ᠨᠡᠪᠲᠡᠷᠡᠨ ᠤᠷᠤᠬᠤ
ᠭᠠᠵᠠᠷ ᠰᠢᠷᠤᠢ

ᠮᠢᠨᠤ

ᠡᠭᠡ ᠣᠷᠤᠨ ᠳᠠᠭᠠᠨ ᠢᠯᠠ ᠢᠯᠡᠭᠡᠭᠦ ᠵᠠᠭᠢᠶ᠎ᠠ

ᠭᠠᠵᠠᠷ ᠰᠢᠷᠤᠢ

ᠮᠢᠨᠤ

ᠡᠯᠢᠭᠡᠨ ᠳᠡᠭᠡᠨ ᠠᠮᠢᠠᠴᠢᠯᠠᠵᠤ ᠬᠠᠷᠠᠮᠨᠠᠬᠤ ᠨᠢᠭᠤᠴᠠ ᠳᠤᠪᠴᠢᠶᠠᠨ

ᠭᠠᠵᠠᠷ ᠰᠢᠷᠤᠢ


ᠮᠤᠩᠭ᠋ᠤᠯ ᠡᠷ᠎ᠡ ᠶᠢᠨ ᠴᠡᠭᠡᠵᠢ ᠰᠢᠭ᠌ ᠠᠭᠤᠳᠠᠮ

ᠮᠤᠩᠭ᠋ᠤᠯ ᠨᠤᠳᠤᠭ ᠤᠨ ᠭᠠᠵᠠᠷ ᠰᠢᠷᠤᠢ

ᠮᠤᠩᠭ᠋ᠤᠯ ᠡᠭᠡ ᠶᠢᠨ ᠡᠩᠭᠡᠷ ᠰᠢᠭ᠌ ᠭᠡᠪᠠᠷᠡᠭ᠌

ᠮᠢᠨᠤ ᠨᠤᠳᠤᠭ ᠤᠨ ᠭᠠᠵᠠᠷ ᠰᠢᠷᠤᠢ


ᠮᠠᠭᠢᠷ ᠰᠠᠯᠠᠮ᠎ᠠ ᠶᠢᠨ ᠢᠷ ᠳᠠᠪᠳᠠᠵᠤ

ᠮᠤᠩᠭ᠋ᠤᠯ ᠤᠨ ᠭᠠᠵᠠᠷ ᠰᠢᠷᠤᠢ ᠵᠢᠷᠤᠭᠳᠠᠭᠰᠠᠨ ᠶᠤᠮ

ᠮᠤᠩᠭ᠋ᠤᠯ ᠮᠤᠩᠭ᠋ᠤᠯ ᠤᠨ ᠬᠠᠯᠠᠭᠤᠨ ᠴᠢᠰᠤ ᠬᠠᠷᠰᠢᠵᠤ

ᠮᠢᠨᠤ ᠭᠠᠵᠠᠷ ᠰᠢᠷᠤᠢ ᠡᠰᠭᠡᠭ᠍ᠳᠡᠭ᠍ᠰᠡᠨ ᠶᠤᠮ


ᠭᠦᠳᠦᠰᠤᠨ ᠳᠠᠪᠠᠯ ᠤᠨ ᠦᠨᠦᠷ ᠰᠢᠩᠭᠡᠭ᠍ᠰᠡᠨ ᠭᠠᠵᠠᠷ ᠰᠢᠷᠤᠢ

ᠭᠦᠯᠦᠰᠤᠨ ᠳᠤᠬᠤᠮ ᠤᠨ ᠣᠷᠤᠮ ᠳᠠᠷᠤᠭᠰᠠᠨ ᠭᠠᠵᠠᠷ ᠰᠢᠷᠤᠢ

ᠭᠦᠭᠡ ᠳᠤᠯᠪᠣ ᠲᠡᠶ ᠨᠢᠯᠬ᠎ᠠ ᠶᠢᠨ ᠳᠠᠭᠤᠨ ᠲᠡᠶ ᠭᠠᠵᠠᠷ ᠰᠢᠷᠤᠢ

ᠭᠦᠭᠡ ᠳᠡᠭ᠍ᠷᠢ ᠶᠢᠨ ᠰᠢᠳᠦᠭᠡᠨ ᠣᠪᠣᠭ᠎ᠠ ᠲᠡᠶ ᠭᠠᠵᠠᠷ ᠰᠢᠷᠤᠢ

ᠨᠠᠷ᠎ᠠ ᠪᠠᠷ ᠨᠢ ᠣᠬᠠᠵᠤ ᠠᠪᠢᠶᠠᠯᠠᠬᠤ ᠳᠤ

ᠮᠢᠨᠤ ᠳᠡᠭᠡᠳᠦᠰ ᠤᠨ ᠭᠠᠵᠠᠷ ᠰᠢᠷᠤᠢ ᠪᠠᠢ᠌ᠭᠰᠠᠨ

ᠨᠡᠭᠡᠯ ᠶᠤᠮᠰᠢᠭ ᠣᠨ ᠵᠢᠯ ᠤᠨ ᠡᠯᠢᠭᠡᠨ ᠳ᠋ᠤ

ᠨᠢᠭᠡᠨᠲᠡ ᠳᠠᠨᠢᠭᠳᠠᠬᠤ ᠦᠭᠡᠶ ᠪᠣᠯᠤᠭᠰᠠᠨ ᠭᠠᠵᠠᠷ ᠰᠢᠷᠤᠢ

ᠡᠵᠡᠨ ᠳᠦᠷᠤ ᠬᠤᠶᠠᠷ ᠨᠢ ᠰᠤᠯᠢᠨ ᠰᠤᠯᠢᠭᠳᠠᠭᠰᠠᠭᠠᠷ ᠴᠤ

ᠪᠠᠢ᠌ᠷᠢ ᠨᠢ ᠬᠤᠪᠢᠷᠠᠭ᠎ᠠ ᠦᠭᠡᠶ ᠭᠠᠵᠠᠷ ᠰᠢᠷᠤᠢ

ᠥᠩᠭᠡ ᠳᠡᠮᠳᠡᠭ᠌ ᠬᠤᠶᠠᠷ ᠨᠢ ᠬᠤᠪᠢᠷᠠᠨ ᠬᠤᠪᠢᠷᠠᠭᠰᠠᠭᠠᠷ ᠴᠤ

ᠪᠠᠭᠤᠷᠢ ᠨᠢ ᠭᠦᠷᠦᠭᠡ ᠦᠭᠡᠶ ᠬᠠᠯᠠᠭᠤᠨ ᠰᠢᠷᠤᠢ


ᠣ ᠡᠩᠭᠡᠰᠭᠡ ᠶᠢᠨ ᠦᠨᠦᠷ

ᠭᠠᠵᠠᠷ ᠰᠢᠷᠤᠢ ᠶᠢᠨ ᠳᠡᠭᠡᠭᠦᠷ ᠰᠠᠯᠭᠢᠯᠠᠵᠤ ᠪᠠᠢ᠌ᠭᠰᠠᠨ ᠶᠤᠮ

ᠣᠠᠴᠠ ᠭᠤᠸ᠎ᠠ ᠦᠬᠢᠳ ᠤᠨ ᠬᠤᠷᠮᠤᠢ ᠳᠤᠤᠭᠤᠷ

ᠭᠠᠵᠠᠷ ᠰᠢᠷᠤᠢ ᠵᠤᠯᠢᠶᠠᠰᠤ ᠪᠣᠯᠵᠤ ᠠᠯᠳᠠᠭᠳᠠᠵᠤ ᠪᠠᠢ᠌ᠭᠰᠠᠨ ᠶᠤᠮ

ᠦᠨ᠎ᠡ ᠭᠦᠷᠭᠦ ᠦᠭᠡᠶ ᠳ᠋ᠡᠭᠡᠨ

ᠳᠠᠩᠴᠤ ᠦᠷᠳᠡᠭ᠌ ᠦᠭᠡᠶ ᠭᠠᠵᠠᠷ ᠰᠢᠷᠤᠢ

ᠦᠨ᠎ᠡ ᠭᠦᠷᠭᠦ ᠳ᠋ᠡᠭᠡᠨ

ᠳᠠᠢ᠌ᠨ ᠤ ᠬᠠᠯᠠᠭᠤᠨ ᠠᠮᠢ ᠭᠠᠵᠠᠷ ᠰᠢᠷᠤᠢ


ᠭᠠᠵᠠᠷ ᠰᠢᠷᠤᠢ ᠶᠢᠨ ᠲᠦᠯᠦᠭᠡ

ᠰᠢᠷᠬᠠᠳᠤᠭᠰᠠᠨ ᠠᠶᠤᠰᠢ ᠮᠥᠯᠭᠦᠨ ᠣᠷᠤᠭᠰᠢᠯᠠᠵᠤ ᠪᠠᠢ᠌ᠭᠰᠠᠨ ᠶᠤᠮ

ᠭᠠᠢ᠌ᠳᠠᠵᠤ ᠣᠨᠠᠭᠰᠠᠨ ᠰᠤᠷᠠᠭ ᠳᠤᠭᠤᠯᠵᠤ

ᠪᠣᠷᠮ᠎ᠠ ᠶᠢᠨ ᠨᠢᠯᠪᠣᠰᠤ ᠦᠶᠡᠷᠯᠠᠵᠤ ᠪᠠᠢ᠌ᠭᠰᠠᠨ ᠶᠤᠮ

ᠨᠠᠢ᠌ᠷᠠᠯ ᠭᠦᠭ᠍ᠵᠢᠮ ᠳ᠋ᠤ

ᠭᠠᠳᠠ ᠮᠠᠢ᠌ᠷᠠᠨ ᠣᠶᠠᠩᠭ᠋ᠠᠷᠠᠬᠤ ᠨᠢ ᠭᠤᠨᠢᠭᠯᠠᠭᠠᠤᠨ

ᠨᠠᠢ᠌ᠷ ᠤᠨ ᠠᠷᠢᠭᠢᠨ ᠳ᠋ᠤ

ᠬᠤᠭᠤᠯᠠᠢ ᠡᠰᠭᠡᠭ᠍ᠳᠡᠭᠦ ᠨᠢ ᠭᠠᠰᠢᠭᠤᠨ


ᠭᠠᠵᠠᠷ ᠰᠢᠷᠤᠢ ᠶᠢᠨ ᠶᠢᠡᠨ ᠠᠮᠢᠰᠬᠤᠭ᠎ᠠ ᠳᠠᠭᠠᠵᠤ

ᠳᠠᠪᠠᠯ ᠲᠡᠶ ᠳᠡᠷᠯᠢᠭ᠌ ᠲᠡᠶ ᠭᠦᠮᠤᠨ ᠪᠣᠯᠤᠭᠰᠠᠨ ᠶᠤᠮᠰᠠᠨ

ᠭᠠᠵᠠᠷ ᠰᠢᠷᠤᠢ ᠶᠢᠨ ᠶᠢᠡᠨ ᠥᠩᠭᠡ ᠨᠠᠮᠠᠵᠤ

ᠶᠠᠰᠤ ᠲᠡᠶ᠂ ᠳᠠᠮᠢᠷ ᠲᠡᠶ ᠭᠦᠮᠤᠨ ᠶᠠᠪᠣᠬᠤ ᠶᠤᠮᠰᠠᠨ

ᠮᠢᠨᠤ

ᠴᠢᠮ᠎ᠠ ᠳᠤ ᠭᠠᠭᠴᠠᠬᠠᠨ ᠵᠠᠭᠢᠬᠤ ᠨᠢᠭᠤᠴᠠ ᠵᠠᠭᠢᠶ᠎ᠠ

ᠭᠠᠵᠠᠷ ᠰᠢᠷᠤᠢ

ᠮᠢᠨᠤ

ᠦᠪᠡᠷ ᠲᠡᠭᠡᠨ ᠦᠷᠭᠦᠯᠵᠢ ᠳᠡᠯᠭᠡᠭᠦ ᠢᠯᠠ ᠳᠤᠪᠴᠢᠶᠠᠨ

ᠭᠠᠵᠠᠷ ᠰᠢᠷᠤᠢ

ᠭᠠᠵᠠᠷ ᠰᠢᠷᠤᠢ ᠁

          

                 2014 . 2 . 16


ᠵᠤᠬᠢᠶᠠᠭᠴᠢ ᠶᠢᠨ ᠬᠠ‍‌ᠶᠢᠭ ᠄ ᠣᠷᠠᠤᠨ ᠤᠨ ᠳᠤᠮᠳᠠᠳᠤ ᠬᠤᠰᠢᠭᠤᠨ ᠤ ᠭᠠᠵᠠᠷ ᠰᠢᠷᠤᠢ ᠡᠭᠢ ᠪᠠᠶᠠᠯᠢᠭ ᠤᠨ ᠳᠤᠪᠴᠢᠶ᠎ᠠ

ᠵᠤᠬᠢᠶᠠᠭᠴᠢ᠄ ᠪᠣᠷᠵᠢᠭᠢᠨ ᠠᠯᠳᠠᠨ᠊ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11607
ᠴᠠᠭ᠄ 2014 ᠤᠨ ᠤ 02 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ