☆ ᠵ·ᠵᠠᠮᠰᠠ
ᠡᠭᠡ ᠰᠤᠷᠭᠠᠭᠤᠯᠢ ᠊᠊᠊᠊᠊᠊᠊᠊᠊᠊᠊᠊᠊᠊᠊ ᠰᠤᠶᠤᠯ ᠤᠨ ᠥᠯᠦᠭᠡᠢ
ᠢᠮᠢᠨ ᠨᠤᠳᠤᠭ ᠢ ᠬᠤᠰᠢᠭᠤ ᠠᠢ᠌ᠮᠠᠭ ᠲᠠᠭᠠᠨ ᠬᠤᠤᠰ ᠦᠭᠡᠶ ᠰᠠᠢ᠌ᠬᠠᠨ ᠨᠤᠳᠤᠭ ᠭᠡᠳᠡᠭ᠌ ᠪᠢᠯᠠ᠃ ᠡᠨᠡ ᠪᠣᠯ ᠳᠠᠷᠤᠢ ᠮᠢᠨᠤ ᠳᠦᠷᠦᠭ᠍ᠰᠡᠨ ᠨᠤᠳᠤᠭ ᠢᠮᠢᠨ ᠮᠦᠨ᠃ ᠠᠭᠤᠯᠠ ᠳᠠᠪᠠᠭ᠎ᠠ᠂ ᠣᠢ ᠰᠢᠭᠤᠢ ᠦᠷᠭᠦᠯᠵᠢᠯᠡᠭ᠍ᠰᠡᠨ᠂ ᠣᠰᠤ ᠪᠠᠯᠴᠢᠭᠡᠷ ᠲᠡᠶ᠂ ᠥᠭ᠌ ᠰᠢᠮᠡᠯᠢᠭ᠌ ᠠᠭᠤᠳᠠᠮ ᠰᠠᠷᠠᠭᠤᠯ ᠨᠤᠳᠤᠭ ᠰᠠᠨ᠃ ᠢᠮᠢᠨ ᠭᠤᠤᠯ ᠡᠮᠦᠨ᠎ᠡ ᠡᠴᠠ ᠬᠣᠢ᠌ᠰᠢ ᠣᠭᠠᠯᠵᠠᠯᠠᠨ ᠣᠷᠤᠰᠴᠤ᠂ ᠥᠭᠡᠯᠡᠳ ᠧᠡᠩᠭᠢ ᠶᠢᠨ ᠮᠠᠯᠴᠢᠨ ᠲᠦᠮᠡᠨ ᠳᠡᠭᠦᠨ ᠤ ᠵᠡᠭᠦᠨ ᠪᠠᠷᠠᠭᠤᠨ ᠬᠤᠶᠠᠷ ᠳᠠᠯ᠎ᠠ ᠪᠠᠷ ᠣᠨ ᠣᠯᠠᠷᠢᠨ ᠠᠵᠢᠯᠯᠠᠵᠤ ᠭᠦᠳᠡᠯᠮᠦᠷᠢᠯᠡᠨ᠂ ᠠᠵᠤ ᠳᠦᠷᠤᠵᠤ ᠠᠮᠢᠳᠤᠷᠠᠭᠰᠠᠭᠠᠷ ᠬᠤᠶᠠᠷ ᠵᠠᠭᠤ ᠭᠠᠷᠤᠢ ᠵᠢᠯ ᠤᠨ ᠳᠡᠦᠭᠡ ᠲᠡᠶ ᠪᠣᠯᠵᠠᠢ᠃
ᠨᠠᠢ᠌ᠷᠠᠯᠳᠤ ᠲᠦᠪ ᠤᠨ ᠠᠷᠪᠠᠳᠤᠭᠠᠷ ᠣᠨ (1732) ᠳ᠋ᠤ ᠨᠤᠳᠤᠭᠰᠢᠨ ᠰᠠᠭᠤᠷᠢᠰᠢᠭᠰᠠᠨ ᠡᠴᠠ ᠣᠳᠤ ᠪᠣᠯᠳᠠᠯ᠎ᠠ ᠳᠠᠳᠠ᠂ ᠡᠯ᠎ᠡ ᠦᠨᠳᠦᠰᠦᠳᠠᠨ ᠤ ᠠᠷᠠᠤᠨ ᠲᠦᠮᠡᠨ ᠲᠡᠶ ᠨᠢᠭᠳᠠᠷᠠᠨ ᠪᠦᠯᠭᠦᠮᠳᠡᠵᠤ᠂ ᠨᠢᠭᠡᠨ ᠵᠤᠷᠢᠯᠭ᠎ᠠ᠂ ᠨᠠᠢ᠌ᠳᠠ ᠶᠢᠨ ᠭᠦᠴᠤ ᠪᠠᠷ ᠬᠣᠢ᠌ᠴᠢ ᠦᠶ᠎ᠡ ᠶᠢᠨ ᠦᠷ᠎ᠡ ᠬᠡᠦᠬᠡᠳ ᠶᠢᠡᠨ ᠪᠣᠯᠪᠠᠰᠤᠨ ᠰᠤᠶᠤᠯ ᠲᠡᠶ᠂ ᠡᠷᠳᠡᠮ ᠮᠡᠳᠡᠯᠭᠡ ᠲᠡᠶ᠂ ᠡᠭᠡ ᠣᠷᠤᠨ ᠶᠢᠠᠨ ᠪᠦᠳᠦᠭᠡᠨ ᠪᠠᠢ᠌ᠭᠤᠯᠵᠤ ᠴᠢᠳᠠᠬᠤ᠂ ᠭᠡᠷᠡᠯ ᠭᠢᠯᠪᠠᠭ᠎ᠠ ᠲᠡᠶ ᠴᠳᠠᠷᠪᠣᠷᠢᠳᠠᠨ ᠪᠣᠯᠭᠠᠨ ᠭᠦᠮᠦᠵᠢᠭᠦᠯᠭᠦ ᠪᠠᠷ ᠶᠠᠮᠠᠷ ᠴᠤ ᠴᠠᠭ ᠡᠷᠡᠨ ᠭᠡᠰᠡᠨ ᠦᠭᠡᠶ ᠭᠦᠴᠦᠯᠡᠨ ᠴᠢᠷᠮᠠᠢ᠌ᠵᠤ ᠢᠷᠡᠭ᠍ᠰᠡᠨ ᠪᠢᠯᠠ ︕
ᠮᠠᠠᠵᠤ ᠶᠢᠨ ᠬᠠᠭᠠᠠᠳᠤ ᠳᠦᠷᠤ ᠶᠢᠨ ᠬᠠᠷᠭᠢᠰ ᠳᠦᠷᠤ ᠶᠢᠨ ᠪᠣᠳᠤᠯᠭ᠎ᠠ ᠨᠢ ᠴᠥᠭᠡᠨ ᠳᠤᠭᠠᠳᠤ ᠦᠨᠳᠦᠰᠦᠳᠠᠨ ᠢ ᠢᠯᠪᠢᠨ ᠳᠠᠭᠠᠭᠤᠯᠵᠤ ᠮᠤᠩᠬᠠᠷᠠᠭᠤᠯᠤᠨ ᠪᠣᠰᠨᠢᠭᠤᠯᠬᠤ ᠶᠢᠨ ᠲᠦᠯᠦᠭᠡ ᠰᠢᠷ᠎ᠠ ᠶᠢᠨ ᠱᠠᠰᠢᠨ ᠢ ᠶᠡᠭᠡ ᠪᠠᠷ ᠳᠡᠯᠭᠡᠷᠡᠭᠦᠯᠵᠤ᠂ ᠠᠷᠠᠤᠨ ᠲᠦᠮᠡᠨ ᠡᠴᠠ ᠭᠠᠢ᠌ᠯᠠᠢ ᠳᠠᠳᠠᠪᠣᠷᠢ ᠠᠪᠴᠤ ᠭᠢᠬᠠᠨ ᠮᠦᠯᠵᠢᠵᠤ ᠪᠠᠢ᠌ᠭᠠᠤᠨ ᠰᠦᠮ᠎ᠡ ᠭᠡᠢ᠌ᠤᠨ ᠢ ᠶᠡᠭᠡᠪᠠᠷ ᠪᠠᠢ᠌ᠭᠤᠯᠵᠤ ᠮᠠᠮᠠ ᠬᠤᠸᠠᠷᠠᠭ ᠤᠨ ᠳᠤᠭ᠎ᠠ ᠶᠢ ᠣᠯᠠᠰᠢᠷᠠᠭᠤᠯᠤᠨ᠂ ᠪᠢᠴᠢᠭ᠌ ᠡᠷᠳᠡᠮ ᠰᠤᠷᠬᠤ ᠭᠦᠮᠦᠰ ᠢ ᠴᠥᠭᠡᠳᠭᠡᠪᠡ᠃ ᠳᠤᠬᠠᠢ ᠶᠢᠨ ᠦᠶ᠎ᠡ ᠳᠤ ᠢᠮᠢᠨ ᠨᠤᠳᠤᠭ ᠲᠤ ᠰᠤᠷᠭᠠᠭᠤᠯᠢ ᠦᠭᠡᠶ᠂ ᠨᠡᠢ᠌ᠭᠡᠮ ᠤᠨ ᠪᠠᠢ᠌ᠳᠠᠯ ᠬᠤᠴᠤᠷᠠᠩᠭ᠋ᠤᠢ᠂ ᠮᠠᠯᠴᠢᠨ ᠲᠦᠮᠡᠨ ᠤ ᠠᠮᠢᠳᠤᠷᠠᠯ ᠶᠠᠳᠠᠭᠤ ᠵᠥᠳᠡᠭᠦᠤ᠂ ᠡᠪᠡᠳᠴᠢᠨ ᠡᠮᠭᠡᠭ᠌ ᠶᠡᠭᠡ (ᠭᠡᠳᠤᠨ ᠣᠳᠠᠭ᠎ᠠ ᠶᠢᠨ ᠭᠢᠵᠢᠭ᠌ ᠡᠪᠡᠳᠴᠢᠨ ᠳᠡᠯᠭᠡᠷᠡᠭ᠍ᠰᠡᠨ) ᠡᠴᠠ ᠪᠣᠯᠵᠤ᠂ ᠭᠠᠳᠠᠭᠰᠢ ᠭᠠᠷᠴᠤ ᠰᠤᠷᠭᠠᠭᠤᠯᠢ ᠰᠤᠶᠤᠯ ᠤᠨ ᠮᠦᠷ ᠭᠦᠭᠡᠭᠡᠵᠤ ᠰᠤᠷᠤᠯᠴᠠᠬᠤ ᠭᠦᠮᠦᠰ ᠡᠳᠦᠷ ᠤᠨ ᠣᠳᠤ ᠮᠠᠳᠤ᠃
ᠡᠳ᠋ ᠬᠤᠷᠢᠶᠠᠬᠤ ᠪᠠᠷ ᠡᠷᠳᠡᠮ ᠰᠤᠷ ᠭᠡᠳᠡᠭ᠌ ᠮᠤᠩᠭ᠋ᠤᠯ ᠤᠨ ᠰᠠᠴᠠᠨ ᠥᠭᠡ ᠪᠠᠢ᠌ᠳᠠᠭ᠃ ᠡᠢ᠌ᠮᠤ ᠡᠴᠠ ᠨᠤᠳᠤᠭ ᠤᠨ ᠰᠡᠭᠡᠭᠡᠷᠡᠭ᠍ᠰᠡᠨ ᠳᠤᠮᠤᠭᠠᠳᠠᠢ ᠪᠣᠶᠠᠠᠳᠤᠭᠳᠠᠬᠤ ᠵᠢᠶᠠᠮᠪᠠᠢ᠂ ᠵᠠᠮᠢᠶᠠᠨ ᠣᠮᠪᠣ ᠁ ᠨᠡᠷ ᠦᠪᠡᠷ ᠤᠨ ᠭᠡᠷ ᠲᠡᠭᠡᠨ ᠤᠢ᠌ᠷ᠎ᠡ ᠣᠷᠴᠢᠮ ᠤᠨ ᠭᠡᠳᠤᠨ ᠪᠠᠭᠠᠴᠤᠳ ᠬᠡᠦᠬᠡᠳ ᠢ ᠴᠤᠭᠯᠠᠭᠤᠯᠵᠤ᠂ ᠪᠢᠴᠢᠭ᠌ ᠵᠢᠭᠠᠵᠤ᠂ ᠰᠤᠶᠤᠯ ᠲᠡᠶ ᠪᠣᠯᠭᠠᠬᠤ ᠪᠠᠷ ᠴᠢᠷᠮᠠᠢ᠌ᠵᠤ ᠪᠢᠯᠠ᠃ ᠭᠡᠳᠡᠯ᠎ᠡ ᠡᠨᠡᠭᠦ ᠠᠷᠭ᠎ᠠ ᠨᠢ ᠦᠷᠭᠦᠯᠵᠢ ᠶᠢᠨ ᠴᠢᠨᠠᠷ ᠲᠡᠶ ᠶᠠᠪᠣᠭᠳᠠᠵᠤ ᠴᠢᠳᠠᠬᠤ ᠦᠭᠡᠶ᠂ ᠮᠠᠯᠵᠢᠯ ᠤᠨ ᠶᠠᠭᠠᠷᠠᠯᠳᠠᠢ ᠦᠶ᠎ᠡ ᠪᠣᠯᠤᠭᠰᠠᠭᠠᠷ ᠳᠠᠰᠤᠯᠳᠠᠵᠤ᠂ ᠳᠤᠳᠠᠭᠤ ᠳᠤᠷᠭᠤᠨ ᠵᠤᠭᠰᠤᠳᠠᠭ ᠪᠦᠭᠡᠳ ᠰᠤᠷᠤᠭᠰᠠᠨ ᠪᠠᠭ᠎ᠠ ᠰᠠᠭ᠎ᠠ ᠪᠠᠨ ᠴᠤ ᠮᠠᠷᠳᠠᠵᠤ ᠣᠷᠭᠢᠳᠠᠭ ᠪᠠᠢ᠌ᠯ᠎ᠠ᠃
ᠨᠤᠳᠤᠭ ᠣᠰᠤ ᠪᠠᠨ ᠪᠦᠳᠦᠭᠡᠨ ᠪᠠᠢ᠌ᠭᠤᠯᠤᠶ᠎ᠠ᠂ ᠠᠷᠠᠤᠨ ᠲᠦᠮᠡᠨ ᠶᠢᠡᠨ ᠰᠡᠭᠡᠭᠡᠷᠡᠭᠦᠯᠦᠶᠡ ᠭᠡᠪᠠᠯ ᠡᠷᠭᠡᠪᠰᠢ ᠡᠷᠳᠡᠮ ᠪᠢᠴᠢᠭ᠌ ᠰᠤᠷᠬᠤ ᠭᠡᠷᠡᠭ᠍ᠳᠡᠢ᠂ ᠡᠷᠳᠡᠮ ᠪᠢᠴᠢᠭ᠌ ᠰᠤᠷᠤᠶ᠎ᠠ ᠭᠡᠪᠠᠯ ᠵᠠᠪᠠᠯ ᠰᠤᠷᠭᠠᠭᠤᠯᠢ ᠪᠠᠢ᠌ᠭᠤᠯᠬᠤ ᠴᠢᠬᠤᠯᠠ ᠲᠡᠶ ᠭᠡᠳᠡᠭ᠌ ᠦᠨᠡᠨ ᠶᠤᠰᠤ ᠶᠢ ᠣᠢ᠌ᠯᠠᠭᠠᠭᠰᠠᠨ ᠡᠴᠠ᠂ ᠠᠯᠢ ᠣᠯᠠᠨ ᠨᠤᠳᠤᠭ ᠤᠨ ᠰᠡᠭᠡᠭᠡᠷᠡᠭ᠍ᠰᠡᠨ ᠳᠤᠮᠤᠭᠠᠳᠠᠨ ᠨᠡᠷ ᠵᠦᠪᠳᠠᠯᠴᠠᠵᠤ᠂ ᠣᠯᠠᠨ ᠲᠦᠮᠡᠨ ᠢ ᠳᠠᠭᠠᠭᠤᠯᠤᠨ ᠭᠦᠳᠡᠯᠭᠡᠵᠤ ᠣᠯᠠᠨ ᠶᠢᠡᠷ ᠶᠢᠡᠨ ᠰᠡᠳᠭᠢᠯ ᠨᠢᠭᠡᠳᠤᠨ ᠬᠠᠪᠰᠤᠷᠤᠯᠭ᠎ᠠ ᠳᠡᠮᠵᠢᠯᠭᠡ ᠥᠵᠡᠭᠦᠯᠵᠤ᠂ ᠶᠠᠭᠤᠮ᠎ᠠ ᠲᠡᠶ ᠨᠢ ᠶᠠᠭᠤᠮ᠎ᠠ ᠪᠠᠨ ᠮᠠᠯ ᠲᠡᠶ ᠨᠢ ᠮᠠᠯ ᠶᠢᠡᠨ ᠭᠠᠷᠭᠠᠵᠤ᠂ ᠶᠠᠭᠤᠮ᠎ᠠ ᠦᠭᠡᠶ ᠮᠠᠯ ᠦᠭᠡᠶ ᠨᠢ ᠭᠦᠴᠤ ᠪᠠᠨ ᠭᠠᠷᠭᠠᠵᠤ᠂ ᠣᠳᠤ ᠶᠢᠨ ᠡᠨᠡᠭᠦ ᠢᠮᠢᠨ ᠰᠤᠷᠭᠠᠭᠤᠯᠢ ᠪᠠᠨ ᠡᠭᠢᠯᠡᠵᠤ ᠪᠠᠢ᠌ᠭᠤᠯᠪᠠ᠃ ᠢᠮᠢᠨ ᠰᠤᠷᠭᠠᠭᠤᠯᠢ ᠨᠢ 1936 ᠣᠨ ᠳᠤ ᠡᠭᠢᠯᠡᠨ ᠪᠠᠢ᠌ᠭᠤᠯᠤᠭᠳᠠᠵᠤ᠂ 1937 ᠣᠨ ᠳᠤ ᠭᠢᠴᠢᠶᠠᠯᠯᠠᠵᠤ ᠡᠭᠢᠯᠡᠪᠡ᠃ ᠪᠣᠶᠠᠠᠳᠤᠭᠳᠠᠬᠤ ᠭᠠᠯᠢᠳᠠ ᠦᠪᠡᠷ ᠤᠨ ᠪᠠᠶ᠎ᠠ ᠪᠠᠷ ᠶᠢᠡᠨ ᠪᠠᠭᠰᠢᠯᠠᠭᠰᠠᠨ ᠪᠦᠭᠡᠳ ᠰᠤᠷᠭᠠᠭᠤᠯᠢ ᠶᠢᠨ ᠳᠠᠷᠤᠭ᠎ᠠ ᠶᠢᠨ ᠠᠵᠢᠯ ᠢ ᠬᠠᠷᠢᠭᠤᠴᠠᠵᠤ ᠠᠵᠢᠯᠯᠠᠭᠰᠠᠨ ᠪᠠᠢ᠌ᠨ᠎ᠠ᠃
ᠢᠮᠢᠨ ᠰᠤᠷᠭᠠᠭᠤᠯᠢ ᠪᠣᠯ ᠮᠢᠨᠤ ᠡᠭᠡ ᠰᠤᠷᠭᠠᠭᠤᠯᠢ ᠮᠦᠨ᠂ ᠪᠢ ᠳᠤᠰ ᠰᠤᠷᠭᠠᠭᠤᠯᠢ ᠳᠤ ᠠᠩᠬ᠎ᠠ ᠣᠷᠤᠵᠤ᠂ ᠠ᠊ ᠥᠰᠦᠭ᠌ ᠡᠴᠠ ᠡᠭᠢᠯᠡᠨ ᠰᠤᠷᠴᠤ᠂ ᠦᠷᠭᠦᠯᠵᠢᠯᠡᠨ ᠪᠢᠴᠢᠭ᠌ ᠰᠤᠶᠤᠯ ᠤᠨ ᠮᠦᠷ ᠭᠦᠭᠡᠭᠡᠵᠤ᠂ ᠰᠤᠷᠭᠠᠭᠤᠯᠢ ᠳᠡᠭᠦᠰᠦᠭᠡᠳ 1955 ᠣᠨ ᠳᠤ ᠡᠭᠡ ᠰᠤᠷᠭᠠᠭᠤᠯᠢ ᠳᠠᠭᠠᠨ ᠢᠷᠠᠵᠤ ᠪᠠᠭᠰᠢᠯᠠᠭᠰᠠᠨ ᠪᠦᠭᠡᠳ 1960 ᠊᠊᠊᠊᠊᠊᠊᠊᠊᠊᠊᠊᠊᠊᠊ 1975 ᠣᠨ ᠪᠣᠯᠳᠠᠯ᠎ᠠ ᠪᠠᠭ᠎ᠠ ᠰᠤᠷᠭᠠᠭᠤᠯᠢ ᠳᠤ᠂ 1979 ᠊᠊᠊᠊᠊᠊᠊᠊᠊᠊᠊᠊᠊᠊᠊ 1984 ᠣᠨ ᠪᠣᠯᠳᠠᠯ᠎ᠠ ᠢᠮᠢᠨ ᠳᠤᠮᠳᠠᠳᠤ ᠰᠤᠷᠭᠠᠭᠤᠯᠢ ᠳᠤ ᠪᠦᠭᠦᠯᠢ ᠬᠤᠷᠢᠨ ᠵᠢᠯ ᠰᠤᠷᠭᠠᠭᠤᠯᠢ ᠶᠢᠨ ᠳᠠᠷᠤᠭ᠎ᠠ ᠶᠢᠨ ᠠᠵᠢᠯ ᠢ ᠬᠠᠷᠢᠭᠤᠴᠠᠨ ᠠᠵᠢᠯᠯᠠᠭᠰᠠᠨ ᠳᠠᠯᠢᠮ ᠶᠢᠡᠷ ᠡᠢ᠌ᠮᠤ ᠳᠠᠪᠢᠭᠠᠤᠨ ᠣᠨ ᠡᠴᠠ ᠨᠠᠰᠢᠭᠢ ᠪᠠᠢ᠌ᠳᠠᠯ ᠢ ᠳᠦᠭᠦᠮ ᠳᠦᠳᠠ ᠪᠠᠷ ᠡᠷᠭᠢᠴᠡᠭᠦᠯᠤᠨ ᠳᠡᠮᠳᠡᠭᠯᠡᠰᠦᠭᠡᠢ ︕
ᠴᠢᠯᠦᠭᠡᠯᠡᠭ᠍ᠳᠡᠭ᠍ᠰᠡᠨ ᠡᠭᠢᠨ ᠤ ᠦᠶ᠎ᠡ
ᠴᠢᠯᠦᠭᠡᠯᠡᠭ᠍ᠳᠡᠭ᠍ᠰᠡᠨ ᠡᠭᠢᠨ ᠤ ᠦᠶ᠎ᠡ ᠊᠊᠊᠊᠊᠊᠊᠊᠊᠊᠊᠊᠊᠊᠊ 1945 ᠣᠨ ᠤ ᠬᠠᠪᠣᠷ ᠡᠴᠠ ᠳᠠᠷᠤᠢ ᠰᠤᠷᠭᠠᠭᠤᠯᠢ ᠪᠠᠨ ᠰᠡᠷᠭᠦᠭᠡᠨ ᠡᠭᠢᠯᠡᠭ᠍ᠰᠡᠨ ᠪᠢᠯᠠ ︕ ᠳᠤᠬᠠᠢ ᠶᠢᠨ ᠦᠶ᠎ᠡ ᠳᠤ ᠰᠸᠪᠵᠢᠨ ᠨᠥᠭᠦᠷ ᠰᠤᠷᠭᠠᠭᠤᠯᠢ ᠶᠢᠨ ᠳᠠᠷᠤᠭ᠎ᠠ ᠪᠠᠷ ᠬᠠᠷᠢᠭᠤᠴᠠᠨ ᠠᠵᠢᠯᠯᠠᠵᠤ᠂ ᠭᠤᠰᠢᠩᠳᠠᠢ᠂ ᠪᠠᠳᠮᠠᠵᠠᠪ᠂ ᠡᠡᠯᠳᠡᠡᠭᠡᠷᠡᠯ᠂ ᠹᠦᠮᠢᠯᠢᠶᠡᠩ᠂ ᠨᠡᠷ ᠪᠠᠭᠰᠢᠯᠠᠵᠤ ᠪᠠᠢ᠌ᠭᠰᠠᠨ ᠪᠦᠭᠡᠳ ᠳᠠᠪᠢᠭᠠᠤᠨ ᠰᠤᠷᠤᠭᠴᠢ ᠲᠡᠶ ᠪᠦᠷᠢᠨ ᠪᠣᠰᠤ ᠪᠠᠭ᠎ᠠ ᠰᠤᠷᠭᠠᠭᠤᠯᠢ ᠶᠢᠨ ᠳᠦᠷᠢᠮ ᠶᠢᠡᠷ ᠭᠢᠴᠢᠶᠠᠯᠯᠠᠵᠤ ᠪᠠᠢ᠌ᠯ᠎ᠠ᠃ ᠦᠳᠭᠡᠨ ᠭᠠᠴᠠᠭ᠎ᠠ ᠳᠤ ᠳᠠᠩᠽᠠᠨ᠂ ᠨᠤᠬᠠᠢ᠌ᠳᠤ ᠵᠡᠷᠭᠡ ᠨᠥᠭᠦᠤᠨ ᠪᠠᠭᠰᠢᠯᠠᠵᠤ ᠠᠷᠪᠠ ᠭᠠᠷᠤᠢ ᠰᠤᠷᠤᠭᠴᠢ ᠲᠡᠶ᠃ ᠬᠤᠩᠭ᠋ᠤᠯᠵᠢ ᠭᠠᠴᠠᠭ᠎ᠠ ᠳᠤ ᠪᠦᠭᠡᠪᠢᠯᠢᠭ᠌ ᠠᠷᠪᠠᠭᠠᠤᠨ ᠰᠤᠷᠤᠭᠴᠢ ᠲᠡᠶ ᠪᠠᠢ᠌ᠪᠠ᠃
ᠲ᠋ᠠᠢ᠌ᠨ ᠤ ᠰᠤᠷᠪᠢ ᠡᠨᠡ ᠰᠠᠤᠷᠭᠠᠭᠤᠯᠢ ᠶᠢᠨ ᠳᠡᠦᠭᠡᠨ ᠳᠤ ᠥᠯᠡᠳᠡᠭ᠍ᠰᠡᠨ ᠴᠤ ᠢᠮᠢᠨ ᠤ ᠮᠤᠩᠭ᠋ᠤᠯ ᠧᠡᠩᠭᠢ ᠶᠢᠨ ᠰᠤᠶᠤᠯ ᠢ ᠭᠦᠰᠡᠭᠦ ᠣᠷᠮ᠎ᠠ ᠵᠤᠷᠢᠭ ᠢ ᠮᠤᠬᠤᠭᠠᠵᠤ ᠴᠢᠳᠠᠭ᠎ᠠ ᠦᠭᠡᠶ᠃ ᠣᠯᠠᠨ ᠲᠦᠮᠡᠨ ᠪᠣᠯᠤᠨ ᠬᠠᠭᠤᠴᠢᠨ ᠪᠠᠭᠰᠢ ᠰᠤᠷᠤᠭᠴᠢ (ᠶᠠᠫᠣᠨ ᠤ ᠦᠶ᠎ᠡ ᠶᠢᠨ) ᠦᠪᠡᠷᠰᠠᠤᠨ ᠶᠢᠡᠨ ᠵᠤᠬᠢᠶᠠᠨ ᠪᠠᠢ᠌ᠭᠤᠯᠤᠯᠴᠠᠨ ᠭᠦᠳᠡᠯᠦᠯᠴᠡᠵᠤ᠂ ᠬᠠᠭᠤᠴᠢᠨ ᠮᠠᠭᠤ ᠭᠡᠷ ᠢ ᠰᠠᠯᠪᠢᠨ ᠵᠠᠰᠠᠬᠤ ᠪᠠ ᠰᠢᠪᠠᠷ ᠭᠡᠷ ᠪᠠᠷᠢᠵᠤ ᠭᠢᠴᠢᠶᠠᠯᠯᠠᠵᠤ ᠡᠭᠢᠯᠡᠭ᠍ᠰᠡᠨ ᠪᠢᠯᠠ᠃ ᠰᠤᠷᠭᠠᠭᠤᠯᠢ ᠨᠢ ᠢᠮᠢᠨ ᠭᠤᠤᠯ ᠤᠨ ᠵᠡᠭᠦᠨ ᠳᠠᠯ᠎ᠠ ᠳᠤ ᠶᠠᠫᠣᠨ ᠤ ᠦᠶ᠎ᠡ ᠤᠨ ᠬᠠᠭᠤᠴᠢᠨ ᠳᠠᠷᠢᠶᠠᠨ ᠭᠠᠵᠠᠷ ᠤᠨ ᠮᠠᠭᠤ ᠭᠡᠷ ᠲᠤ ᠠᠩᠬ᠎ᠠ ᠡᠭᠢᠯᠡᠵᠤ᠂ ᠵᠤᠨ ᠪᠣᠯᠪᠠᠯ ᠭᠤᠤᠯ ᠤᠨ ᠪᠠᠷᠠᠭᠤᠨ ᠳᠠᠯ᠎ᠠ ᠳᠤ ᠬᠠᠭᠤᠴᠢᠨ ᠰᠤᠷᠭᠠᠭᠤᠯᠢ ᠶᠢᠨ ᠣᠯᠠᠭᠠᠨ ᠭᠡᠷ ᠲᠤ ᠭᠢᠴᠢᠶᠠᠯᠯᠠᠵᠤ ᠪᠠᠢ᠌ᠭᠰᠠᠨ ᠶᠤᠮ᠃ ᠰᠤᠷᠭᠠᠭᠤᠯᠢ ᠶᠢᠨ ᠣᠯᠠᠭᠠᠨ ᠭᠡᠷ ᠤᠨ ᠣᠷᠤᠢ ᠡᠮᠦᠨ᠎ᠡ ᠳᠠᠯ᠎ᠠ ᠶᠢᠨ ᠳᠠᠮᠤᠷ ᠨᠢ (ᠳᠠᠢ᠌ᠨ ᠤ ᠦᠶ᠎ᠡ ᠳᠤ ᠳᠠᠮᠤᠷ ᠢ ᠨᠢ ᠭᠦᠮᠤᠨ ᠬᠤᠯᠠᠭᠠᠢ᠌ᠯᠠᠨ ᠠᠪᠴᠠᠢ) ᠦᠭᠡᠶ ᠪᠣᠯᠤᠭᠰᠠᠨ ᠳᠤᠯᠠ ᠪᠠᠭᠰᠢ ᠰᠤᠷᠤᠭᠴᠢᠳ ᠦᠪᠡᠷ ᠲᠡᠭᠡᠨ ᠰᠢᠪᠠᠷᠳᠠᠨ ᠵᠠᠰᠠᠵᠤ ᠭᠢᠴᠢᠶᠠᠯᠯᠠᠵᠤ ᠪᠠᠢ᠌ᠪᠠ᠃ ᠭᠡᠪᠠᠴᠤ ᠳᠤᠬᠠᠢ ᠶᠢᠨ ᠦᠶ᠎ᠡ ᠳᠤ᠂ ᠣᠯᠤᠰ ᠳᠦᠷᠤ᠂ ᠠᠵᠤ ᠠᠬᠤᠢ ᠵᠡᠷᠭᠡ ᠳᠠᠯ᠎ᠠ ᠳᠠᠯ᠎ᠠ ᠶᠢᠨ ᠨᠥᠭᠦᠴᠡᠯ ᠰᠢᠯᠳᠠᠭᠠᠨ ᠡᠴᠠ ᠪᠣᠯᠵᠤ᠂ ᠰᠤᠶᠤᠯ᠂ ᠰᠤᠷᠭᠠᠨ ᠭᠦᠮᠦᠵᠢᠯ ᠤᠨ ᠣᠢ᠌ᠯᠠᠰ ᠲᠤᠢ᠌ᠯ ᠤᠨ ᠳᠤᠷᠤᠢ ᠬᠤᠴᠤᠷᠤᠩᠭ᠋ᠤᠢ ᠪᠠᠢ᠌ᠭᠰᠠᠨ᠃ ᠬᠤᠪᠢᠰᠬᠠᠯᠳᠤ ᠭᠦᠳᠡᠯᠭᠡᠭᠡᠨ ᠤ ᠦᠷᠨᠢᠯᠳᠠ ᠨᠢ ᠢᠮᠢᠨ ᠨᠤᠳᠤᠭ ᠤᠨ ᠰᠤᠶᠤᠯ ᠰᠤᠷᠭᠠᠨ ᠭᠦᠮᠦᠵᠢᠯ ᠤᠨ ᠣᠢ᠌ᠯᠠᠰ ᠲᠤ ᠯᠤᠳᠤ ᠶᠡᠭᠡ ᠬᠤᠪᠢᠷᠠᠯᠳᠠ ᠭᠠᠷᠭᠠᠵᠤ ᠢᠳᠠᠪᠭᠢᠳᠠᠨ ᠵᠠᠯᠠᠭᠤᠴᠤᠳ ᠵᠡᠷᠭᠡ ᠵᠡᠷᠭᠡ ᠪᠠᠷ ᠭᠦᠳᠡᠯᠦᠯᠴᠡᠨ᠂ ᠰᠤᠶᠤᠯ ᠰᠤᠷᠭᠠᠭᠤᠯᠢ ᠶᠢᠨ ᠮᠦᠷ ᠭᠦᠭᠡᠭᠡᠭᠦ ᠭᠦᠮᠦᠰ ᠣᠯᠠᠰᠢᠷᠠᠵᠤ᠂ ᠪᠢᠴᠢᠭ᠌ ᠡᠷᠳᠡᠮ ᠰᠤᠷᠬᠤ᠂ ᠬᠤᠪᠢᠰᠬᠠᠯᠳᠤ ᠭᠦᠳᠡᠯᠭᠡᠭᠡᠨ ᠳᠤ ᠣᠷᠤᠯᠴᠠᠬᠤ ᠦᠷᠨᠢᠯᠳᠠ ᠪᠣᠢ ᠪᠣᠯᠵᠤ᠂ ᠰᠤᠷᠤᠭᠰᠠᠨ ᠶᠢᠡᠨ ᠭᠡᠷᠡᠭᠯᠡᠵᠤ᠂ ᠣᠯᠠᠨ ᠶᠢᠡᠨ ᠵᠤᠷᠢᠭᠵᠢᠭᠤᠯᠵᠤ᠂ ᠬᠠᠷ᠎ᠠ ᠰᠢᠷ᠎ᠠ ᠹᠧᠥᠳᠠᠯ ᠤᠨ ᠭᠦᠴᠤᠨ ᠳᠤ ᠴᠤᠭᠢᠯᠳᠠ ᠥᠭ᠍ᠴᠤ᠂ ᠪᠠᠭ᠎ᠠ ᠰᠤᠷᠤᠭᠴᠢᠳ ᠢ ᠳᠠᠢ᠌ᠴᠢᠯᠠᠨ ᠣᠤᠠᠬ᠎ᠠ ᠣᠷᠠᠯᠢᠭ ᠤᠨ ᠠᠵᠢᠯ ᠢ ᠦᠷᠨᠢᠭᠦᠯᠭᠦ᠂ ᠣᠯᠠᠨ ᠲᠦᠮᠡᠨ ᠳᠤ ᠰᠤᠷᠳᠠᠯ ᠣᠬᠠᠭᠤᠯᠭ᠎ᠠ ᠶᠢᠨ ᠠᠵᠢᠯ ᠦᠷᠨᠢᠭᠦᠯᠤᠨ ᠰᠢᠨ᠎ᠠ ᠴᠠᠭ ᠡᠷᠡᠨ ᠤ ᠰᠢᠨ᠎ᠠ ᠭᠦᠮᠤᠨ ᠢ ᠭᠦᠮᠦᠵᠢᠯᠭᠦᠯᠭᠦ ᠣᠷᠭᠢᠯᠤᠮ᠎ᠠ ᠬᠠᠯᠠᠭᠤᠨ ᠰᠡᠳᠬᠢᠯᠭᠡ ᠪᠣᠢ ᠪᠣᠯᠪᠠ᠃ ᠡᠨᠡ ᠨᠢ ᠨᠠᠩ ᠢᠯᠡᠭᠦᠤ ᠪᠢᠴᠢᠭ᠌ ᠡᠷᠳᠡᠮ ᠰᠤᠷᠬᠤ ᠨᠢ ᠱᠠᠭᠠᠷᠳᠠᠭᠳᠠᠵᠤ᠂ ᠰᠤᠷᠭᠠᠭᠤᠯᠢ ᠡᠷᠭᠢᠯᠡᠭᠦ ᠰᠤᠷᠭᠠᠭᠤᠯᠢ ᠪᠠᠨ ᠳᠡᠮᠵᠢᠭᠦ ᠣᠷᠮ᠎ᠠ ᠵᠤᠷᠢᠭ ᠢ ᠭᠦᠭ᠍ᠵᠢᠭᠡᠵᠤ᠂ ᠰᠤᠷᠭᠠᠭᠤᠯᠢ ᠳᠤ ᠣᠷᠤᠬᠤ ᠪᠠᠭᠠᠴᠤᠳ ᠬᠡᠦᠬᠡᠳ ᠣᠯᠠᠰᠢᠷᠠᠵᠤ ᠥᠰᠦᠭ᠌ ᠳᠠᠨᠢᠭᠤᠯᠬᠤ ᠭᠦᠳᠡᠯᠭᠡᠭᠡᠨ ᠶᠡᠭᠡᠪᠠᠷ ᠦᠷᠨᠢᠪᠠ᠃ ᠰᠤᠶᠤᠯ ᠰᠤᠷᠬᠤ ᠭᠦᠮᠦᠰ ᠣᠯᠠᠰᠢᠷᠠᠭᠰᠠᠨ ᠡᠴᠠ ᠶᠠᠫᠣᠨ ᠤ ᠦᠶ᠎ᠡ ᠶᠢᠨ ᠳᠠᠷᠢᠶᠠᠨ ᠤ ᠰᠠᠭᠤᠷᠢᠨ ᠭᠠᠵᠠᠷ ᠪᠠᠢ᠌ᠭᠰᠠᠨ ᠨᠢᠭᠡᠨ ᠰᠠᠭᠤᠷᠢ ᠰᠤᠷᠭᠠᠭᠤᠯᠢ ᠶᠢᠨ ᠭᠡᠷ ᠨᠢ ᠳᠠᠳᠠᠨ ᠤ ᠱᠠᠭᠠᠷᠳᠠᠯᠭ᠎ᠠ ᠶᠢ ᠬᠠᠩᠭ᠋ᠠᠵᠤ ᠴᠢᠳᠠᠬᠤ ᠦᠭᠡᠶ ᠪᠣᠯᠤᠭᠰᠠᠨ ᠳᠤᠯᠠ ᠣᠯᠠᠨ ᠲᠦᠮᠡᠨ ᠭᠦᠳᠡᠯᠦᠯᠴᠡᠨ ᠭᠤᠷᠪᠠᠨ ᠳᠠᠰᠤᠯᠭ᠎ᠠ ᠰᠢᠪᠠᠷ ᠭᠡᠷ ᠪᠠᠷᠢᠵᠤ᠂ ᠨᠢᠭᠡ ᠳᠠᠰᠤᠯᠭ᠎ᠠ ᠳ᠋ᠤᠨᠢ ᠰᠤᠮᠤᠨ ᠤ ᠠᠯᠪᠠᠨ ᠭᠡᠷ᠂ ᠬᠤᠶᠠᠷ ᠳᠠᠰᠤᠯᠭ᠎ᠠ ᠶᠢ ᠨᠢ ᠰᠤᠷᠭᠠᠭᠤᠯᠢ ᠶᠢᠨ ᠭᠢᠴᠢᠶᠠᠯ ᠤᠨ ᠭᠡᠷ ᠪᠣᠯᠭᠠᠪᠠ᠃ ᠮᠦᠨ ᠴᠤ ᠳᠠᠷᠠ ᠦᠶ᠎ᠡ ᠳᠤ ᠦᠢᠳᠭᠡᠨ ᠪᠣᠯᠤᠨ ᠬᠤᠩᠭ᠋ᠤᠯᠵᠢ ᠰᠤᠷᠭᠠᠭᠤᠯᠢ ᠶᠢᠨ ᠬᠤᠶᠠᠷ ᠭᠤᠷᠪᠠᠳᠤᠭᠠᠷ ᠠᠩᠭᠢ ᠨᠢ ᠢᠮᠢᠨ ᠰᠤᠷᠭᠠᠭᠤᠯᠢ ᠳᠤ ᠢᠷᠠᠵᠤ ᠰᠤᠷᠤᠯᠴᠠᠬᠤ ᠪᠣᠯᠤᠭᠰᠠᠨ ᠳᠤᠯᠠ ᠪᠠᠢ᠌ᠷᠢ ᠶᠢᠨ ᠭᠡᠷ ᠴᠢᠬᠤᠯᠠ ᠲᠡᠶ ᠪᠣᠯᠵᠠᠢ᠃ ᠡᠢ᠌ᠮᠤ ᠡᠴᠠ ᠪᠠᠭᠰᠢ ᠰᠤᠷᠤᠭᠴᠢᠳ ᠭᠦᠳᠡᠯᠦᠯᠴᠡᠨ᠂ ᠭᠠᠵᠠᠷ ᠤᠨ ᠭᠦᠷᠦᠰᠤ ᠪᠠᠷ ᠨᠢᠭᠡᠨ ᠰᠠᠭᠤᠷᠢ ᠪᠠᠢ᠌ᠷᠢ᠂ ᠳᠤᠭᠤᠭᠠᠨ ᠭᠡᠷ ᠪᠠᠷᠢᠵᠤ᠂ ᠪᠠᠢ᠌ᠷᠢ ᠶᠢᠨ ᠭᠡᠷ ᠲᠡᠶ ᠪᠣᠯᠤᠭᠰᠠᠨ ᠪᠦᠭᠡᠳ ᠰᠦᠷᠤᠩ ᠨᠥᠭᠦᠷ ᠳᠤᠭᠤᠭᠠᠴᠢᠨ ᠶᠢᠡᠷ ᠠᠵᠢᠯᠯᠠᠵᠤ ᠪᠠᠢ᠌ᠪᠠ᠃ ᠳᠤᠬᠠᠢ ᠶᠢᠨ ᠦᠶ᠎ᠡ ᠳᠤ ᠰᠤᠷᠤᠭᠴᠢᠳ ᠤᠨ ᠪᠣᠳᠠᠭ᠎ᠠ ᠭᠦᠨᠡᠰᠤ ᠶᠢ ᠰᠤᠷᠤᠭᠴᠢᠳ ᠭᠡᠷ ᠡᠴᠠ ᠪᠠᠨ ᠪᠠᠭ᠎ᠠ ᠰᠠᠭ᠎ᠠ ᠠᠪᠴᠠᠷᠠᠳᠠᠭ ᠪᠦᠭᠡᠳ ᠨᠢᠭᠡ ᠭᠡᠰᠡᠭ᠌ ᠢ ᠠᠷᠠᠤᠨ ᠡᠴᠠ ᠪᠠᠳᠢᠷᠯᠠᠵᠤ ᠣᠯᠬᠤ ᠪᠠ ᠣᠯᠠᠨ ᠲᠦᠮᠡᠨ ᠰᠠᠢ᠌ᠨ ᠳᠤᠷ᠎ᠠ ᠡᠴᠠ ᠪᠠᠨ ᠳᠠᠮᠵᠢᠨ ᠳᠤᠰᠠᠯᠠᠵᠤ ᠪᠠᠢ᠌ᠭᠰᠠᠨ ᠵᠡᠷᠭᠡ ᠠᠷᠭ᠎ᠠ ᠵᠠᠮ ᠶᠢᠡᠷ ᠠᠷᠭᠠᠴᠠᠭᠠᠨ ᠥᠩᠭᠡᠷᠡᠭᠦᠯᠵᠤ ᠪᠠᠢ᠌ᠭᠰᠠᠨ ᠴᠤ ᠰᠤᠷᠤᠭᠴᠢᠳ ᠤᠨ ᠰᠤᠷᠤᠯᠭ᠎ᠠ ᠶᠢ ᠳᠠᠰᠤᠯᠳᠠᠭᠤᠯᠬᠤ ᠦᠭᠡᠶ ᠶᠢ ᠪᠠᠳᠤᠯᠠᠭᠰᠠᠭᠠᠷ ᠢᠷᠠᠪᠠ᠃ ᠡᠨᠡ ᠦᠶ᠎ᠡ ᠳᠤ ᠢᠮᠢᠨ ᠰᠤᠷᠭᠠᠭᠤᠯᠢ ᠨᠢ ᠳᠦᠷᠪᠠᠨ ᠠᠩᠭᠢ ᠲᠡᠶ᠂ ᠳᠠᠪᠢᠭᠠᠤᠨ ᠰᠤᠷᠤᠭᠴᠢ ᠲᠡᠶ ᠳᠠᠪᠤᠨ ᠪᠠᠭᠰᠢ ᠲᠡᠶ ᠪᠦᠷᠢᠨ ᠪᠣᠰᠤ ᠪᠠᠭ᠎ᠠ ᠰᠤᠷᠭᠠᠭᠤᠯᠢ ᠪᠠᠢ᠌ᠭᠰᠠᠨ ᠶᠤᠮ᠃
ᠰᠤᠷᠭᠠᠭᠤᠯᠢ ᠪᠠᠨ ᠳᠠᠮᠵᠢᠨ ᠳᠤᠰᠠᠯᠠᠬᠤ᠂ ᠬᠠᠢ᠌ᠷᠠᠯᠠᠨ ᠬᠠᠮᠠᠭᠠᠯᠠᠬᠤ ᠨᠠᠠᠳᠢᠨ ᠣᠯᠠᠮᠵᠢᠯᠠᠯ ᠲᠡᠶ ᠣᠯᠠᠨ ᠲᠦᠮᠡᠨ
ᠢᠮᠢᠨ ᠰᠤᠮᠤ ᠶᠢᠨ ᠣᠯᠠᠨ ᠲᠦᠮᠡᠨ ᠡᠷᠳᠡᠨ ᠡᠴᠠ ᠡᠳᠦᠭᠡ ᠪᠣᠯᠳᠠᠯ᠎ᠠ ᠰᠤᠷᠭᠠᠭᠤᠯᠢ ᠪᠠᠨ ᠰᠡᠷᠭᠦᠭᠡᠨ ᠪᠣᠰᠬᠠᠬᠤ ᠪᠠ ᠪᠣᠵᠠᠭᠠᠢ᠌ᠷᠠᠭᠤᠯᠤᠨ ᠭᠦᠭ᠍ᠵᠢᠭᠦᠯᠭᠦ ᠪᠠᠷ ᠣᠳᠠᠭ᠎ᠠ ᠳᠠᠷᠠᠭ᠎ᠠ ᠳᠠᠮᠵᠢᠨ ᠳᠤᠰᠠᠯᠠᠵᠤ ᠢᠷᠡᠭ᠍ᠰᠡᠨ ᠪᠦᠭᠡᠳ ᠡᠨᠡᠭᠦ ᠨᠠᠠᠳᠢᠨ ᠣᠯᠠᠮᠵᠢᠯᠠᠯ ᠶᠢᠡᠨ ᠣᠳᠤ ᠨᠠᠩ ᠢᠯᠡᠭᠦᠤ ᠪᠠᠳᠠᠷᠠᠭᠤᠯᠤᠨ ᠪᠠᠷᠢᠮᠳᠠᠯᠠᠭᠰᠠᠭᠠᠷ ᠪᠠᠢ᠌ᠨ᠎ᠠ᠃ ᠰᠤᠷᠭᠠᠭᠤᠯᠢ ᠪᠠᠢ᠌ᠭᠤᠯᠬᠤ ᠶᠢᠨ ᠲᠦᠯᠦᠭᠡ ᠭᠤᠴᠢᠭᠠᠤᠨ ᠣᠨ ᠤ ᠦᠶ᠎ᠡ ᠪᠠ ᠴᠢᠯᠦᠭᠡᠯᠡᠭ᠍ᠳᠡᠭ᠍ᠰᠡᠨ ᠤ ᠡᠭᠢᠨ ᠤ ᠦᠶ᠎ᠡ ᠡᠴᠠ ᠰᠤᠷᠭᠠᠭᠤᠯᠢ ᠪᠠᠨ ᠵᠤᠭᠤᠰ ᠮᠦᠩᠭᠦ᠂ ᠡᠳ᠋ ᠪᠣᠳᠠᠰ᠂ ᠮᠠᠯ ᠣᠨᠤᠭ᠎ᠠ᠂ ᠢᠳᠡᠭᠦ ᠠᠮᠤ ᠪᠣᠳᠠᠭ᠎ᠠ᠂ ᠲᠦᠯᠠᠰᠢ ᠮᠤᠳᠤ ᠵᠡᠷᠭᠡ ᠪᠠᠷ ᠳᠠᠮᠵᠢᠨ ᠳᠤᠰᠠᠯᠠᠭᠰᠠᠭᠠᠷ ᠢᠷᠡᠭ᠍ᠰᠡᠨ ᠪᠢᠯᠠ᠃ 1947 ᠣᠨ ᠳᠤ ᠣᠳᠤ ᠶᠢᠨ ᠪᠢᠯᠡᠭᠦᠳᠤ ᠭᠠᠴᠠᠭ᠎ᠠ ᠶᠢᠨ ᠠᠶᠤᠰᠢ ᠪᠠᠶᠠᠨ ᠬᠤᠶᠠᠷ ᠮᠤᠷᠢ (ᠪᠣᠭᠤᠷᠤᠯ ᠴᠤᠬᠤᠷ ᠮᠤᠷᠢ ᠪᠣᠯᠤᠨ ᠳᠡᠭᠡᠷ ᠪᠣᠷᠤ ᠮᠤᠷᠢ)᠂ ᠠᠭᠣᠢ᠌ᠳᠤ ᠭᠠᠴᠠᠭ᠎ᠠ ᠶᠢᠨ ᠯᠠᠶᠠᠨ ᠣᠷᠤᠰ ᠬᠤᠶᠠᠷ ᠵᠠᠭᠤᠨ ᠳᠦᠭᠦᠷᠢᠭ᠌ ᠶᠢᠡᠷ ᠰᠤᠷᠭᠠᠭᠤᠯᠢ ᠶᠢ ᠰᠡᠷᠭᠦᠭᠡᠨ ᠪᠣᠰᠬᠠᠬᠤ ᠳᠤ ᠳᠤᠰᠠᠯᠠᠨ ᠳᠠᠮᠵᠢᠪᠠ᠃ ᠠᠭᠣᠢ᠌ᠳᠤ ᠪᠠᠶᠠᠠᠳᠠᠯ᠎ᠠ ᠭᠠᠴᠠᠭ᠎ᠠ ᠶᠢᠨ ᠣᠯᠠᠨ ᠲᠦᠮᠡᠨ ᠰᠤᠷᠭᠠᠭᠤᠯᠢ ᠶᠢᠨ ᠭᠡᠷ ᠪᠠᠷᠢᠬᠤ ᠳᠤ ᠡᠳ᠋ ᠪᠣᠳᠠᠰ᠂ ᠳᠡᠷᠭᠡ ᠣᠨᠤᠭ᠎ᠠ ᠭᠦᠳᠡᠯᠮᠦᠷᠢ ᠭᠦᠴᠤ ᠪᠠᠷ ᠣᠯᠠᠨ ᠣᠳᠠᠭ᠎ᠠ ᠳᠡᠮᠵᠢᠭ᠍ᠰᠡᠨ ᠪᠦᠭᠡᠳ ᠳᠠᠷᠢᠶᠠᠨ ᠭᠠᠵᠠᠷ᠂ ᠬᠠᠳᠤᠯᠠᠩ ᠤᠨ ᠳᠠᠯᠠᠪᠠᠢ ᠶᠢ ᠴᠦᠮ ᠰᠤᠷᠭᠠᠭᠤᠯᠢ ᠶᠢᠨ ᠤᠢ᠌ᠷ᠎ᠡ ᠣᠷᠴᠢᠮ ᠳᠤᠭᠢᠷᠠᠭᠤᠯᠤᠨ ᠥᠭ᠍ᠴᠤ ᠳᠦᠭᠦᠮ ᠳᠦᠳᠠ ᠶᠢ ᠪᠣᠳᠤᠯᠭᠢᠯᠠᠵᠤ᠂ ᠰᠤᠷᠤᠭᠴᠢᠳ ᠤᠨ ᠰᠤᠷᠤᠯᠭ᠎ᠠ ᠶᠢ ᠰᠠᠭᠠᠳᠠᠭᠠᠬᠤ ᠦᠭᠡᠶ ᠪᠠᠷ ᠭᠦᠳᠡᠯᠮᠦᠷᠢ ᠶᠢᠨ ᠰᠠᠭᠤᠷᠢᠨ ᠭᠠᠵᠠᠷ ᠲᠡᠶ ᠪᠣᠯᠬᠤ ᠳᠤ ᠳᠤᠰᠠᠯᠠᠭᠰᠠᠭᠠᠷ ᠢᠷᠠᠪᠠ᠃ ᠨᠢᠭᠡᠳᠦᠯ ᠪᠠᠷᠢᠭᠠᠳᠠ ᠪᠣᠯᠤᠭᠰᠠᠨ ᠤ ᠰᠡᠭᠦᠯᠡᠷ ᠥᠢᠳᠭᠡᠨ ᠨᠢᠭᠡ ᠦᠨᠢᠶ᠎ᠡ (ᠥᠢᠳᠭᠡᠨ ᠢᠮᠢᠨ᠂ ᠶᠦᠩ ᠹᠸᠩ ᠨᠢᠭᠡ ᠶᠡᠭᠡ ᠪᠠᠷᠢᠭᠠᠳᠠ ᠪᠠᠢ᠌ᠪᠠ) ᠪᠠᠶᠠᠠᠳᠠᠯ᠎ᠠ ᠨᠢᠭᠡ ᠦᠨᠢᠶ᠎ᠡ (ᠠᠭᠣᠢ᠌ᠳᠤ ᠪᠠᠶᠠᠠᠳᠠᠯ᠎ᠠ ᠨᠢᠭᠡ ᠶᠡᠭᠡ ᠪᠠᠷᠢᠭᠠᠳᠠ ᠪᠠᠢ᠌ᠪᠠ) ᠪᠢᠯᠡᠭᠦᠳᠤ ᠨᠢᠭᠡ ᠱᠠᠷ (ᠪᠢᠯᠡᠭᠦᠳᠤ ᠬᠤᠩᠭ᠋ᠤᠯᠴᠢᠨ ᠨᠢᠭᠡ ᠶᠡᠭᠡ ᠪᠠᠷᠢᠭᠠᠳᠠ ᠪᠠᠢ᠌ᠪᠠ) ᠶ᠋ᠢᠡᠷ ᠰᠤᠷᠭᠠᠭᠤᠯᠢ ᠶᠢ ᠦᠨ᠎ᠡ ᠲᠦᠯᠤᠪᠣᠷᠢ ᠦᠭᠡᠶ ᠪᠠᠷ ᠳᠤᠰᠠᠯᠠᠪᠠ᠃ ᠬᠤᠵᠢᠮ ᠨᠢ ᠬᠠᠮᠳᠤ ᠨᠠᠢ᠌ᠳᠠ ᠶᠢᠨ ᠦᠮᠴᠢ ᠶᠢ ᠠᠯᠪᠠᠨ ᠪᠠᠢ᠌ᠭᠤᠯᠤᠯᠭ᠎ᠠ ᠳᠤ ᠦᠨ᠎ᠡ ᠲᠦᠯᠤᠪᠣᠷᠢ ᠦᠭᠡᠶ ᠠᠪᠴᠤ ᠪᠣᠯᠬᠤ ᠦᠭᠡᠶ ᠭᠡᠰᠡᠨ ᠵᠢᠭᠠᠪᠣᠷᠢ ᠶᠤᠰᠤᠭᠠᠷ ᠦᠨᠡᠯᠠᠨ ᠠᠪᠴᠤ ᠵᠤᠭᠤᠰ ᠢ ᠨᠢ ᠪᠣᠴᠠᠭᠠᠭᠰᠠᠨ ᠪᠣᠯᠪᠠᠴᠤ ᠬᠠᠮᠤᠭ ᠤᠨ ᠳᠤᠤᠷ᠎ᠠ ᠭᠢᠮᠳᠠ ᠦᠨ᠎ᠡ ᠪᠠᠷ ᠪᠣᠳᠤᠭᠰᠠᠨ ᠪᠢᠯᠠ᠃ ᠡᠭᠦᠨ ᠡᠴᠠ ᠡᠭᠢᠯᠡᠨ ᠰᠤᠷᠭᠠᠭᠤᠯᠢ ᠨᠢ ᠣᠨᠤᠬᠤ ᠡᠴᠠ ᠮᠤᠷᠢ ᠲᠡᠶ᠂ ᠰᠠᠭᠠᠬᠤ ᠡᠴᠠ ᠦᠨᠢᠶ᠎ᠡ ᠲᠡᠶ᠂ ᠭᠦᠯᠭᠦ ᠡᠴᠠ ᠱᠠᠷ ᠲᠡᠶ ᠪᠣᠯᠵᠤ ᠵᠢᠯ ᠳᠠᠷᠠᠭᠠᠯᠠᠨ ᠮᠠᠯ ᠨᠢ ᠦᠰᠴᠦ ᠬᠤᠷᠢᠭᠠᠤᠨ ᠮᠠᠯ ᠲᠡᠶ ᠪᠣᠯᠤᠭᠰᠠᠨ ᠶᠤᠮ᠃ ᠭᠤᠤᠯ ᠤᠨ ᠵᠡᠭᠦᠨ ᠳᠠᠯ᠎ᠠ ᠳᠤ ᠬᠤᠷᠢᠨ ᠮᠤ ᠳᠠᠷᠢᠶᠠᠨ ᠳᠠᠯᠠᠪᠠᠢ ᠲᠡᠶ᠂ ᠬᠠᠳᠤᠯᠠᠩ ᠤᠨ ᠳᠠᠯᠠᠪᠠᠢ ᠲᠡᠶ ᠪᠣᠯᠵᠤ ᠢᠷᠡᠭ᠍ᠰᠡᠨ ᠪᠦᠭᠡᠳ ᠳᠦᠭᠦᠮ ᠳᠦᠲᠡ ᠭᠡᠷ ᠵᠠᠰᠠᠪᠣᠷᠢ ᠪᠣᠯᠤᠨ ᠰᠤᠷᠭᠠᠭᠤᠯᠢ ᠶᠢᠨ ᠲᠦᠯᠠᠰᠢ ᠮᠤᠳᠤ ᠪᠠᠨ ᠴᠦᠮ ᠦᠪᠡᠷ ᠲᠡᠭᠡᠨ ᠰᠢ᠌ᠤᠠᠪᠣᠷᠢᠯᠠᠵᠤ ᠪᠠᠢ᠌ᠭᠰᠠᠨ ᠪᠦᠭᠡᠳ ᠰᠤᠷᠭᠠᠭᠤᠯᠢ ᠳᠠᠭᠠᠨ ᠪᠣᠷᠳᠤᠭᠠᠨ ᠮᠠᠰᠢᠨ᠂ ᠶᠠᠳᠠᠭᠤ ᠦᠨᠦᠴᠢᠨ ᠰᠤᠷᠤᠭᠴᠢ ᠶᠢᠨ ᠭᠦᠡᠵᠢᠯᠡ ᠳᠡᠪᠢᠰᠭᠡᠷ ᠪᠠ ᠰᠤᠷᠭᠠᠭᠤᠯᠢ ᠶᠢᠨ ᠵᠢᠭᠠᠨ ᠰᠤᠷᠭᠠᠬᠤ ᠪᠠᠭᠠᠵᠢ ᠭᠡᠷᠡᠭ᠍ᠰᠡᠯ᠂ ᠰᠤᠷᠭᠠᠭᠤᠯᠢ ᠶᠢᠨ ᠵᠠᠷᠤᠳᠠᠯ ᠪᠠᠭᠠᠴᠤᠳ ᠤᠨ ᠬᠤᠰᠢᠭᠤᠴᠢ ᠠᠩᠭᠢ ᠶᠢᠨ ᠭᠦᠳᠡᠯᠭᠡᠭᠡᠨ ᠪᠠ ᠠᠵᠢᠯᠯᠠᠭᠠᠨ ᠤ ᠪᠠᠭᠠᠵᠢ ᠭᠡᠷᠡᠭ᠍ᠰᠡᠯ᠂ ᠤᠳᠬ᠎ᠠ ᠣᠷᠠᠯᠢᠭ᠂ ᠳᠠᠮᠢᠷ ᠤᠨ ᠭᠡᠷᠡᠭ᠍ᠰᠡᠯ ᠴᠦᠮ ᠪᠦᠷᠢᠨ ᠳᠦᠭᠦᠷ ᠪᠣᠯᠤᠭᠰᠠᠨ ᠶᠤᠮ᠃
《ᠰᠤᠶᠤᠯ ᠬᠤᠪᠢᠰᠬᠠᠯ》 ᠊ᠤᠨ ᠠᠷᠪᠠᠨ ᠵᠢᠯ ᠤᠨ ᠰᠠᠮᠠᠭᠤᠷᠠᠯ ᠤᠨ ᠳᠤᠮᠳᠠ ᠰᠤᠷᠭᠠᠭᠤᠯᠢ ᠨᠢ ᠠᠪᠬᠤ ᠶᠢᠨ ᠠᠷᠭ᠎ᠠ ᠦᠭᠡᠶ ᠳᠠᠮᠳᠤᠭ ᠪᠣᠯᠳᠠᠯ᠎ᠠ ᠬᠤᠭᠤᠰᠤᠷᠠᠵᠤ᠂ ᠪᠠᠭᠰᠢ ᠨᠡᠷ ᠨᠢ ᠴᠢᠳᠭᠦᠷ ᠱᠤᠯᠤᠮ ᠰᠤᠷᠭᠠᠭᠤᠯᠢ ᠨᠢ ᠬᠠᠷ᠎ᠠ ᠡᠭᠦᠷ ᠪᠣᠯᠵᠤ᠂ ᠭᠢᠯᠢᠰ ᠭᠤᠮᠤᠳᠠᠯ ᠶᠢᠡᠷ ᠳᠦᠭᠦᠷᠴᠤ ᠨᠤᠭᠤᠷᠠᠯ ᠪᠦᠳᠦᠷᠢᠯ ᠳᠤ ᠣᠷᠤᠭᠰᠠᠨ ᠶᠤᠮ᠃ ᠡᠭᠦᠨ ᠳᠤ ᠣᠯᠠᠨ ᠲᠦᠮᠡᠨ ᠳᠤᠩ ᠶᠡᠭᠡ ᠳᠤᠷ᠎ᠠ ᠥᠭᠡᠢ᠌ᠴᠡᠨ ᠰᠤᠷᠭᠠᠭᠤᠯᠢ ᠪᠠᠨ ᠳᠠᠷᠤᠢ ᠳᠦᠷᠭᠡᠨ ᠰᠡᠷᠭᠦᠭᠡᠨ ᠪᠣᠰᠬᠠᠬᠤ ᠪᠠᠷ ᠰᠠᠨᠠᠯ ᠳᠤᠷᠠᠳᠤᠯᠭ᠎ᠠ ᠳᠡᠪᠰᠢᠭᠦᠯᠦᠭ᠍ᠰᠡᠭᠡᠷ ᠪᠠᠢ᠌ᠯ᠎ᠠ᠃
ᠢᠮᠢᠨ ᠰᠤᠮᠤ ᠶᠢᠨ ᠨᠠᠮ ᠤᠨ ᠬᠤᠷᠢᠶ᠎ᠠ ᠶᠢᠨ ᠱᠦᠵᠢ ᠹᠢᠯᠵᠢᠳ ᠨᠥᠭᠦᠷ ᠤᠨ ᠰᠢᠭᠤᠳ ᠣᠳᠤᠷᠢᠳᠤᠯᠭ᠎ᠠ ᠪᠣᠯᠤᠨ ᠰᠤᠷᠭᠠᠭᠤᠯᠢ ᠶᠢᠨ ᠣᠳᠤᠷᠢᠳᠤᠯᠭ᠎ᠠ ᠪᠠ ᠬᠠᠰᠢᠷ ᠳᠤᠮᠤᠭᠠᠳᠠᠢ ᠪᠠᠭᠰᠢ ᠨᠡᠷ ᠤᠨ ᠳᠠᠭᠠᠭᠤᠯᠭ᠎ᠠ ᠪᠠᠷ ᠦᠣᠠᠳᠤᠷ ᠳᠦᠷᠭᠡᠨ ᠭᠡᠪ ᠤᠨ ᠪᠠᠢ᠌ᠳᠠᠯ ᠳᠠᠭᠠᠨ ᠡᠭᠡᠵᠤ ᠣᠩᠰᠢᠯᠭ᠎ᠠ ᠶᠢᠨ ᠳᠠᠭᠤᠨ ᠴᠤᠤᠷᠢᠶᠠᠳᠤᠭᠰᠠᠨ ᠰᠤᠷᠭᠠᠭᠤᠯᠢ ᠳᠠᠭᠢᠨ ᠪᠣᠰᠤᠨ ᠰᠡᠷᠭᠦᠭᠡᠭ᠍ᠳᠡᠪᠡ᠃ ᠪᠠᠭᠰᠢ ᠨᠡᠷ ᠣᠯᠠᠮ ᠢᠯᠡᠭᠦᠤ ᠬᠠᠮᠳᠤᠷᠠᠨ ᠨᠢᠭᠳᠠᠷᠠᠨ ᠪᠦᠯᠭᠦᠮᠳᠡᠵᠤ᠂ ᠪᠢᠳᠠ ᠪᠣᠯ ᠴᠢᠳᠭᠦᠷ ᠱᠤᠯᠤᠮ ᠪᠣᠰᠤ ᠳᠡᠷᠰᠯᠡᠭᠦᠤ ᠰᠡᠭᠡᠭᠡᠳᠡᠨ ᠴᠤ ᠪᠢᠰᠢ᠃ ᠬᠠᠷᠢᠨ ᠬᠤᠪᠢᠰᠬᠠᠯᠳᠤ ᠰᠡᠭᠡᠭᠡᠳᠡᠨ ᠵᠢᠩᠭᠢᠨᠢ ᠨᠠᠷᠠ ᠨᠢᠳᠠᠷ ᠲᠡᠭᠡᠨ ᠨᠡᠢ᠌ᠴᠡᠭ᠍ᠰᠡᠨ ᠠᠷᠠᠤᠨ ᠤᠨ ᠪᠠᠭᠰᠢ ᠭᠡᠰᠡᠨ ᠣᠷᠭᠢᠯᠤᠮ᠎ᠠ ᠬᠠᠯᠠᠭᠤᠨ ᠰᠡᠳᠬᠢᠯᠭᠡ ᠪᠠᠷ ᠠᠵᠢᠯᠯᠠᠵᠤ᠂ ᠭᠦᠮᠦᠰ ᠢ ᠬᠠᠢ᠌ᠬᠠᠭᠤᠯᠤᠮᠠ᠂ ᠭᠦᠮᠦᠰ ᠢ ᠪᠢᠰᠢᠷᠡᠭᠦᠯᠳᠡᠯᠡ ᠦᠨᠳᠦᠷ ᠠᠮᠵᠢᠯᠳᠠ ᠪᠦᠳᠦᠮᠵᠢ ᠶᠢ ᠣᠯᠤᠭᠰᠠᠨ ᠪᠢᠯᠠ᠃
1974 ᠣᠨ ᠳᠤ ᠢᠮᠢᠨ ᠰᠤᠮᠤ ᠶᠢᠨ ᠨᠠᠮ ᠤᠨ ᠬᠤᠷᠢᠶ᠎ᠠ ᠡᠴᠠ ᠡᠯ᠎ᠡ ᠪᠠᠷᠢᠭᠠᠳᠠ ᠳᠤ ᠱᠠᠭᠠᠷᠳᠠᠯᠭ᠎ᠠ ᠳᠠᠯᠪᠢᠵᠤ᠂ ᠰᠤᠷᠭᠠᠭᠤᠯᠢ ᠳᠤ ᠬᠤᠨᠢᠨ ᠰᠦᠷᠦᠭ᠌ ᠲᠡᠶ ᠪᠣᠯᠬᠤ ᠶᠢ ᠳᠡᠮᠡᠵᠢᠳᠦᠭᠡᠢ ᠭᠡᠵᠤ ᠣᠷᠢᠶᠠᠯᠠᠵᠠᠢ᠃ ᠢᠩᠭᠢᠭᠡᠳ ᠪᠠᠷᠢᠭᠠᠳᠠ ᠡᠴᠠ 3 ᠊᠊᠊᠊᠊᠊᠊᠊᠊᠊᠊᠊᠊᠊᠊ 5 ᠵᠢᠯ ᠤᠨ ᠬᠤᠭᠤᠴᠠᠭᠠᠨ ᠳᠤ ᠡᠭᠡ ᠬᠤᠨᠢ ᠶᠢ ᠨᠢ ᠪᠣᠴᠠᠭᠠᠬᠤ ᠪᠠᠷ ᠳᠦᠷᠦᠭᠦ ᠨᠠᠰᠤᠨ ᠤ ᠡᠮ᠎ᠡ ᠬᠤᠨᠢ ᠬᠤᠶᠠᠷ ᠵᠠᠭᠤ ᠳᠦᠴᠢᠨ ᠳᠠᠪᠤᠨ ᠳᠤᠯᠤᠭᠠᠢ᠂ ᠳᠠᠪᠤᠨ ᠢᠮᠠᠭ᠎ᠠ (ᠪᠢᠯᠡᠭᠦᠳᠤ 40 ᠬᠤᠨᠢ᠂ ᠢᠮᠢᠨ 50 ᠬᠤᠨᠢ᠂ ᠬᠤᠩᠭ᠋ᠤᠯᠵᠢᠨ 35 ᠬᠤᠨᠢ᠂ ᠥᠢᠳᠭᠡᠨ 30 ᠬᠤᠨᠢ᠂ ᠠᠭᠣᠢ᠌ᠳᠤ 30 ᠬᠤᠨᠢ 5 ᠢᠮᠠᠭ᠎ᠠ᠂ ᠪᠠᠶᠠᠠᠳᠠᠯ᠎ᠠ 30 ᠬᠤᠨᠢ᠂ ᠶᠦᠩ ᠹᠸᠩ 30 ᠬᠤᠨᠢ) ᠳᠠᠮᠵᠢᠨ ᠦᠭᠭᠦᠭ᠍ᠰᠡᠨ ᠪᠣᠰᠤᠳ ᠰᠤᠮᠤᠨ ᠤ ᠵᠠᠰᠠᠭ ᠤᠨ ᠣᠷᠳᠤᠨ ᠤ ᠮᠠᠯᠵᠢᠯ ᠤᠨ ᠳᠠᠯᠠᠪᠠᠢ ᠡᠴᠠ ᠬᠤᠶᠠᠷ ᠮᠤᠷᠢ ᠬᠤᠶᠠᠷ ᠭᠡᠭᠦᠤ ᠥᠭ᠍ᠴᠤ ᠰᠤᠷᠭᠠᠭᠤᠯᠢ ᠶᠢᠨ ᠬᠤᠨᠢᠨ ᠰᠦᠷᠦᠭ᠌ ᠲᠡᠶ ᠪᠣᠯᠬᠤ ᠳᠤ ᠳᠠᠮᠵᠢᠨ ᠳᠤᠰᠠᠯᠠᠭᠰᠠᠨ ᠪᠠᠢ᠌ᠨ᠎ᠠ᠃ 1978 ᠣᠨ ᠳᠤ ᠡᠭᠡ ᠮᠠᠯ ᠢ ᠳᠤᠭ᠎ᠠ ᠶᠤᠰᠤᠭᠠᠷ ᠡᠯ᠎ᠡ ᠪᠠᠷᠢᠭᠠᠳᠠ ᠳᠤ ᠪᠣᠴᠠᠭᠠᠭᠰᠠᠨ ᠶᠤᠮ᠃
1974 ᠣᠨ ᠳᠤ ᠺᠠᠳ᠋ᠷ᠂ ᠠᠵᠢᠯᠳᠠᠨ ᠤ ᠬᠤᠪᠢ ᠶᠢᠨ ᠮᠠᠯ ᠢ ᠦᠨᠡᠯᠠᠨ ᠬᠤᠷᠢᠶᠠᠬᠤ ᠦᠶ᠎ᠡ ᠳᠤ ᠰᠤᠷᠭᠠᠭᠤᠯᠢ ᠶᠢᠨ ᠪᠠᠭᠰᠢ ᠨᠡᠷ ᠤᠨ ᠮᠠᠯ ᠢ ᠦᠨᠡᠯᠠᠨ ᠰᠤᠷᠭᠠᠭᠤᠯᠢ ᠳᠤ ᠦᠭᠭᠦᠭ᠍ᠰᠡᠨ ᠶᠤᠮ᠃ ᠡᠢ᠌ᠮᠤ ᠡᠴᠠ ᠰᠤᠷᠭᠠᠭᠤᠯᠢ ᠨᠢ ᠨᠠᠯᠢᠶᠠᠤᠨ ᠳᠤᠭᠠᠨ ᠤ ᠥᠭᠡᠷ ᠲᠡᠶ ᠪᠣᠯᠵᠤ᠂ ᠪᠠᠢ᠌ᠷᠢ ᠶᠢᠨ ᠰᠤᠷᠤᠭᠴᠢ ᠪᠣᠯᠤᠨ ᠪᠠᠭᠰᠢᠨᠠᠷ ᠤᠨ ᠢᠳᠡᠭᠦ ᠰᠦᠨ ᠤ ᠠᠰᠠᠭᠤᠳᠠᠯ ᠢ ᠦᠪᠡᠷᠰᠠᠤᠨ ᠶᠢᠡᠨ ᠰᠢ᠌ᠳᠪᠦᠷᠢᠯᠡᠭ᠍ᠰᠡᠨ ᠶᠢᠡᠷ ᠦᠯᠦ ᠪᠠᠷᠠᠨ ᠵᠤᠭᠢᠬᠤ ᠣᠷᠤᠯᠭ᠎ᠠ ᠣᠯᠵᠤ᠂ ᠰᠤᠷᠭᠠᠭᠤᠯᠢ ᠶᠢᠨ ᠵᠠᠷᠤᠳᠠᠯ ᠭᠡᠷᠡᠭ᠍ᠰᠡᠯ ᠤᠨ ᠨᠢᠭᠡ ᠭᠡᠰᠡᠭ᠌ ᠢ ᠰᠢ᠌ᠤᠠᠪᠣᠷᠢᠯᠠᠵᠤ ᠪᠠᠢ᠌ᠪᠠ᠃ ᠭᠤᠷᠪᠠᠨ ᠵᠢᠯ ᠤᠨ ᠳᠠᠷᠠᠭ᠎ᠠ ᠥᠨᠡᠯᠡᠭ᠍ᠰᠡᠨ ᠦᠨ᠎ᠡ ᠪᠠᠷ ᠨᠢ ᠪᠣᠳᠤᠵᠤ ᠪᠣᠴᠠᠭᠠᠨ ᠲᠦᠯᠦᠭ᠍ᠰᠡᠨ ᠶᠤᠮ᠃ ᠢᠩᠭᠢᠭᠡᠳ ᠢᠮᠢᠨ ᠰᠤᠷᠭᠠᠭᠤᠯᠢ ᠨᠢ 1976 ᠣᠨ ᠤ 7 ᠰᠠᠷ᠎ᠠ ᠶᠢᠨ ᠮᠠᠯ ᠳᠤᠭᠠᠯᠯᠠᠭᠠ ᠶᠢᠨ ᠦᠶ᠎ᠡ ᠳᠤ ᠥᠭᠡᠷ 26 ᠳᠤᠯᠤᠭᠠᠢ᠂ ᠠᠳᠤᠭᠤ 14 ᠳᠤᠯᠤᠭᠠᠢ᠂ ᠬᠤᠨᠢ 613 ᠳᠤᠯᠤᠭᠠᠢ᠂ ᠢᠮᠠᠭ᠎ᠠ 14 ᠳᠤᠯᠤᠭᠠᠢ᠂ ᠨᠠᠢ᠌ᠳᠠ 667 ᠳᠤᠯᠤᠭᠠᠢ ᠮᠠᠯ ᠲᠡᠶ ᠪᠣᠯᠤᠭᠰᠠᠨ ᠪᠠᠢ᠌ᠨ᠎ᠠ᠃
ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠭᠦᠳᠡ ᠬᠤᠷᠠᠯᠳᠤᠭᠠᠨ ᠡᠴᠠ ᠨᠠᠰᠢ ᠨᠠᠮ ᠤᠨ ᠲᠦᠪ ᠬᠤᠷᠢᠶ᠎ᠠ ᠡᠴᠠ ᠰᠤᠷᠭᠠᠨ ᠭᠦᠮᠦᠵᠢᠯ ᠢ ᠭᠦᠡᠳᠦᠳᠭᠡᠨ ᠰᠤᠷᠭᠠᠨ ᠭᠦᠮᠦᠵᠢᠯ ᠢ ᠭᠦᠭ᠍ᠵᠢᠭᠦᠯᠭᠦ᠂ ᠨᠡᠢ᠌ᠭᠡᠮ ᠨᠠᠢ᠌ᠳᠠ ᠪᠠᠷ ᠰᠤᠷᠭᠠᠭᠤᠯᠢ ᠢ ᠳᠠᠮᠵᠢᠨ᠂ ᠰᠤᠷᠭᠠᠭᠤᠯᠢ ᠶᠢ ᠭᠦᠭ᠍ᠵᠢᠭᠦᠯᠭᠦ᠂ ᠪᠠᠭᠰᠢ ᠶᠢ ᠭᠦᠡᠳᠦᠳᠭᠡᠨ ᠴᠢᠳᠠᠪᠣᠷᠢᠳᠠᠨ ᠢ ᠭᠦᠮᠦᠵᠢᠭᠦᠯᠭᠦ᠂ ᠰᠠᠭᠤᠷᠢ ᠰᠤᠷᠭᠠᠨ ᠭᠦᠮᠦᠵᠢᠯ ᠢ ᠭᠦᠭ᠍ᠵᠢᠭᠦᠯᠭᠦ ᠰᠢ᠌ᠤᠠᠪᠣᠷᠢᠳᠤ ᠣᠷᠢᠶᠠᠯᠭ᠎ᠠ ᠶᠢᠨ ᠳᠤᠤᠷ᠎ᠠ ᠨᠡᠢ᠌ᠭᠡᠮ ᠳᠠᠶᠠᠭᠠᠷ ᠠᠰᠤᠷᠤ ᠰᠠᠢ᠌ᠨ ᠪᠠᠢ᠌ᠳᠠᠯ ᠪᠣᠢ ᠪᠣᠯᠵᠤ᠂ ᠢᠮᠢᠨ ᠰᠤᠷᠭᠠᠭᠤᠯᠢ ᠨᠢ ᠣᠯᠠᠮ ᠭᠦᠭ᠍ᠵᠢᠯᠳᠡ ᠶᠢᠨ ᠵᠠᠮ ᠳᠠᠭᠠᠨ ᠣᠷᠤᠪᠠ᠃
1984 ᠣᠨ ᠳᠤ ᠬᠤᠰᠢᠭᠤᠨ ᠡᠴᠠ ᠵᠠᠷᠤᠳᠠᠯ ᠰᠥᠢᠳᠭᠡᠯ ᠭᠠᠷᠭᠠᠨ ᠰᠤᠷᠭᠠᠭᠤᠯᠢ ᠶᠢ ᠰᠢᠨ᠎ᠠ ᠣᠷᠤᠨ ᠰᠠᠭᠤᠴᠠ ᠳᠤ ᠨᠡᠭᠦᠯᠭᠡᠨ ᠰᠢᠯᠵᠢᠭᠦᠯᠦᠭ᠍ᠰᠡᠨ ᠪᠦᠭᠡᠳ ᠰᠤᠷᠭᠠᠭᠤᠯᠢ ᠶᠢᠨ ᠰᠢᠷᠡᠭᠡ ᠰᠠᠠᠳᠠᠯᠢ᠂ ᠭᠡᠷ ᠪᠠᠢ᠌ᠷᠢ᠂ ᠡᠳ᠋ᠯᠡᠯ ᠭᠡᠷᠡᠭ᠍ᠰᠡᠯ ᠵᠢᠴᠢ ᠵᠢᠭᠠᠨ ᠰᠤᠷᠭᠠᠬᠤ ᠳᠦᠭᠦᠭᠡᠷᠦᠮᠵᠢ ᠶᠢ ᠪᠦᠷᠢᠨ ᠪᠣᠯᠭᠠᠭᠰᠠᠨ ᠪᠦᠭᠡᠳ ᠮᠠᠰᠢᠨ ᠳᠡᠷᠭᠡ ᠲᠡᠶ ᠴᠤ ᠪᠣᠯᠤᠭᠰᠠᠨ ᠪᠠᠢ᠌ᠨ᠎ᠠ᠃ ᠰᠤᠮᠤ ᠪᠠ ᠣᠯᠠᠨ ᠲᠦᠮᠡᠨ ᠡᠴᠠ ᠰᠤᠷᠭᠠᠭᠤᠯᠢ ᠶᠢ ᠳᠠᠮᠵᠢᠨ ᠳᠤᠰᠠᠯᠠᠬᠤ ᠨᠢ ᠨᠠᠩ ᠶᠡᠭᠡ ᠪᠣᠯᠵᠤ᠂ ᠰᠤᠮᠤᠨ ᠤ ᠭᠠᠵᠠᠷ ᠰᠢᠷᠤᠢ ᠶᠢᠨ ᠰᠥᠢᠳᠭᠡᠯ ᠡᠴᠠ ᠭᠤᠷᠪᠠᠨ ᠲᠦᠮᠡᠨ ᠳᠦᠭᠦᠷᠢᠭ᠌ ᠪᠠᠯᠠᠨ ᠮᠦᠩᠭᠦ ᠭᠠᠷᠭᠠᠵᠤ ᠰᠤᠷᠭᠠᠭᠤᠯᠢ ᠶᠢᠨ ᠭᠦᠷᠢᠶ᠎ᠡ ᠶᠢ ᠳᠠᠮᠤᠷ ᠶᠢᠡᠷ ᠬᠠᠰᠢᠶᠠᠯᠠᠨ ᠭᠦᠷᠢᠶᠡᠯᠡᠪᠡ᠃
1985 ᠣᠨ ᠤ ᠠᠩᠬᠠᠳᠤᠭᠠᠷ ᠪᠠᠭᠰᠢ ᠶᠢᠨ ᠪᠠᠶᠠᠷ ᠲᠤ ᠢᠮᠢᠨ ᠰᠤᠮᠤ ᠶᠢᠨ ᠨᠠᠮ ᠤᠨ ᠬᠤᠷᠢᠶ᠎ᠠ᠂ ᠠᠷᠠᠤᠨ ᠤᠨ ᠵᠠᠰᠠᠭ ᠤᠨ ᠣᠷᠳᠤᠨ ᠡᠴᠠ ᠰᠤᠷᠭᠠᠨ ᠭᠦᠮᠦᠵᠢᠯ ᠤᠨ ᠠᠵᠢᠯ ᠳᠤ ᠰᠠᠢ᠌ᠨ ᠶᠠᠪᠣᠳᠠᠯ ᠭᠢᠭᠦ ᠶᠢᠨ ᠬᠠᠮᠳᠤ ᠪᠠᠭᠰᠢ ᠶᠢᠨ ᠪᠠᠶᠠᠷ ᠢ ᠪᠠᠯᠡᠭᠯᠡᠭᠦ ᠠᠵᠢᠯᠯᠠᠭ᠎ᠠ ᠶᠢ ᠶᠡᠭᠡᠪᠠᠷ ᠦᠷᠨᠢᠭᠦᠯᠵᠤ᠂ ᠪᠠᠭᠰᠢ ᠪᠦᠭᠦᠨ ᠳᠤ ᠨᠢᠭᠡᠨ ᠪᠦᠷᠢᠨ ᠵᠠᠬ᠎ᠠ ᠬᠤᠪᠴᠠᠰᠤ ᠠᠪᠴᠤ ᠥᠭᠦᠭ᠍ᠰᠡᠨ ᠪᠦᠭᠡᠳ ᠠᠰᠢᠭ ᠣᠯᠭᠤᠮᠵᠢ ᠣᠯᠭᠤᠵᠤ᠂ ᠳᠠᠳᠠᠨ ᠤ ᠠᠮᠢᠳᠤᠷᠠᠯ ᠳᠤ ᠳᠦᠭᠦᠮ ᠳᠤᠰᠠᠯᠠᠮᠵᠢ ᠥᠵᠡᠭᠦᠯᠦᠭ᠍ᠰᠡᠭᠡᠷ ᠢᠷᠡᠭ᠍ᠰᠡᠨ ᠶᠤᠮ᠃ ᠳᠠᠷᠠᠴᠢᠯᠠᠨ ᠪᠠᠭᠰᠢ ᠨᠡᠷ ᠤᠨ ᠣᠷᠤᠨ ᠰᠠᠭᠤᠴᠠ ᠭᠡᠷ ᠪᠠᠢ᠌ᠷᠢ ᠶᠢᠨ ᠠᠰᠠᠭᠤᠳᠠᠯ ᠢ ᠵᠢᠯ ᠳᠠᠷᠠᠭᠠᠯᠠᠨ ᠵᠦᠢ ᠵᠤᠭᠢᠰᠳᠠᠢ ᠪᠠᠷ ᠰᠢ᠌ᠤᠠᠪᠣᠷᠢᠯᠠᠨ ᠳᠠᠳᠠᠨ ᠤ ᠰᠠᠨᠠᠭ᠎ᠠ ᠠᠮᠤᠷ ᠵᠤᠷᠢᠭ ᠰᠢᠭᠤᠳᠤᠨ ᠰᠤᠷᠭᠠᠨ ᠭᠦᠮᠦᠵᠢᠯ ᠤᠨ ᠣᠢ᠌ᠯᠠᠰ ᠲᠤ ᠵᠢᠳᠭᠦᠭᠦ ᠶᠢ ᠳᠡᠮᠵᠢᠭ᠍ᠰᠡᠭᠡᠷ ᠢᠷᠠᠪᠠ᠃
ᠢᠮᠢᠨ ᠰᠤᠮᠤ ᠡᠴᠠ ᠰᠢᠯᠵᠢᠯᠳᠠ ᠶᠢᠨ ᠰᠦᠷᠦᠭ᠌ 296 ᠳᠤᠯᠤᠭᠠᠢ ᠬᠤᠨᠢ ᠶᠢ ᠰᠤᠷᠭᠠᠭᠤᠯᠢ ᠳᠤ ᠥᠭ᠍ᠴᠤ ᠳᠠᠠᠭᠠᠭᠠᠯᠭᠠᠭᠠᠤᠨ ᠳᠠᠳᠠᠨ ᠤ ᠬᠤᠨᠢᠨ ᠰᠦᠷᠦᠭ᠌ ᠲᠡᠶ ᠪᠣᠯᠬᠤ ᠶᠢ ᠳᠡᠮᠵᠢᠭ᠍ᠰᠡᠨ ᠪᠦᠭᠡᠳ ᠠᠭᠣᠢ᠌ᠳᠤ ᠭᠠᠴᠠᠭ᠎ᠠ ᠶᠢᠨ ᠮᠠᠯᠴᠢᠨ ᠨᠠᠳᠮᠢᠳ ᠨᠥᠭᠦᠷ ᠰᠤᠷᠭᠠᠭᠤᠯᠢ ᠳᠤ ᠭᠤᠷᠪᠠᠨ ᠵᠠᠭᠤᠨ ᠡᠮ᠎ᠡ ᠬᠤᠨᠢ ᠶᠢ ᠳᠠᠪᠤᠨ ᠵᠢᠯ ᠤᠨ ᠬᠤᠭᠤᠴᠠᠭ᠎ᠠ ᠲᠡᠶ ᠪᠠᠷ ᠵᠢᠷᠠ ᠊᠊᠊᠊᠊᠊᠊᠊᠊᠊᠊᠊᠊᠊᠊ ᠳᠦᠴᠢ ᠶᠢᠨ ᠬᠠᠷᠢᠴᠠᠯ ᠶᠢᠡᠷ (ᠵᠢᠯ ᠪᠦᠷᠢ ᠲᠦᠯ ᠤᠨ ᠵᠠᠭᠤᠨ ᠤ ᠳᠦᠴᠢ ᠶᠢ ᠮᠠᠯ ᠤᠨ ᠡᠵᠡᠨ ᠳᠤ ᠪᠣᠴᠠᠭᠠᠬᠤ) ᠪᠣᠳᠤᠵᠤ ᠪᠣᠴᠠᠭᠠᠬᠤ ᠪᠠᠷ ᠳᠠᠭᠠᠭᠠᠴᠢᠯᠠᠭᠰᠠᠨ ᠡᠴᠠ ᠰᠤᠷᠭᠠᠭᠤᠯᠢ ᠨᠢ ᠣᠬᠤᠷᠬᠠᠨ ᠬᠤᠭᠤᠴᠠᠭᠠᠨ ᠤ ᠳᠤᠳᠤᠷ᠎ᠠ ᠪᠠᠶ᠎ᠠ ᠪᠠᠨ ᠳᠠᠭᠠᠭᠠᠭᠰᠠᠨ ᠨᠢᠭᠡᠨ ᠬᠤᠨᠢᠨ ᠰᠦᠷᠦᠭ᠌ ᠲᠡᠶ ᠪᠣᠯᠤᠭᠰᠠᠨ ᠪᠢᠯᠠ᠃ ᠢᠮᠢᠨ ᠰᠤᠮᠤ ᠶᠢᠨ ᠳᠤᠰᠬᠠᠢ ᠡᠷᠦᠭᠡ ᠰᠦᠩ ᠢᠤᠢ ᠱᠸᠩ ᠰᠤᠷᠭᠠᠭᠤᠯᠢ ᠶᠢ ᠵᠤᠭᠤᠰ ᠮᠦᠩᠭᠦ ᠪᠠᠷ ᠭᠡᠳᠤᠨ ᠣᠳᠠᠭ᠎ᠠ ᠳᠡᠮᠵᠢᠭ᠍ᠰᠡᠨ ᠪᠠᠢ᠌ᠨ᠎ᠠ᠃
ᠡᠯ᠎ᠡ ᠭᠠᠴᠠᠭ᠎ᠠ ᠶᠢᠨ ᠣᠯᠠᠨ ᠲᠦᠮᠡᠨ ᠭᠦᠳᠡᠯᠦᠯᠴᠡᠨ ᠭᠠᠴᠠᠭ᠎ᠠ ᠶᠢᠨ ᠰᠤᠷᠭᠠᠭᠤᠯᠢ ᠶᠢᠨ ᠭᠡᠷ ᠪᠠᠢ᠌ᠷᠢ ᠶᠢ ᠰᠠᠯᠪᠢᠨ ᠵᠠᠰᠠᠬᠤ᠂ ᠲᠦᠯᠠᠰᠢ ᠮᠤᠳᠤ ᠭᠦᠷᠭᠡᠭᠦ᠂ ᠠᠷᠠᠤᠨ ᠤᠨ ᠪᠠᠭᠰᠢ ᠶᠢᠨ ᠴᠠᠯᠢᠩ ᠭᠦᠯᠦᠰᠤ ᠶᠢ ᠦᠭᠭᠦ ᠪᠣᠯᠤᠨ ᠣᠯᠤᠰ ᠤᠨ ᠪᠠᠭᠰᠢ ᠶᠢᠨ ᠬᠠᠷᠠᠭᠠᠯᠵᠠᠯᠠᠯ ᠶᠢ ᠨᠡᠮᠡᠭ᠍ᠳᠡᠭᠦᠯᠭᠦ ᠠᠯᠢ ᠣᠯᠠᠨ ᠠᠵᠢᠯ ᠤᠳ ᠢ ᠭᠢᠵᠤ᠂ ᠰᠤᠷᠭᠠᠭᠤᠯᠢ ᠶᠢᠨ ᠬᠣᠢ᠌ᠰᠢᠳᠠ ᠶᠢᠨ ᠭᠦᠭ᠍ᠵᠢᠯᠳᠡ ᠳᠤ ᠰᠠᠢ᠌ᠨ ᠰᠠᠭᠤᠷᠢ ᠶᠢ ᠳᠠᠯᠪᠢᠵᠤ ᠦᠭᠭᠦᠭ᠍ᠰᠡᠨ ᠪᠠᠢ᠌ᠨ᠎ᠠ᠃ ᠳᠠᠳᠠ ᠰᠤᠷᠭᠠᠭᠤᠯᠢ ᠪᠠᠨ ᠬᠠᠢ᠌ᠷᠠᠯᠠᠨ ᠬᠠᠮᠠᠭᠠᠯᠠᠬᠤ᠂ ᠰᠤᠷᠭᠠᠭᠤᠯᠢ ᠶᠢᠨ ᠡᠯ᠎ᠡ ᠳᠠᠯ᠎ᠠ ᠶᠢᠨ ᠠᠵᠢᠯ ᠪᠦᠭᠦᠨ ᠢ ᠬᠠᠪᠰᠤᠷᠤᠨ ᠳᠠᠮᠵᠢᠵᠤ᠂ ᠳᠦᠭᠦᠮ ᠳᠤᠰᠠ ᠭᠦᠷᠭᠡᠵᠤ ᠢᠷᠡᠭ᠍ᠰᠡᠨ ᠶᠤᠮ᠃ ᠡᠳᠡᠭᠡᠷ ᠪᠦᠭᠦᠢ ᠪᠠᠢ᠌ᠳᠠᠯ ᠨᠢ ᠢᠮᠢᠨ ᠰᠤᠮᠤ ᠶᠢᠨ ᠰᠤᠷᠭᠠᠨ ᠭᠦᠮᠦᠵᠢᠯ ᠤᠨ ᠣᠢ᠌ᠯᠠᠰ ᠤᠨ ᠭᠦᠭ᠍ᠵᠢᠯᠳᠡ ᠳᠤ ᠵᠤᠭᠢᠬᠤ ᠬᠤᠪᠢ ᠨᠠᠮᠠᠷᠢ ᠪᠣᠯᠤᠭᠰᠠᠨ ᠶᠢᠡᠷ ᠦᠯᠦ ᠪᠠᠷᠠᠨ ᠰᠤᠷᠭᠠᠨ ᠭᠦᠮᠦᠵᠢᠯ ᠤᠨ ᠠᠵᠢᠯᠳᠠᠨ ᠪᠠᠭᠰᠢ ᠨᠡᠷ ᠤᠨ ᠰᠤᠷᠭᠠᠨ ᠭᠦᠮᠦᠵᠢᠯ ᠢ ᠭᠦᠭ᠍ᠵᠢᠭᠦᠯᠭᠦ ᠣᠷᠮ᠎ᠠ ᠵᠤᠷᠢᠭ ᠢ ᠭᠦᠭ᠍ᠵᠢᠭᠡᠵᠤ᠂ ᠰᠤᠷᠭᠠᠭᠤᠯᠢ ᠪᠠᠨ ᠡᠷᠭᠢᠯᠡᠨ ᠭᠦᠭ᠍ᠵᠢᠭᠦᠯᠭᠦ ᠳᠤ ᠠᠤᠭ᠎ᠠ ᠶᠡᠭᠡ ᠲᠦᠯᠭᠢᠭ᠍ᠴᠢ ᠭᠦᠴᠤᠨ ᠪᠣᠯᠤᠭᠰᠠᠨ ᠪᠠᠢ᠌ᠨ᠎ᠠ᠃
ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠦᠷ᠎ᠡ ᠪᠦᠳᠦᠮᠵᠢ ᠦᠨᠳᠦᠷ ᠪᠠᠢ᠌ᠵᠤ᠂ ᠰᠤᠷᠤᠭᠴᠢᠳ ᠨᠢ ᠪᠣᠯᠪᠠᠰᠤᠨ ᠶᠤᠰᠤ ᠮᠤᠷᠠᠯ ᠲᠡᠶ ᠭᠦᠮᠦᠵᠢᠭ᠍ᠳᠡᠪᠡ
ᠢᠮᠢᠨ ᠰᠤᠷᠭᠠᠭᠤᠯᠢ ᠨᠢ 1956 ᠣᠨ ᠤ 9 ᠰᠠᠷ᠎ᠠ ᠡᠴᠠ ᠡᠭᠢᠯᠡᠨ ᠨᠢᠭᠡᠨ ᠪᠦᠷᠢᠨ ᠪᠦᠭᠦᠨ ᠪᠠᠶ᠎ᠠ ᠪᠠᠨ ᠳᠠᠭᠠᠭᠠᠭᠰᠠᠨ ᠭᠤᠤᠯ ᠪᠠᠭ᠎ᠠ ᠰᠤᠷᠭᠠᠭᠤᠯᠢ ᠪᠣᠯᠵᠤ᠂ ᠳᠠᠪᠤᠨ ᠠᠩᠭᠢ ᠲᠡᠶ ᠵᠠᠭᠤ ᠭᠠᠷᠤᠢ ᠰᠤᠷᠤᠭᠴᠢ ᠲᠡᠶ ᠰᠤᠷᠭᠠᠭᠤᠯᠢ ᠪᠣᠯᠤᠭᠰᠠᠨ ᠶᠤᠮ᠃ ᠶᠦᠩ ᠹᠸᠩ ᠪᠣᠯᠤᠨ ᠬᠤᠩᠭ᠋ᠤᠯᠵᠢᠨ ᠳᠤ ᠳᠠᠭᠢᠨ ᠰᠢᠨ᠎ᠠ ᠪᠠᠷ ᠰᠤᠷᠭᠠᠭᠤᠯᠢ ᠶᠢ ᠰᠡᠷᠭᠦᠭᠡᠨ ᠪᠠᠢ᠌ᠭᠤᠯᠪᠠ᠃ 1958 ᠣᠨ ᠤ 7 ᠰᠠᠷ᠎ᠠ ᠳᠤ ᠢᠮᠢᠨ ᠰᠤᠷᠭᠠᠭᠤᠯᠢ ᠡᠴᠠ (1945 ᠣᠨ ᠡᠴᠠ ᠬᠣᠢ᠌ᠨ᠎ᠠ) ᠠᠩᠬᠠᠳᠤᠭᠠᠷ ᠣᠳᠠᠭ᠎ᠠ ᠵᠢᠷᠭᠤᠭᠠᠨ ᠵᠢᠯ ᠤᠨ ᠰᠤᠷᠤᠯᠴᠠᠬᠤ ᠬᠤᠭᠤᠴᠠᠭ᠎ᠠ ᠶᠢ ᠳᠡᠭᠦᠰᠭᠡᠭᠡᠳ ᠠᠷᠪᠠᠨ ᠬᠤᠶᠠᠷ ᠨᠠᠷᠠᠰ ᠰᠤᠷᠤᠭᠴᠢ ᠳᠡᠭᠦᠰᠦᠭ᠍ᠰᠡᠨ ᠪᠢᠯᠠ᠃ ᠡᠭᠦᠨ ᠡᠴᠠ ᠡᠮᠦᠨ᠎ᠡ ᠳᠦᠷᠪᠠᠳᠦᠭᠡᠷ ᠠᠩᠭᠢ ᠪᠠᠨ ᠳᠡᠭᠦᠰᠪᠠᠯ ᠴᠦᠮ ᠪᠠᠶᠠᠠᠳᠤᠬᠤᠢ ᠰᠤᠷᠭᠠᠭᠤᠯᠢ ᠳᠤ ᠣᠴᠢᠵᠤ ᠰᠤᠷᠤᠯᠴᠠᠳᠠᠭ ᠪᠠᠢ᠌ᠭᠰᠠᠨ ᠶᠤᠮ᠃
ᠠᠯᠢ ᠡᠷᠳᠡ᠂ 1958 ᠣᠨ ᠡᠴᠠ ᠢᠮᠢᠨ ᠰᠤᠷᠭᠠᠭᠤᠯᠢ ᠨᠢ ᠬᠤᠰᠢᠭᠤᠨ ᠤ ᠳᠤᠳᠤᠷ᠎ᠠ ᠪᠠᠨ ᠰᠤᠷᠤᠯᠭ᠎ᠠ ᠶᠢᠨ ᠭᠢᠷᠢ ᠪᠦᠳᠦᠮᠵᠢ ᠪᠠᠷ ᠳᠡᠷᠢᠭᠦᠨ ᠭᠤᠷᠪᠠᠨ ᠨᠠᠷᠠᠰ ᠡᠴᠠ ᠳᠡᠭᠡᠭᠦᠷ ᠣᠷᠤᠳᠠᠭ ᠪᠠᠢ᠌ᠭᠰᠠᠨ ᠪᠦᠭᠡᠳ ᠬᠤᠰᠢᠭᠤᠨ ᠤ ᠳᠤᠳᠤᠷ᠎ᠠ ᠪᠠᠨ ᠣᠯᠠᠨ ᠣᠳᠠᠭ᠎ᠠ ᠳᠡᠷᠢᠭᠦᠨ ᠤ ᠰᠤᠷᠭᠠᠭᠤᠯᠢ ᠪᠠᠷ ᠥᠨᠡᠯᠡᠭ᠍ᠳᠡᠵᠤ ᠢᠷᠡᠭ᠍ᠰᠡᠨ ᠶᠤᠮ᠃ 1959 ᠣᠨ ᠳᠤ ᠰᠤᠷᠭᠠᠨ ᠭᠦᠮᠦᠵᠢᠯ ᠢ ᠠᠵᠢᠯ ᠭᠦᠳᠡᠯᠮᠦᠷᠢ ᠲᠡᠶ ᠣᠶᠠᠯᠳᠤᠭᠤᠯᠤᠭᠰᠠᠨ ᠳᠡᠷᠢᠭᠦᠨ ᠤ ᠰᠤᠷᠭᠠᠭᠤᠯᠢ ᠪᠣᠯᠵᠤ᠂ ᠣᠯᠠᠭᠠᠨ ᠳᠤᠭ ᠶᠢᠡᠷ ᠱᠠᠩᠨᠠᠭᠳᠠᠭᠰᠠᠨ ᠪᠦᠭᠡᠳ ᠮᠦᠨ ᠵᠢᠯ ᠳ᠋ᠤᠨᠢ ᠠᠢ᠌ᠮᠠᠭ ᠤᠨ ᠳᠡᠷᠢᠭᠦᠨ ᠤ ᠰᠤᠷᠭᠠᠭᠤᠯᠢ ᠪᠣᠯᠵᠤ᠂ ᠠᠢ᠌ᠮᠠᠭ ᠲᠤ ᠪᠣᠯᠤᠭᠰᠠᠨ ᠰᠤᠷᠭᠠᠨ ᠭᠦᠮᠦᠵᠢᠯ ᠤᠨ ᠥᠵᠡᠰᠭᠦᠯᠡᠩ ᠳᠤ ᠰᠤᠷᠭᠠᠭᠤᠯᠢ ᠶᠢᠨ ᠣᠢ᠌ᠯᠠ ᠠᠵᠢᠯᠯᠠᠭ᠎ᠠ ᠶᠢ ᠳᠠᠨᠢᠯᠴᠠᠭᠤᠯᠤᠭᠰᠠᠨ ᠨᠠᠯᠢᠶᠠᠤᠨ ᠣᠯᠠᠨ ᠪᠦᠳᠦᠭᠡᠯ ᠤᠳ ᠨᠢ ᠰᠤᠩᠭ᠋ᠤᠭᠳᠠᠨ ᠣᠷᠤᠭᠰᠠᠨ ᠪᠠᠢ᠌ᠨ᠎ᠠ᠃ ᠡᠭᠦᠨ ᠳᠤ ᠰᠤᠷᠭᠠᠭᠤᠯᠢ ᠶᠢᠨ ᠭᠢᠴᠢᠶᠠᠯᠯᠠᠵᠤ ᠪᠠᠢ᠌ᠭ᠎ᠠ ᠪᠠᠢ᠌ᠳᠠᠯ᠂ 《6.1》 ᠊ᠤ ᠬᠡᠦᠬᠡᠳ ᠤᠨ ᠪᠠᠶᠠᠷ ᠤᠨ ᠭᠦᠳᠡᠯᠭᠡᠭᠡᠨ᠂ ᠠᠷᠭᠠᠯ ᠳᠡᠭᠦᠵᠤ᠂ ᠶᠠᠰᠤ ᠴᠤᠭᠯᠠᠭᠤᠯᠤᠭᠰᠠᠨ ᠵᠡᠷᠭᠡ ᠭᠡᠷᠡᠯ ᠵᠢᠷᠤᠭ ᠤᠳ ᠨᠢ ᠳᠡᠯᠭᠡᠭ᠍ᠳᠡᠵᠤ᠂ ᠰᠤᠷᠭᠠᠨ ᠭᠦᠮᠦᠵᠢᠯ ᠢ ᠠᠵᠢᠯ ᠭᠦᠳᠡᠯᠮᠦᠷᠢ ᠲᠡᠶ ᠣᠶᠠᠯᠳᠤᠭᠤᠯᠵᠤ᠂ ᠵᠢᠭᠠᠨ ᠰᠤᠷᠭᠠᠬᠤ ᠪᠦᠳᠦᠮᠵᠢ ᠨᠢ ᠦᠨᠳᠦᠷ᠂ ᠠᠵᠢᠯᠴᠢ ᠠᠷᠪᠢᠴᠢ ᠪᠠᠷ ᠰᠤᠷᠭᠠᠭᠤᠯᠢ ᠪᠠᠨ ᠪᠠᠢ᠌ᠭᠤᠯᠤᠭᠰᠠᠨ ᠵᠡᠷᠭᠡ ᠳᠠᠯ᠎ᠠ ᠪᠠᠷ ᠪᠦᠭᠦ ᠠᠢ᠌ᠮᠠᠭ ᠤᠨ ᠳᠡᠷᠢᠭᠦᠨ ᠤ ᠰᠤᠷᠭᠠᠭᠤᠯᠢ ᠶᠢᠨ ᠳᠤᠭᠠᠨ ᠳᠤ ᠣᠷᠤᠭᠰᠠᠨ ᠪᠢᠯᠠ᠃
1965 ᠣᠨ ᠳᠤ ᠪᠣᠯᠤᠭᠰᠠᠨ ᠬᠤᠰᠢᠭᠤᠨ ᠤ ᠪᠦᠭᠦ ᠪᠠᠭᠰᠢ ᠨᠡᠷ ᠤᠨ ᠪᠣᠯᠪᠠᠰᠤᠷᠠᠯ ᠤᠨ ᠬᠤᠭᠤᠴᠠᠭᠠᠨ ᠳᠤ ᠰᠤᠷᠭᠠᠭᠤᠯᠢ ᠶᠢ ᠠᠳᠠᠯᠢᠳᠬᠠᠨ ᠰᠢᠯᠠᠭᠠᠷᠠᠭᠤᠯᠤᠭᠰᠠᠨ ᠳᠤ ᠳᠡᠷᠢᠭᠦᠨ ᠤ ᠰᠤᠷᠭᠠᠭᠤᠯᠢ ᠪᠠᠷ ᠥᠨᠡᠯᠡᠭ᠍ᠳᠡᠵᠤ᠂ 1963 ᠊᠊᠊᠊᠊᠊᠊᠊᠊᠊᠊᠊᠊᠊᠊ 1964 ᠣᠨ ᠤ ᠰᠤᠷᠤᠯᠭ᠎ᠠ ᠶᠢᠨ ᠵᠢᠯ ᠤᠨ ᠬᠤᠭᠤᠴᠠᠭᠠᠨ ᠳᠤ ᠪᠦᠭᠦ ᠬᠤᠰᠢᠭᠤᠨ ᠤ ᠡᠯ᠎ᠡ ᠰᠤᠷᠭᠠᠭᠤᠯᠢ ᠲᠡᠶ ᠠᠳᠠᠯᠢᠳᠬᠠᠬᠤ᠂ ᠭᠦᠢᠴᠡᠭᠦ᠂ ᠳᠠᠪᠠᠬᠤ᠂ ᠬᠠᠪᠰᠤᠷᠠᠬᠤ ᠣᠷᠤᠯᠳᠤᠭᠠᠨ ᠦᠷᠨᠢᠭᠦᠯᠭᠦ ᠪᠠᠷ ᠶᠡᠭᠡ ᠬᠤᠷᠠᠯ ᠳᠤ ᠳᠤᠷᠠᠳᠤᠯᠭ᠎ᠠ ᠭᠠᠷᠭᠠᠵᠤ᠂ ᠳᠠᠢ᠌ᠴᠢᠯᠠᠯᠳᠠ ᠭᠢᠵᠤ ᠢᠷᠡᠭ᠍ᠰᠡᠨ ᠪᠦᠭᠡᠳ ᠡᠨᠡᠭᠦ ᠳᠤᠷᠠᠳᠤᠯᠭ᠎ᠠ ᠶᠢ ᠪᠠᠶᠠᠠᠳᠤᠬᠤᠢ ᠪᠠᠭ᠎ᠠ ᠰᠤᠷᠭᠠᠭᠤᠯᠢ ᠣᠭᠳᠤᠨ ᠠᠪᠴᠤ᠂ ᠣᠷᠤᠯᠳᠤᠭᠠᠨ ᠵᠠᠷᠯᠠᠭᠰᠠᠨ ᠶᠤᠮ᠃ ᠣᠷᠤᠯᠳᠤᠭᠠᠨ ᠤ ᠳ᠋ᠦ᠋ᠩ ᠳᠤ ᠢᠮᠢᠨ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠪᠣᠯᠤᠨ ᠪᠣᠰᠤᠳ ᠪᠦᠭᠦ ᠳᠠᠯ᠎ᠠ ᠶᠢᠨ ᠠᠵᠢᠯ ᠢ ᠪᠦᠳᠦᠮᠵᠢ ᠪᠠᠷ ᠦᠨᠳᠦᠷ᠂ ᠪᠠᠢ᠌ᠷᠢᠯᠠᠭᠤᠯᠤᠯᠳᠠ ᠴᠢᠩᠭ᠎ᠠ ᠨᠢᠮᠪᠠᠢ᠂ ᠡᠮᠭᠢ ᠳᠢᠭ᠍ᠯᠢᠮ ᠲᠡᠶ᠂ ᠰᠤᠷᠤᠭᠴᠢᠳ ᠤᠨ ᠶᠠᠰᠤ ᠮᠤᠷᠠᠯ᠂ ᠰᠠᠭᠢᠯᠭ᠎ᠠ ᠪᠠᠳᠤ ᠰᠠᠢ᠌ᠨ᠂ ᠠᠵᠢᠯᠴᠢ ᠠᠷᠪᠢᠴᠢ ᠪᠠᠷ ᠰᠤᠷᠭᠠᠭᠤᠯᠢ ᠪᠠᠨ ᠡᠷᠭᠢᠯᠡᠭ᠍ᠰᠡᠨ ᠰᠠᠢ᠌ᠨ ᠵᠡᠷᠭᠡ ᠳᠤᠪᠣᠢ᠌ᠭᠰᠠᠨ ᠣᠠᠴᠠᠯᠢᠭ ᠲᠡᠶ ᠣᠴᠢᠷ ᠡᠴᠠ 1964 ᠣᠨ ᠳᠤ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠡᠴᠠ ᠢᠮᠢᠨ ᠰᠤᠷᠭᠠᠭᠤᠯᠢ ᠳᠤ ᠰᠤᠷᠭᠠᠨ ᠭᠦᠮᠦᠵᠢᠯ ᠤᠨ ᠠᠵᠢᠯ ᠤᠨ ᠪᠠᠢ᠌ᠷᠢ ᠶᠢᠨ ᠬᠤᠷᠠᠯ ᠬᠤᠷᠠᠯᠳᠤᠭᠤᠯᠪᠠ᠂ ᠬᠤᠷᠠᠯᠳᠤᠭᠠᠨ ᠳᠤ ᠪᠦᠭᠦ ᠬᠤᠰᠢᠭᠤᠨ ᠤ ᠡᠯ᠎ᠡ ᠰᠤᠷᠭᠠᠭᠤᠯᠢ ᠶᠢᠨ ᠳᠠᠷᠤᠭ᠎ᠠ᠂ ᠭᠢᠴᠢᠶᠠᠯ ᠤᠨ ᠡᠷᠭᠢᠯᠡᠭ᠍ᠴᠢ ᠪᠣᠯᠤᠨ ᠲᠦᠯᠦᠭᠡᠯᠡᠭᠦ ᠴᠢᠨᠠᠷ ᠲᠡᠶ ᠪᠠᠭᠰᠢ ᠨᠡᠷ ᠨᠠᠢ᠌ᠳᠠ ᠵᠠᠭᠤ ᠳᠠᠪᠢ ᠭᠠᠷᠤᠢ ᠭᠦᠮᠤᠨ ᠣᠷᠤᠯᠴᠠᠭᠰᠠᠨ ᠶᠤᠮ᠃ ᠳᠤᠰ ᠬᠤᠷᠠᠯᠳᠤᠭᠠᠨ ᠳᠤ ᠢᠮᠢᠨ ᠰᠤᠷᠭᠠᠭᠤᠯᠢ ᠶᠢ ᠳᠡᠷᠢᠭᠦᠨ ᠤ ᠰᠤᠷᠭᠠᠭᠤᠯᠢ ᠪᠠᠷ ᠰᠤᠩᠭ᠋ᠤᠨ ᠳᠤᠭᠳᠠᠭᠠᠭᠰᠠᠨ ᠪᠦᠭᠡᠳ ᠢᠮᠢᠨ ᠰᠤᠷᠭᠠᠭᠤᠯᠢ ᠡᠴᠠ ᠰᠤᠷᠭᠠᠭᠤᠯᠢ ᠡᠷᠭᠢᠯᠡᠭ᠍ᠰᠡᠨ ᠳᠤᠷᠰᠢᠯᠭ᠎ᠠ ᠪᠠᠨ ᠳᠠᠨᠢᠯᠴᠠᠭᠤᠯᠵᠤ ᠬᠣᠢ᠌ᠰᠢᠳᠠ ᠭᠡᠷᠭᠢᠨ ᠡᠷᠭᠢᠯᠡᠭᠦ ᠠᠯᠬᠤᠮ ᠳᠠᠷᠠᠭ᠎ᠠ ᠲᠦᠰᠤᠪ ᠲᠦᠯᠦᠪᠯᠡᠭᠡ ᠪᠠᠨ ᠳᠤᠷᠠᠳᠪᠠ᠃ ᠳᠠᠷᠠᠴᠢᠯᠠᠨ ᠳᠤᠰ ᠬᠤᠷᠠᠯᠳᠤᠭᠠᠨ ᠳᠤ ᠪᠠᠰᠠ ᠵᠢᠱᠢᠶᠠᠴᠢ ᠪᠠᠭᠰᠢ ᠶᠢᠨ ᠣᠢ᠌ᠯᠠ ᠠᠵᠢᠯᠯᠠᠭ᠎ᠠ ᠶᠢ ᠳᠠᠨᠢᠯᠴᠠᠭᠤᠯᠬᠤ᠂ ᠬᠠᠷᠢᠯᠴᠠᠨ ᠭᠢᠴᠢᠶᠠᠯ ᠰᠤᠨᠤᠰᠬᠤ᠂ ᠪᠦᠭᠦ ᠬᠤᠰᠢᠭᠤᠨ ᠤ ᠨᠡᠭᠡᠭᠡᠯᠳᠡ ᠶᠢᠨ ᠭᠢᠴᠢᠶᠡᠯᠯᠡᠭᠡ ᠶᠢ ᠡᠷᠭᠢᠯᠡᠭ᠍ᠰᠡᠨ ᠪᠠᠢ᠌ᠨ᠎ᠠ᠃
1960 ᠊᠊᠊᠊᠊᠊᠊᠊᠊᠊᠊᠊᠊᠊᠊ 1965 ᠣᠨ ᠤ ᠬᠤᠭᠤᠷᠤᠠᠳᠤ ᠥᠢᠳᠭᠡᠨ᠂ ᠶᠦᠩ ᠹᠸᠩ᠂ ᠬᠤᠩᠭ᠋ᠤᠯᠵᠢ᠂ ᠪᠢᠯᠡᠭᠦᠳᠤ ᠭᠠᠴᠠᠭ᠎ᠠ ᠳᠤ ᠴᠦᠮ ᠰᠠᠯᠪᠣᠷᠢ ᠰᠤᠷᠭᠠᠭᠤᠯᠢ ᠲᠡᠶ ᠪᠣᠯᠵᠤ᠂ ᠢᠮᠢᠨ ᠭᠤᠤᠯ ᠪᠠᠭ᠎ᠠ ᠰᠤᠷᠭᠠᠭᠤᠯᠢ ᠡᠴᠠ ᠰᠢᠭᠤᠳ ᠬᠠᠮᠢᠶᠠᠷᠤᠨ ᠣᠳᠤᠷᠢᠳᠴᠤ ᠪᠠᠢ᠌ᠭᠰᠠᠨ ᠶᠤᠮ᠃ ᠡᠨᠡᠭᠦ ᠬᠤᠭᠤᠠᠭᠠᠨ ᠳᠤ᠂ ᠰᠤᠷᠭᠠᠭᠤᠯᠢ ᠡᠭᠢᠯᠡᠭᠦ ᠦᠶ᠎ᠡ ᠳᠤ ᠪᠦᠭᠦ ᠪᠠᠭᠰᠢ ᠨᠡᠷ ᠤᠨ ᠬᠤᠷᠠᠯ ᠢ ᠬᠤᠷᠠᠯᠳᠤᠭᠤᠯᠵᠤ᠂ ᠰᠤᠷᠭᠠᠭᠤᠯᠢ ᠶᠢᠨ ᠲᠦᠰᠤᠪ ᠲᠦᠯᠦᠪᠯᠡᠭᠡ ᠪᠠ ᠡᠷᠭᠢᠯᠡᠭᠦ ᠬᠠᠷᠠᠯᠳᠠ ᠪᠠᠨ ᠳᠤᠭᠳᠠᠭᠠᠵᠤ᠂ ᠡᠭᠦᠷᠭᠡ ᠪᠠᠨ ᠳᠠᠭᠠᠭᠠᠯᠭᠠᠳᠠᠭ ᠪᠦᠭᠡᠳ ᠰᠤᠷᠭᠠᠭᠤᠯᠢ ᠳᠠᠷᠠᠬᠠᠭᠰᠠᠨ ᠤ ᠳᠠᠷᠠᠭ᠎ᠠ ᠨᠢᠭᠡ ᠬᠤᠭᠤᠴᠠᠭ᠎ᠠ ᠶᠢᠨ ᠠᠵᠢᠯ ᠶᠢᠡᠨ ᠳ᠋ᠦ᠋ᠩᠨᠠᠵᠤ᠂ ᠠᠳᠠᠯᠢᠳᠬᠠᠨ ᠰᠢᠯᠭᠠᠷᠠᠭᠤᠯᠬᠤ ᠠᠵᠢᠯ ᠢ ᠶᠠᠪᠣᠭᠳᠠᠭᠤᠯᠳᠠᠭ ᠪᠠᠢ᠌ᠪᠠ᠃ ᠰᠠᠷ᠎ᠠ ᠳᠤ ᠨᠢᠭᠡᠨ ᠣᠳᠠᠭ᠎ᠠ ᠰᠠᠯᠪᠣᠷᠢ ᠰᠤᠷᠭᠠᠭᠤᠯᠢ ᠶᠢᠨ ᠬᠠᠷᠢᠭᠤᠴᠠᠯᠭᠠᠳᠠ ᠨᠡᠷ ᠢ ᠴᠤᠭᠯᠠᠭᠤᠯᠤᠨ ᠬᠤᠷᠠᠯᠳᠤᠵᠤ᠂ ᠠᠵᠢᠯ ᠶᠢᠡᠨ ᠪᠠᠢ᠌ᠴᠠᠭᠠᠨ ᠳᠤᠷᠰᠢᠯᠭ᠎ᠠ ᠰᠤᠷᠭᠠᠮᠵᠢ ᠪᠠᠨ ᠳ᠋ᠦ᠋ᠩᠨᠠᠵᠤ᠂ ᠳᠡᠯᠭᠡᠷᠡᠭᠦᠯᠭᠦ ᠠᠵᠢᠯ ᠢ ᠭᠢᠳᠡᠭ᠌ ᠪᠦᠭᠡᠳ ᠲᠦᠪ ᠰᠤᠷᠭᠠᠭᠤᠯᠢ ᠳᠤ ᠭᠦᠡᠵᠡᠭᠡᠢ᠌ᠷᠡᠵᠤ ᠪᠠᠢ᠌ᠴᠠᠭᠠᠨ ᠰᠤᠳᠤᠯᠵᠤ ᠠᠰᠠᠭᠤᠳᠠᠯ ᠢ ᠰᠢ᠌ᠳᠪᠦᠷᠢᠯᠡᠭᠦ ᠶᠢᠨ ᠬᠠᠮᠳᠤ ᠭᠢᠴᠢᠶᠠᠯ ᠰᠤᠨᠤᠰᠴᠤ᠂ ᠵᠢᠭᠠᠨ ᠰᠤᠷᠭᠠᠬᠤ ᠠᠵᠢᠯ ᠶᠢᠡᠨ ᠠᠳᠬᠤᠵᠤ᠂ ᠳᠡᠭ᠍ᠰᠢᠯᠡᠭᠦᠯᠭᠦ ᠠᠵᠢᠯ ᠢ ᠦᠷᠭᠦᠯᠵᠢ ᠶᠢᠨ ᠴᠢᠨᠠᠷ ᠲᠡᠶ ᠪᠠᠷ ᠭᠢᠭ᠍ᠰᠡᠭᠡᠷ ᠢᠷᠡᠭ᠍ᠰᠡᠨ ᠶᠤᠮ᠃
1962 ᠣᠨ ᠤ ᠬᠤᠰᠢᠭᠤᠨ ᠤ ᠨᠠᠭᠠᠳᠤᠮ ᠤᠨ ᠬᠤᠷᠠᠯ ᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠣᠤᠠᠬ᠎ᠠ ᠣᠷᠠᠯᠢᠭ ᠤᠨ ᠣᠷᠤᠯᠳᠤᠭᠠᠨ ᠳᠤ ᠣᠷᠤᠯᠴᠠᠭᠠᠤᠨ ᠢᠮᠢᠨ ᠰᠤᠷᠭᠠᠭᠤᠯᠢ ᠨᠢ ᠪᠦᠭᠦ ᠬᠤᠰᠢᠭᠤᠨ ᠳᠠᠭᠠᠨ ᠬᠤᠶᠠᠳᠤᠭᠠᠷ ᠳᠠᠰ ᠤᠨ ᠱᠠᠩᠨᠠᠯ ᠣᠯᠤᠭᠰᠠᠨ ᠶᠤᠮ᠃ 1960 ᠣᠨ ᠳᠤ ᠣᠷᠤᠨ ᠤ ᠭᠡᠪᠴᠢᠶ᠎ᠡ ᠪᠠᠷ ᠶᠠᠪᠣᠭᠳᠠᠭᠰᠠᠨ ᠣᠠᠴᠠ ᠰᠤᠷᠤᠯᠭᠠᠳᠠᠨ ᠤ ᠮᠦᠩᠭᠦᠨ ᠮᠸᠲ᠋ᠠᠯ ᠤᠨ ᠣᠷᠤᠯᠳᠤᠭᠠᠨ ᠳᠤ ᠢᠮᠢᠨ ᠰᠤᠷᠭᠠᠭᠤᠯᠢ ᠶᠢᠨ ᠥᠭᠡᠯᠡᠳ ᠮᠤᠩᠭ᠋ᠤᠯ᠂ ᠰᠡᠢ᠌ᠡᠪᠢᠯᠢᠭ᠌ ᠤᠨ ᠳᠠᠮᠪᠠᠷᠠᠯ ᠤᠨ ᠭᠤᠷᠪᠠᠳᠤᠭᠠᠷ ᠭᠦᠤ ᠊᠊᠊᠊᠊᠊᠊᠊᠊᠊᠊᠊᠊᠊᠊ ᠥᠭᠡᠯᠡᠳ ᠵᠠᠮᠰᠠ᠂ ᠮᠡᠩᠭᠡᠳᠤ ᠶᠢᠨ ᠦᠬᠢᠨ ᠨᠢᠮ᠎ᠠ ᠬᠤᠶᠠᠷ ᠰᠤᠷᠤᠭᠴᠢ ᠮᠦᠩᠭᠦᠨ ᠮᠸᠲ᠋ᠠᠯ ᠶᠢᠡᠷ ᠱᠠᠩᠨᠠᠳᠠᠭᠰᠠᠨ ᠪᠠᠢ᠌ᠨ᠎ᠠ᠃
1973 ᠣᠨ ᠡᠴᠠ ᠡᠭᠢᠯᠡᠨ ᠭᠤᠷᠪᠠᠨ ᠵᠢᠯ ᠳᠠᠷᠠᠭᠠᠯᠠᠨ ᠶᠠᠪᠣᠳᠠᠭᠰᠠᠨ ᠪᠦᠭᠦ ᠬᠤᠰᠢᠭᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠭᠦᠡᠳᠤ ᠬᠦᠩᠭᠡᠨ ᠤ ᠪᠠᠶ᠎ᠠ ᠶᠢᠨ ᠳᠠᠮᠢᠷ ᠤᠨ ᠣᠷᠤᠯᠳᠤᠭᠠᠨ ᠳᠤ ᠳᠡᠷᠢᠭᠦᠨ ᠤ ᠱᠠᠩᠨᠠᠯ ᠢ ᠣᠯᠠᠨ ᠣᠳᠠᠭ᠎ᠠ ᠣᠯᠵᠤ᠂ ᠪᠠᠶ᠎ᠠ ᠶᠢᠨ ᠳᠠᠮᠢᠷ ᠤᠨ ᠭᠦᠳᠡᠯᠭᠡᠭᠡᠨ ᠦᠷᠨᠢᠭᠦᠯᠦᠭ᠍ᠰᠡᠨ ᠳᠡᠷᠢᠭᠦᠨ ᠰᠤᠷᠭᠠᠭᠤᠯᠢ ᠪᠣᠯᠤᠭᠰᠠᠨ ᠪᠦᠭᠡᠳ ᠥᠭᠡᠯᠡᠳ᠂ ᠵᠠᠮᠰᠠ ᠪᠠᠭᠰᠢ ᠬᠠᠷᠠᠮᠦ᠋ᠷᠡᠨ ᠮᠤᠵᠢ ᠶᠢᠨ ᠣᠯᠠᠨ ᠲᠦᠮᠡᠠᠴᠢ ᠪᠠᠶ᠎ᠠ ᠶᠢᠨ ᠳᠠᠮᠢᠷ ᠢ ᠦᠷᠨᠢᠭᠦᠯᠦᠭ᠍ᠰᠡᠨ ᠳᠡᠷᠢᠭᠦᠨ ᠬᠠᠮᠳᠤ ᠨᠢᠭᠡᠴᠢ ᠬᠤᠪᠢ ᠶᠢᠡᠷ ᠲᠦᠯᠦᠭᠡᠯᠡᠭ᠍ᠴᠢ ᠪᠠᠷ ᠬᠠᠷᠪᠢᠨ ᠬᠤᠳᠠ ᠳᠤ ᠣᠴᠢᠵᠤ ᠳᠤᠷᠰᠢᠯᠭ᠎ᠠ ᠪᠠᠨ ᠳᠠᠨᠢᠯᠴᠠᠭᠤᠯᠤᠭᠰᠠᠨ ᠶᠢᠡᠷ ᠦᠯᠦ ᠪᠠᠷᠠᠨ᠂ ᠢᠮᠢᠨ ᠰᠤᠷᠭᠠᠭᠤᠯᠢ ᠶᠢᠨ ᠪᠠᠭᠰᠢ ᠬᠤᠩᠭ᠋ᠤᠷᠵᠠᠪ᠂ ᠵᠠᠮᠰᠠ (ᠥᠭᠡᠯᠡᠳ ᠵᠠᠮᠰᠠ) ᠨᠡᠷ ᠵᠠᠯᠠᠨ ᠠᠢ᠌ᠯ ᠳᠤ ᠪᠣᠯᠤᠭᠰᠠᠨ ᠳᠤᠮᠳᠠᠳᠤ ᠪᠠᠭ᠎ᠠ ᠰᠤᠷᠭᠠᠭᠤᠯᠢ ᠶᠢᠨ ᠳᠠᠮᠢᠷ ᠤᠨ ᠣᠷᠤᠯᠳᠤᠭᠠᠨ ᠳᠤ ᠬᠤᠰᠢᠭᠤ ᠪᠠᠨ ᠲᠦᠯᠦᠭᠡᠯᠡᠨ ᠳᠠᠮᠢᠷᠴᠢᠳ ᠤᠨ ᠵᠢᠭᠠᠨ ᠰᠤᠷᠭᠠᠭᠴᠢ ᠪᠠᠷ ᠣᠷᠤᠯᠴᠠᠭᠰᠠᠨ ᠪᠢᠯᠠ᠃
ᠢᠮᠢᠨ ᠪᠠᠭ᠎ᠠ ᠰᠤᠷᠭᠠᠭᠤᠯᠢ ᠪᠠᠰᠠ ᠳᠤᠮᠳᠠᠳᠤ ᠰᠤᠷᠭᠠᠭᠤᠯᠢ ᠶᠢᠨ ᠠᠩᠭᠢ ᠡᠷᠭᠢᠯᠡᠵᠤ ᠪᠠᠢ᠌ᠪᠠ᠃ 1976 ᠣᠨ ᠳᠤ ᠪᠠᠭ᠎ᠠ ᠰᠤᠷᠭᠠᠭᠤᠯᠢ ᠡᠴᠠ ᠠᠰᠳᠠᠭᠠᠨ ᠰᠠᠯᠵᠤ᠂ ᠢᠮᠢᠨ ᠳᠤᠮᠳᠠᠳᠤ ᠰᠤᠷᠭᠠᠭᠤᠯᠢ ᠭᠡᠮᠡᠨ ᠨᠠᠷᠠᠢ᠌ᠤᠠᠪᠠ᠃ ᠢᠮᠢᠨ ᠳᠤᠮᠳᠠᠳᠤ ᠰᠤᠷᠭᠠᠭᠤᠯᠢ ᠨᠢ 1983 ᠣᠨ ᠳᠤ ᠬᠤᠰᠢᠭᠤᠨ ᠤ ᠦᠨᠳᠤᠰᠳᠠᠨ ᠤ ᠪᠦᠯᠭᠦᠮᠳᠡᠯ ᠤᠨ ᠳᠡᠷᠢᠭᠦᠨ ᠤ ᠨᠢᠭᠡᠴᠢ ᠪᠣᠯᠵᠤ᠂ ᠠᠢ᠌ᠮᠠᠭ ᠤᠨ ᠨᠢᠭᠡᠳᠦᠯᠳᠡᠢ ᠰᠢᠯᠭᠠᠯᠳᠠ ᠳᠤ 1982 ᠣᠨ ᠳᠤ ᠬᠤᠶᠠᠳᠤᠭᠠᠷ᠂ 1983 ᠣᠨ ᠳᠤ ᠭᠤᠷᠪᠠᠳᠤᠭᠠᠷ᠂ 1984 ᠣᠨ ᠳᠤ ᠣᠯᠤᠭᠰᠠᠨ ᠰᠢᠯᠭᠠᠯᠳᠠ ᠶᠢᠨ ᠬᠤᠪᠢ ᠪᠠᠷ ᠠᠳᠠᠯᠢᠳᠬᠠᠪᠠᠯ ᠨᠢᠭᠡᠳᠦᠭᠡᠷ ᠲᠤ ᠣᠷᠤᠭᠰᠠᠨ ᠶᠤᠮ᠃ 1984 ᠣᠨ ᠳᠤ ᠪᠦᠭᠦ ᠠᠢ᠌ᠮᠠᠭ ᠤᠨ ᠨᠢᠭᠡᠳᠦᠯᠳᠡᠢ ᠰᠢᠯᠭᠠᠯᠳᠠ ᠳᠤ ᠰᠤᠷᠤᠭᠴᠢ ᠶᠦᠨ ᠵᠢᠦ᠋ᠨ᠂ ᠳᠤᠭᠠᠨ ᠤ ᠣᠬᠠᠭᠠᠨ ᠳᠤ 90 ᠬᠤᠪᠢ ᠣᠯᠵᠤ᠂ ᠠᠢ᠌ᠮᠠᠭ ᠤᠨ ᠳᠡᠷᠢᠭᠦᠨ ᠠᠷᠪᠠᠨ ᠨᠠᠷᠠᠰ ᠰᠤᠷᠤᠭᠴᠢ ᠶᠢᠨ ᠳᠤᠭᠠᠨ ᠳᠤ ᠣᠷᠤᠪᠠ᠃ 1986 ᠣᠨ ᠳᠤ ᠢᠮᠢᠨ ᠭᠤᠤᠯ ᠪᠠᠭ᠎ᠠ ᠰᠤᠷᠭᠠᠭᠤᠯᠢ ᠶᠢᠨ ᠰᠤᠷᠤᠭᠴᠢ ᠣᠷᠭᠤᠮᠠᠯ ᠪᠦᠭᠦ ᠬᠤᠰᠢᠭᠤᠨ ᠤ ᠪᠠᠭ᠎ᠠ ᠰᠤᠷᠭᠠᠭᠤᠯᠢ ᠶᠢᠨ ᠨᠢᠭᠡᠳᠦᠯᠳᠡᠢ ᠰᠢᠯᠭᠠᠯᠳᠠ ᠳᠤ ᠳᠡᠷᠢᠭᠦᠨ ᠠᠷᠪᠠᠨ ᠨᠠᠷᠠᠰ ᠰᠤᠷᠤᠭᠴᠢ ᠶᠢᠨ ᠳᠤᠭᠠᠨ ᠳᠤ ᠣᠷᠤᠵᠤ᠂ ᠳᠤᠰᠬᠠᠢ᠌ᠯᠠᠨ ᠱᠠᠩᠨᠠᠯ ᠭᠦᠷᠳᠡᠭ᠍ᠰᠡᠨ ᠪᠢᠯᠠ᠃
ᠰᠠᠢ᠌ᠨ ᠪᠠᠭᠰᠢ ᠶᠢᠨ ᠰᠤᠷᠭᠠᠯ ᠶᠢᠡᠷ ᠰᠠᠢ᠌ᠨ ᠰᠤᠷᠤᠭᠴᠢ ᠭᠦᠮᠦᠵᠢᠭ᠍ᠳᠡᠨ ᠪᠣᠢ᠌ᠵᠨᠠ᠃ ᠡᠨᠡ ᠪᠣᠯ ᠦᠨᠡᠨ ᠶᠤᠰᠤ ᠪᠢᠯᠠ᠃ ᠢᠮᠢᠨ ᠰᠤᠷᠭᠠᠭᠤᠯᠢ ᠨᠢᠭᠡ ᠰᠡᠳᠭᠢᠯ ᠨᠢᠭᠡ ᠵᠢᠷᠤᠭ ᠶᠢᠡᠷ ᠣᠷᠳᠤ ᠣᠳᠠᠭᠠᠨ ᠬᠤᠭᠤᠴᠠᠭ᠎ᠠ ᠴᠥᠭᠦᠷᠡᠯ ᠦᠭᠡᠶ ᠰᠢᠷᠭᠠᠭᠤ ᠠᠵᠢᠯᠯᠠᠵᠤ ᠬᠤᠰᠢᠭᠤ᠂ ᠠᠢ᠌ᠮᠠᠭ᠂ ᠣᠷᠤᠨ ᠪᠣᠯᠤᠨ ᠪᠦᠭᠦ ᠣᠯᠤᠰ ᠳᠠᠶᠠᠭᠠᠷ ᠠᠯᠳᠠᠷ ᠴᠤᠯᠠ ᠪᠠᠨ ᠴᠤᠤᠷᠢᠶᠠᠳᠤᠭᠤᠯᠤᠭᠰᠠᠨ ᠪᠠᠭᠰᠢ ᠨᠡᠷ ᠴᠤ ᠠᠯᠢ ᠣᠯᠠᠨ ᠪᠣᠢ ᠶᠤᠮ᠃ 1980 ᠣᠨ ᠳᠤ ᠬᠤᠷᠢᠨ ᠳᠠᠪᠤᠨ ᠵᠢᠯ ᠡᠴᠠ ᠳᠡᠭᠡᠭ᠍ᠰᠢ ᠠᠵᠢᠯᠯᠠᠭᠰᠠᠨ ᠢᠷᠠᠭᠤ ᠠᠯᠳᠠᠷᠳᠤ ᠴᠡᠴᠡᠷᠯᠢᠭ᠍ᠴᠢ ᠶᠢᠨ ᠴᠤᠯᠠ ᠣᠯᠤᠭᠰᠠᠨ ᠵ᠊·ᠵᠠᠮᠰᠠ᠂ ᠨᠠᠩᠰᠠᠯᠮ᠎ᠠ᠂ ᠮᠠᠠᠵᠢᠭᠮᠠ᠂ ᠡᠷᠳᠡᠨᠢᠪᠢᠯᠢᠭ᠌ ᠵᠡᠷᠭᠡ ᠨᠥᠭᠦᠤᠨ ᠪᠠᠢ᠌ᠬᠤ ᠪᠦᠭᠡᠳ 1964 ᠣᠨ ᠳᠤ ᠠᠢ᠌ᠮᠠᠭ ᠤᠨ ᠰᠢᠯᠢᠳᠡᠭ᠌ ᠮᠤᠷᠢᠳᠤ ᠡᠷᠦᠭᠡ ᠶᠢᠨ ᠴᠡᠷᠢᠭ᠌ ᠴᠢᠯᠠᠭᠤᠠᠪᠠᠳᠤ ᠨᠥᠭᠦᠷ᠂ ᠬᠤᠰᠢᠭᠤ᠂ ᠠᠢ᠌ᠮᠠᠭ ᠤᠨ ᠪᠠᠭᠠᠴᠤᠳ ᠤᠨ ᠬᠤᠰᠢᠭᠤᠴᠢ ᠠᠩᠭᠢ ᠶᠢᠨ ᠳᠡᠷᠢᠭᠦᠨ ᠤ ᠬᠠᠪᠰᠤᠷᠤᠨ ᠵᠢᠯᠤᠭᠤᠳᠤᠭᠴᠢ᠂ ᠦᠪᠣᠷ ᠮᠤᠩᠭ᠋ᠤᠯ ᠤᠨ ᠳᠡᠷᠢᠭᠦᠨ ᠤ ᠡᠷᠦᠭᠡ ᠶᠢᠨ ᠴᠡᠷᠢᠭ᠌᠂ 1983 ᠣᠨ ᠡᠴᠠ ᠳᠠᠷᠠᠭᠠᠯᠠᠨ ᠭᠤᠷᠪᠠᠨ ᠵᠢᠯ ᠪᠦᠭᠦ ᠣᠯᠤᠰ ᠤᠨ ᠳᠡᠷᠢᠭᠦᠨ ᠤ ᠠᠩᠭᠢ ᠶᠢᠨ ᠡᠷᠭᠢᠯᠡᠭ᠍ᠴᠢ ᠠᠷᠢᠭᠤᠨ ᠨᠥᠭᠦᠷ᠂ ᠳᠤᠮᠳᠠᠳᠤ ᠣᠯᠤᠰ ᠤᠨ ᠪᠠᠭᠠᠴᠤᠳ ᠤᠨ ᠬᠤᠰᠢᠭᠤᠴᠢ ᠠᠩᠭᠢ ᠶᠢᠨ ᠪᠦᠭᠦ ᠣᠯᠤᠰ ᠤᠨ 《ᠳᠠᠪᠤᠨ ᠵᠣᠢ᠌ᠯ ᠤᠨ ᠴᠢᠳᠠᠪᠣᠷᠢᠳᠠᠨ》᠂ ᠳᠤᠮᠳᠠᠳᠤ ᠣᠯᠤᠰ ᠤᠨ ᠪᠠᠭᠠᠴᠤᠳ ᠤᠨ ᠬᠤᠰᠢᠭᠤᠴᠢ ᠠᠩᠭᠢ ᠶᠢᠨ 《ᠡᠭᠡ ᠣᠯᠤᠰ ᠶᠢᠡᠨ ᠬᠠᠢ᠌ᠷᠠᠯᠠᠬᠤ》 ᠭᠦᠳᠡᠯᠭᠡᠭᠡᠨ ᠤ ᠳᠡᠷᠢᠭᠦᠨ ᠤ ᠭᠦᠮᠤᠨ᠂ ᠠᠢ᠌ᠮᠠᠭ ᠬᠤᠰᠢᠭᠤᠨ ᠤ ᠰᠢᠯᠢᠳᠡᠭ᠌ ᠬᠠᠪᠰᠤᠷᠤᠨ ᠣᠳᠤᠷᠢᠳᠤᠭᠴᠢ᠂ ᠪᠦᠭᠦ ᠣᠷᠤᠨ ᠤ ᠪᠢᠴᠢᠬᠠᠨ ᠠᠵᠢᠨᠢ ᠭᠦᠯᠦᠭ᠌ ᠤᠨ ᠣᠷᠤᠯᠳᠤᠭᠠᠨ ᠤ ᠣᠷᠠᠯᠢᠭ ᠤᠨ ᠰᠢᠯᠢᠳᠡᠭ᠌ ᠬᠠᠪᠰᠤᠷᠤᠨ ᠵᠢᠯᠤᠭᠤᠳᠤᠭᠴᠢ ᠯᠢ ᠸᠧᠨ ᠡᠤ ᠨᠥᠭᠦᠷ᠂ ᠠᠢ᠌ᠮᠠᠭ ᠤᠨ ᠰᠢᠯᠢᠳᠡᠭ᠌ ᠪᠠᠭᠰᠢ᠂ ᠬᠤᠰᠢᠭᠤᠨ ᠤ ᠰᠢᠯᠢᠳᠡᠭ᠌ ᠰᠤᠷᠭᠠᠨ ᠭᠦᠮᠦᠵᠢᠯ ᠤᠨ ᠠᠵᠢᠯᠳᠠᠨ ᠣᠷᠳᠤᠨᠠᠰᠤᠨ ᠨᠥᠭᠦᠷ᠂ ᠣᠷᠤᠨ ᠤ ᠳᠠᠰ ᠤᠨ ᠰᠢᠯᠢᠳᠡᠭ᠌ ᠪᠠᠭᠰᠢ ᠰᠠᠷᠠᠩᠭ᠋ᠤᠸᠠ ᠨᠥᠭᠦᠷ᠂ ᠬᠤᠰᠢᠭᠤᠨ ᠤ ᠭᠦᠳᠡᠯᠮᠦᠷᠢ ᠵᠢᠨ, ᠵᠢᠱᠢᠶᠠᠴᠢ᠂ ᠬᠤᠰᠢᠭᠤᠨ ᠤ ᠳᠦᠷᠪᠠᠳᠦᠭᠡᠷ ᠬᠤᠭᠤᠴᠠᠭᠠᠨ ᠤ ᠠᠷᠠᠤᠨ ᠤᠨ ᠲᠦᠯᠦᠭᠡᠯᠡᠭ᠍ᠴᠢ᠂ ᠬᠤᠰᠢᠭᠤᠨ ᠤ ᠣᠯᠤᠰ ᠳᠦᠷᠤ ᠶᠢᠨ ᠵᠥᠪᠯᠡᠯᠭᠡᠨ ᠤ 6᠂ 7 ᠳ᠋ᠤᠭᠠᠷ ᠬᠤᠭᠤᠴᠠᠭᠠᠨ ᠤ ᠭᠡᠰᠢᠭᠦᠨ ᠢᠰᠢᠩᠬᠤᠷᠯᠤ ᠨᠥᠭᠦᠷ᠂ ᠠᠢ᠌ᠮᠠᠭ ᠪᠠ ᠣᠷᠤᠨ ᠤ ᠮᠤᠩᠭ᠋ᠤᠯ ᠭᠡᠯᠡ ᠪᠢᠴᠢᠭ᠌ ᠢ ᠰᠤᠷᠴᠤ ᠭᠡᠷᠡᠭᠯᠡᠭ᠍ᠰᠡᠨ ᠳᠡᠷᠢᠭᠦᠨ ᠤ ᠬᠤᠪᠢ ᠭᠦᠮᠤᠨ ᠤᠶᠤᠨᠴᠡᠴᠡᠭ᠌ ᠨᠥᠭᠦᠷ ᠵᠡᠷᠭᠡ ᠠᠯᠢ ᠣᠯᠠᠨ ᠪᠠᠭᠰᠢ ᠨᠡᠷ ᠣᠳᠠᠭ᠎ᠠ ᠳᠠᠷᠠᠭ᠎ᠠ ᠪᠠᠷ ᠴᠤᠯᠠᠭᠤᠷᠠᠨ ᠭᠠᠷᠤᠭᠰᠠᠭᠠᠷ ᠪᠠᠢ᠌ᠭ᠎ᠠ ᠶᠤᠮ᠃
ᠵᠤᠬᠢᠶᠠᠭᠴᠢ ᠶᠢᠨ ᠬᠠᠶᠢᠭ ᠄ ᠧᠡᠩᠭᠢ ᠶᠢᠨ ᠳᠸᠯᠸᠢᠰ ᠬᠤᠷᠢᠶ᠎ᠠ
ᠵᠤᠬᠢᠶᠠᠭᠴᠢ᠄ ᠵ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 2905
ᠴᠠᠭ᠄ 2011 ᠤᠨ ᠤ 10 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ