳᠠᠨ ᠤ ᠬᠣᠢ᠌ᠴᠢᠰ ᠪᠣᠯᠤᠭᠰᠠᠨ ᠳᠤ ᠪᠠᠨ

    ᠪᠢ ᠣᠮᠤᠭᠰᠢᠨ ᠣᠮᠤᠭᠰᠢᠳᠠᠭ ︕


ᠲ᠋ᠤᠯᠤᠭᠠᠨ ᠵᠠᠭᠤᠨ ᠵᠢᠯ ᠤᠨ ᠡᠮᠦᠨ᠎ᠡ

ᠳᠤᠭᠰᠢᠨ ᠠᠭᠳᠠ ᠶᠢᠨ ᠨᠢᠷᠤᠭᠤᠨ ᠳᠤ

ᠳᠡᠯᠡᠭᠡᠢ ᠳ᠋ᠠᠭᠢᠨ ᠢ ᠳᠤᠩᠰᠤᠯᠭᠠᠭᠰᠠᠨ

ᠳᠠᠢ᠌ᠴᠢᠨ ᠵᠤᠷᠢᠭᠳᠤ ᠪᠠᠭᠠᠳᠤᠷᠯᠢᠭ ᠦᠨᠳᠦᠰᠦᠳᠠᠨ ᠤ ᠬᠣᠢ᠌ᠴᠢᠰ ᠪᠣᠯᠤᠭᠰᠠᠨ ᠳᠤ ᠪᠠᠨ

    ᠪᠢ ᠣᠮᠤᠭᠰᠢᠨ ᠣᠮᠤᠭᠰᠢᠳᠠᠭ ︕


ᠠᠳᠠᠷ ᠭᠡᠭᠡᠷ᠎ᠡ ᠨᠤᠳᠤᠭ ᠲᠤ ᠪᠠᠨ

ᠡᠷᠡᠯᠭᠡᠭ᠌ ᠪᠦᠷᠭᠦᠤᠨ ᠰᠢᠭ᠌ ᠵᠠᠶᠠᠭᠠᠵᠤ

ᠡᠯᠢᠭᠡᠨ ᠳᠤ ᠪᠠᠨ ᠰᠦᠰᠦ ᠳᠡᠭᠡᠵᠢᠯᠡᠭ᠍ᠰᠡᠨ

ᠡᠷᠡᠮᠡᠭᠡᠢ ᠪᠠᠭᠠᠳᠤᠷᠯᠢᠭ ᠪᠦᠭᠡᠴᠦᠳ ᠲᠡᠶ ᠳᠠᠭᠠᠨ

    ᠪᠢ ᠣᠮᠤᠭᠰᠢᠨ ᠣᠮᠤᠭᠰᠢᠳᠠᠭ ︕


ᠲ᠋ᠠᠩᠰᠤᠭ ᠪᠠᠢ᠌ᠭᠠᠯᠢ ᠶᠢᠨ ᠶᠢᠡᠨ ᠬᠠᠯᠠᠭᠤᠨ ᠡᠯᠢᠭᠡᠨ ᠳᠤ

ᠳᠠᠷᠬᠠᠨ ᠪᠠᠯᠴᠢᠵᠤ ᠢᠳᠡᠭᠡᠰᠢᠯᠡᠭ᠍ᠰᠡᠨ

ᠳᠠᠯ᠎ᠠ ᠶᠢᠨ ᠮᠤᠩᠭ᠋ᠤᠯᠴᠤᠳ ᠤᠨ ᠬᠠᠨᠢ ᠪᠣᠯᠤᠭᠰᠠᠨ

ᠳᠠᠪᠤᠨ ᠬᠤᠰᠢᠭᠤ ᠮᠠᠯ ᠲᠡᠶ ᠳᠠᠭᠠᠨ

     ᠪᠢ ᠣᠮᠤᠭᠰᠢᠨ ᠣᠮᠤᠭᠰᠢᠳᠠᠭ ︕


ᠠᠰᠢᠳᠠᠢ ᠰᠠᠢ᠌ᠬᠠᠨ ᠡᠳᠦᠷ ᠢ ᠰᠢᠯᠢᠨ ᠰᠤᠩᠭ᠋ᠤᠵᠤ

ᠠᠭᠤᠳᠠᠮ ᠳᠠᠯ᠎ᠠ ᠶᠢᠨ ᠶᠢᠡᠨ ᠦᠷᠤᠴᠠᠨ ᠳᠤ

ᠡᠷ᠎ᠡ ᠶᠢᠨ ᠭᠤᠷᠪᠠᠨ ᠨᠠᠭᠠᠳᠤᠮ ᠶᠢᠡᠷ

ᠡᠷᠡᠯᠭᠡᠭ᠌ ᠵᠤᠷᠢᠭ ᠶᠢᠡᠨ ᠰᠢᠯᠭᠠᠨ ᠪᠠᠶᠠᠰᠤᠯᠴᠠᠳᠠᠭ ᠮᠤᠩᠭ᠋ᠤᠯ ᠤᠨ ᠰᠠᠢ᠌ᠬᠠᠨ ᠵᠠᠩᠰᠢᠯ ᠲᠡᠶ ᠳᠠᠭᠠᠨ

     ᠪᠢ ᠣᠮᠤᠭᠰᠢᠨ ᠣᠮᠤᠭᠰᠢᠳᠠᠭ ︕


ᠠᠷᠢᠭᠤᠨ ᠴᠠᠭᠠᠨ ᠬᠠᠳᠠᠭ ᠶᠢᠡᠨ ᠳᠡᠯᠭᠡᠨ ᠳᠡᠯᠭᠡᠭᠡᠳ

ᠣᠴᠠᠷᠠᠭᠰᠠᠨ ᠪᠣᠯᠭᠠᠨ ᠳᠠᠭᠠᠨ ᠰᠠᠢ᠌ᠨ ᠦᠦ︖ ᠭᠡᠵᠤ ᠮᠠᠠᠳᠤᠴᠢᠯᠠᠨ ᠵᠤᠯᠭᠠᠳᠠᠭ

ᠠᠷᠠᠤᠨ ᠤᠨ ᠳᠠᠭᠤᠤ ᠪᠠᠨ ᠠᠶᠠᠯᠠᠭᠤᠯᠤᠨ ᠬᠠᠩᠭᠢᠨᠠᠭᠤᠯᠵᠤ

ᠠᠮᠤᠭᠤᠯᠠᠩ ᠬᠤᠷᠸ᠎ᠠ ᠳᠠᠭᠠᠨ ᠠᠯᠳᠠᠷ ᠨᠠᠷ᠎ᠠ ᠪᠠᠨ ᠳᠠᠭᠤᠷᠢᠰᠤᠭᠤᠯᠤᠭᠰᠠᠨ

ᠠᠭᠤᠤ ᠦᠨᠳᠦᠰᠦᠳᠠᠨ ᠤ ᠬᠣᠢ᠌ᠴᠢᠰ ᠪᠣᠯᠤᠭᠰᠠᠨ ᠳᠠᠭᠠᠨ

     ᠪᠢ ᠭᠡᠷᠭᠢᠨ ᠣᠮᠤᠭᠰᠢᠬᠤ ᠦᠭᠡᠶ ᠪᠠᠢ᠌ᠵᠤ ᠴᠢᠳᠠᠬᠤ ᠠᠵᠠᠢ ⁈


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠳᠤᠮᠳᠠᠳᠤ ᠬᠤᠰᠢᠭᠤᠪᠠᠶᠠᠠᠬᠤᠰᠢᠭᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ

ᠵᠤᠬᠢᠶᠠᠭᠴᠢ᠄ ᠴᠠᠰᠤᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ