ᠨᠡᠪᠲᠡᠷᠡᠨ ᠤᠷᠤᠬᠤ
ᠪᠢ ᠮᠠᠳᠠᠨ᠎ᠡ

ᠭᠦᠮᠤᠨ ᠤ ᠳᠤᠮᠳᠠ ᠭᠦᠮᠤᠨ ᠪᠣᠯᠬᠤ ᠶᠢᠨ ᠭᠡᠴᠡᠭᠦᠤ ᠶᠢ ᠮᠠᠳᠠᠨ᠎ᠡ

ᠭᠦᠯ ᠠᠯᠳᠠᠪᠠᠯ ᠭᠦᠮᠤᠨ ᠤ ᠳᠤᠮᠳᠠ ᠬᠠᠪᠴᠢᠭᠳᠠᠬᠤ ᠪᠠᠨ ᠮᠠᠳᠠᠨ᠎ᠡ

ᠭᠦᠰᠡᠯ ᠠᠯᠳᠠᠪᠠᠯ ᠭᠦᠮᠤᠨ ᠤ ᠳᠤᠮᠳᠠ ᠡᠴᠡ ᠰᠢᠬᠠᠭᠳᠠᠬᠤ ᠪᠠᠨ ᠴᠤ ᠮᠠᠳᠠᠨ᠎ᠡ


ᠳᠠᠪᠤᠨ ᠬᠤᠷᠤᠭᠤ ᠡᠶ᠎ᠡ ᠦᠭᠡᠶ ᠪᠣᠯ

ᠭᠠᠷ ᠶᠢᠡᠨ ᠵᠠᠷᠤᠬᠤ ᠳᠤ ᠭᠡᠴᠡᠭᠦᠤ ᠶᠢ ᠮᠠᠳᠠᠨ᠎ᠡ

ᠳᠠᠪᠤᠨ ᠮᠦᠰᠤᠨ ᠤ ᠰᠤᠷᠭᠠᠯ ᠦᠭᠡᠶ ᠪᠣᠯ

ᠭᠠᠯᠪᠠ ᠶᠢ ᠳᠤᠭᠳᠠᠭᠠᠬᠤ ᠳᠤ ᠭᠡᠴᠡᠭᠦᠤ ᠶᠢ ᠴᠤ ᠮᠠᠳᠠᠨ᠎ᠡ᠃


ᠬᠠᠮᠤᠭ ᠮᠤᠩᠭ᠋ᠤᠯ ᠬᠠᠪᠣᠯ ᠬᠠᠭᠠᠨ ᠶᠢᠡᠨ ᠰᠠᠢ᠌ᠨ ᠮᠠᠳᠠᠨ᠎ᠡ

ᠬᠠᠳᠠᠨ ᠳᠡᠦᠭᠡ ᠶᠢᠨ ᠮᠥᠩᠭᠡ ᠶᠢᠨ ᠰᠦᠯᠳᠡ ᠶᠢ ᠪᠦᠳᠦᠭᠡᠨ᠎ᠡ ᠭᠡᠵᠤ

ᠬᠠᠯᠠᠭᠤᠨ ᠴᠢᠰᠤᠨ ᠤ ᠪᠠᠨ ᠡᠰ ᠪᠦᠭᠦᠨ ᠢ ᠵᠡᠪᠰᠡᠭᠯᠡᠵᠤ

ᠬᠠᠭᠠᠨ ᠴᠢᠩᠭᠢᠰ ᠤᠨ ᠨᠠᠰᠤᠨ ᠳᠤᠷᠰᠢᠳᠠ ᠳᠠᠢ᠌ᠳᠤᠭᠰᠠᠨ ᠢ ᠮᠠᠳᠠᠨ᠎ᠡ

ᠬᠠᠷᠪᠣᠭᠰᠠᠨ ᠰᠤᠮᠤᠨ ᠤ ᠪᠠᠨ ᠳᠤᠰᠤᠯᠳᠠ ᠪᠦᠭᠦᠨ ᠢ ᠮᠤᠩᠭ᠋ᠤᠯ ᠶᠢᠡᠷ ᠳᠡᠮᠳᠡᠭᠯᠡᠵᠤ

ᠬᠠᠨᠠᠳᠤ ᠭᠡᠷ ᠤᠨ ᠶᠢᠡᠨ ᠪᠠᠭᠤᠴᠠ ᠪᠦᠭᠦᠨ ᠳᠤ ᠳᠤᠭ ᠶᠢᠡᠨ ᠬᠠᠳᠬᠤᠵᠤ

ᠬᠠᠭᠠᠰ ᠢᠯᠡᠭᠦᠤ ᠪᠦᠮᠪᠦᠷᠴᠢᠭ᠌ ᠢ ᠬᠠᠷ᠎ᠠ ᠰᠦᠯᠳᠡᠨ ᠳᠡᠭᠡᠨ ᠬᠤᠷᠢᠶᠠᠮᠵᠢᠯᠠᠨ

ᠬᠠᠷᠠᠩᠭ᠋ᠤᠢ ᠪᠠᠯᠠᠮᠠᠤᠨ ᠵᠠᠭᠤᠨ ᠢ ᠡᠮᠤᠨ᠎ᠡ ᠪᠠᠨ ᠰᠥᠭᠦᠳᠦᠭᠡᠭ᠍ᠰᠡᠨ ᠢ ᠮᠠᠳᠠᠨ᠎ᠡ


ᠮᠥᠷᠦᠭᠡᠳᠭᠦ ᠵᠤᠭᠢᠰᠳᠠᠢ ᠶᠠᠭᠤᠮ᠎ᠠ ᠶᠢ

ᠦᠷᠤᠴᠠᠨ ᠡᠴᠡ ᠪᠠᠨ ᠪᠠᠯᠯᠠᠵᠤ ᠪᠣᠯᠳᠠᠭ ᠥᠭᠡᠢ

ᠮᠥᠩᠭᠡᠷᠡᠭᠦ ᠶᠤᠰᠤᠳᠠᠢ ᠶᠠᠭᠤᠮ᠎ᠠ ᠵᠢ

ᠥᠩᠭᠦᠷᠢᠳᠦᠭᠦᠯᠵᠤ ᠳᠠᠭᠤᠵᠤ ᠴᠤ ᠪᠣᠯᠳᠠᠭ ᠥᠭᠡᠢ

ᠮᠥᠩᠭᠡ ᠭᠡᠳᠡᠭ᠌ ᠥᠭᠡᠨ ᠤ ᠰᠦᠨᠠᠰᠤ ᠶᠢ ᠪᠢ ᠮᠠᠳᠠᠨ᠎ᠡ

ᠮᠥᠭᠦᠯ ᠭᠡᠳᠡᠭ᠌ ᠥᠭᠡ ᠥᠭᠦᠯ ᠡᠴᠡ ᠴᠤ ᠠᠶᠤᠮᠠᠷ ᠢ ᠮᠠᠳᠠᠨ᠎ᠡ

ᠥᠭᠦᠯ ᠭᠡᠳᠡᠭ᠌ ᠢ ᠳᠠᠰᠴᠤ ᠴᠢᠳᠠᠳᠠᠭ ᠦᠭᠡᠶ ᠶᠢ ᠮᠠᠳᠠᠨ᠎ᠡ

ᠦᠷᠭᠦᠯᠵᠢᠯᠡᠯ ᠭᠡᠳᠡᠭ᠌ ᠢ ᠳᠠᠰᠤᠳᠠᠵᠤ ᠴᠢᠳᠠᠳᠠᠭ ᠦᠭᠡᠶ ᠶᠢ ᠴᠤ ᠮᠠᠳᠠᠨ᠎ᠡ᠃


ᠵᠡᠭᠦᠳᠤ ᠨᠣᠢ᠌ᠷ ᠤᠨ ᠬᠤᠭᠤᠷᠤᠠᠳᠤ

ᠵᠸᠤ ᠶᠤᠸᠠᠨ ᠵᠠᠩ ᠳᠤ ᠳᠠᠭᠠᠷᠢᠭᠳᠠᠭᠰᠠᠨ ᠶᠢᠡᠨ ᠮᠠᠳᠠᠨ᠎ᠡ

ᠱᠠᠪᠳᠠᠭ ᠨᠠᠪᠳᠠᠭ ᠴᠤ ᠦᠯᠠᠳᠠᠯ ᠥᠭᠡᠢ

ᠱᠠᠩᠳᠤ ᠨᠠᠢ᠌ᠰᠯᠠᠯ ᠤᠨ ᠳᠡᠭᠡᠷᠡᠮᠳᠡᠭ᠍ᠳᠡᠭ᠍ᠰᠡᠨ ᠢ ᠴᠤ ᠮᠠᠳᠠᠨ᠎ᠡ

ᠲᠦᠷᠦ ᠶᠢᠨ ᠥᠢᠮᠡᠭᠡᠨ ᠳᠤ ᠠᠪᠳᠠᠭᠳᠠᠭᠰᠠᠨ

ᠳᠤᠯᠤᠭᠠᠢ ᠦᠭᠡᠶ ᠴᠢᠯᠠᠭᠤᠨ ᠭᠦᠮᠤᠨ ᠶᠢᠡᠨ ᠴᠤ ᠮᠠᠳᠠᠨ᠎ᠡ

ᠳᠡᠦᠭᠡ ᠶᠢᠨ ᠭᠤᠨᠢᠭ ᠲᠤ ᠣᠨᠢᠶᠠᠷᠳᠤᠭᠰᠠᠨ

ᠳᠤᠭᠤᠠᠳᠠᠮᠤᠷ ᠤᠨ ᠣᠬᠤᠷᠢᠭᠰᠠᠨ ᠮᠦᠷ ᠢ ᠴᠤ ᠮᠠᠳᠠᠨ᠎ᠡ᠃


ᠣᠯᠤᠰ ᠲᠦᠷᠦ ᠮᠡᠳᠡᠭᠦ ᠦᠭᠡᠶ ᠴᠤ

ᠣᠭᠰᠠᠭ᠎ᠠ ᠲᠦᠷᠦᠯ ᠶᠢᠠᠨ ᠮᠠᠳᠠᠨ᠎ᠡ

ᠣᠵᠤᠭᠤᠷ ᠤᠨ ᠣᠴᠢᠷ ᠢ ᠮᠡᠳᠡᠭᠦ ᠦᠭᠡᠶ ᠴᠤ

ᠣᠨᠠᠭᠰᠠᠨ ᠨᠤᠳᠤᠭ ᠶᠢᠡᠨ ᠮᠠᠳᠠᠨ᠎ᠡ

ᠣᠯᠠᠨ ᠶᠠᠭᠤᠮ᠎ᠠ ᠮᠡᠳᠡᠭᠦ ᠦᠭᠡᠶ ᠴᠤ

ᠣᠪᠣᠭ᠎ᠠ ᠶᠠᠭᠤᠮ᠎ᠠ ᠮᠠᠳᠠᠨ᠎ᠡ

ᠣᠪᠣᠭ ᠲᠦᠷᠦᠯ ᠣᠳᠤᠮ ᠰᠤᠳᠤᠷ ᠶᠢᠡᠨ ᠮᠠᠳᠠᠨ᠎ᠡ

ᠣᠯᠠᠭᠠᠨ ᠴᠢᠰᠤᠨ ᠳᠤ ᠮᠢᠨᠢ ᠣᠷᠤᠰᠬᠤ

ᠡᠰ ᠪᠦᠭᠦᠨ ᠶᠢᠠᠨ ᠮᠠᠳᠠᠨ᠎ᠡ

ᠣᠤᠯᠭᠠᠯᠠᠵᠤ ᠳᠡᠭᠦᠨ ᠢ ᠰᠤᠷᠤᠪᠠᠯ

᠊ᠭ᠍‍ᠬᠢᠷᠳᠤᠨ᠎ᠡ ᠭᠡᠳᠡᠭ᠌ ᠢ ᠮᠠᠳᠠᠨ᠎ᠡ᠃

ᠦᠴᠦᠭᠡᠳᠦᠷ ᠤᠨ ᠦᠷᠭᠦᠯᠵᠢᠯᠡᠯ ᠪᠣᠯᠵᠤ

ᠦᠨᠦ ᠮᠠᠷᠭᠠᠰᠢ ᠶᠢᠨ ᠭᠢᠯᠢ ᠪᠣᠯᠬᠤ ᠪᠠᠨ ᠮᠠᠳᠠᠨ᠎ᠡ

ᠨᠥᠭᠦᠭᠡ ᠥᠵᠦᠭᠦᠷ ᠶᠢᠡᠨ ᠡᠷᠢᠭ᠍ᠰᠡᠨ

ᠨᠦᠰᠠᠷ ᠶᠡᠭᠡ ᠮᠦᠷᠠᠨ ᠤ

ᠲᠦᠮᠡᠨ ᠳᠤᠰᠤᠯ ᠣᠰᠤ ᠪᠣᠯᠬᠤ ᠪᠠᠨ ᠮᠠᠳᠠᠨ᠎ᠡ

ᠲᠦᠷᠦ ᠶᠢᠨ ᠶᠢᠠᠨ ᠲᠦᠯᠦᠭᠡ ᠳᠡᠭᠦᠰᠭᠦ ᠪᠠᠨ ᠴᠤ ᠮᠠᠳᠠᠨ᠎ᠡ ᠡ᠃


2009.3.24 ᠱᠠᠩᠳᠤ ᠪᠠᠯᠭᠠᠰᠤᠨ᠎ᠠ


ᠵᠤᠬᠢᠶᠠᠭᠴᠢ ᠶᠢᠨ ᠬᠠᠶ‍ᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ