ᠨᠡᠪᠲᠡᠷᠡᠨ ᠤᠷᠤᠬᠤ
ᠰᠦᠯᠢᠶᠤᠤ ᠪᠣᠶᠤ ᠰᠦᠯᠢᠶᠤᠤ ᠣᠭᠤᠳᠠ

ᠨᠠᠮ᠎ᠠ ᠶᠢ ᠠᠷᠪᠠ ᠭᠦᠷᠦᠭᠡ ᠦᠭᠡᠶ ᠪᠠᠢ᠌ᠬᠤ ᠳᠤ᠂ ᠮᠠᠨ ᠤ ᠨᠤᠳᠤᠭ ᠲᠤ ᠰᠦᠯᠢᠶᠤᠤ ᠪᠣᠶᠤ ᠰᠦᠯᠢᠶᠤᠤ ᠣᠭᠤᠳᠠ ᠭᠠᠷᠴᠤ ᠢᠷᠡᠭᠡ ᠦᠭᠡᠶ ᠪᠠᠢ᠌ᠭᠰᠠᠨ ᠶᠤᠮ᠃ ᠴᠤᠩᠬᠤ ᠨᠠᠭᠠᠬᠤ ᠰᠦᠯᠢᠶᠤᠤ ᠴᠤ ᠪᠠᠢ᠌ᠭᠰᠠᠨ ᠦᠭᠡᠶ ᠪᠣᠯᠬᠤᠷ ᠮᠠᠨ ᠤ ᠭᠡᠷ ᠤᠨ ᠴᠤᠩᠬᠤ ᠪᠠᠨ ᠳᠡᠭᠡᠷ᠎ᠡ ᠳᠤᠤᠷ᠎ᠠ ᠬᠤᠶᠠᠷ ᠳᠠᠰᠢ ᠬᠤᠪᠢᠶᠠᠵᠤ᠂ ᠳᠤᠤᠷ᠎ᠠ ᠴᠤᠩᠬᠤ ᠪᠠᠨ ᠭᠤᠷᠪᠠᠨ ᠳᠠᠩᠰᠠ ᠲᠡᠶ ᠰᠢᠯ ᠶᠢᠡᠷ ᠭᠢᠵᠤ᠂ ᠳᠡᠭᠡᠷ᠎ᠡ ᠴᠤᠩᠬᠤ ᠪᠠᠨ ᠮᠤᠤᠲ᠋ᠸᠤ ᠴᠠᠭᠠᠰᠤ ᠪᠠᠷ ᠨᠠᠭᠠᠵᠤ ᠪᠠᠢ᠌ᠪᠠ᠃ ᠮᠤᠤᠲ᠋ᠸᠤ ᠴᠠᠭᠠᠰᠤ ᠨᠢ ᠭᠡᠳᠥᠢᠪᠠᠷ ᠪᠣᠰᠤᠳ ᠨᠤᠮ ᠳᠠᠪᠳᠠᠷ ᠤᠨ ᠴᠠᠭᠠᠰᠤ ᠡᠴᠠ ᠪᠠᠭ᠎ᠠ ᠰᠠᠭ᠎ᠠ ᠵᠤᠵᠠᠭᠠᠨ ᠪᠣᠯᠪᠠᠴᠤ ᠪᠣᠷᠤᠭᠠᠨ ᠤ ᠴᠤᠭᠢᠯᠳᠠ ᠳᠤ ᠳᠤᠩ ᠠᠮᠠᠷᠬᠠᠨ ᠬᠠᠭᠠᠷᠠᠵᠤ ᠨᠠᠪᠳᠠᠷᠠᠳᠠᠭ ᠪᠠᠢ᠌ᠵᠠᠢ᠃ ᠳᠠᠢ᠌ᠮᠤ ᠡᠴᠠ ᠮᠤᠤᠲ᠋ᠸᠤ ᠴᠠᠭᠠᠰᠤ ᠶᠢ ᠪᠣᠷᠤᠭᠠᠨ ᠡᠴᠠ ᠬᠠᠮᠠᠭᠠᠯᠠᠬᠤ ᠶᠢᠨ ᠲᠦᠯᠦᠭᠡ ᠠᠪᠣ ᠡᠵᠢ ᠮᠢᠨᠢ ᠬᠤᠯᠤᠰᠤ ᠪᠠᠷ ᠴᠤᠩᠬᠤᠨ ᠣᠷᠭᠢᠭᠤᠯ ᠭᠦᠷᠦᠵᠤ ᠪᠣᠷᠤᠭᠠᠨ ᠣᠷᠤᠪᠠᠯ ᠬᠤᠯᠤᠰᠤᠨ ᠣᠷᠭᠢᠭᠤᠯ ᠶᠢᠡᠷ ᠴᠤᠩᠬᠤ ᠪᠠᠨ ᠭᠠᠳᠠᠨ᠎ᠠ ᠡᠴᠠ ᠨᠢ ᠳᠠᠷᠤᠳᠠᠭ᠃ ᠳᠡᠭᠡᠭᠦ ᠳᠤ ᠭᠡᠷ ᠳᠤᠳᠤᠷ᠎ᠠ ᠨᠡᠳᠦᠭᠡᠷ ᠬᠠᠷᠠᠩᠭ᠋ᠤᠢ ᠪᠣᠯᠳᠠᠭ᠃ ᠳᠠᠷᠠ ᠦᠶ᠎ᠡ ᠳᠤ ᠪᠢᠳᠠ ᠬᠠᠶᠠ ᠳᠠᠭᠠᠨ ᠰᠢᠷᠦᠭᠦᠨ ᠣᠷᠤᠬᠤ ᠰᠠᠯᠭᠢᠨ ᠲᠡᠶ ᠪᠣᠷᠤᠭᠠᠨ ᠳᠤ ᠫᠠᠰ ᠫᠠᠰ ᠴᠤᠭᠢᠭᠳᠠᠬᠤ ᠬᠤᠯᠤᠰᠤᠨ ᠪᠦᠷᠭᠦᠭᠦᠯ ᠢ ᠬᠠᠷᠠᠵᠤ ᠴᠤᠩᠬᠤᠨ ᠴᠠᠭᠠᠰᠤ ᠬᠠᠭᠠᠷᠠᠭᠤᠵᠠᠢ ᠭᠡᠵᠤ ᠰᠠᠨᠠᠭ᠎ᠠ ᠪᠣᠯᠵᠤ ᠰᠠᠭᠤᠳᠠᠭ᠃

ᠳᠠᠢ᠌ᠮᠤ ᠡᠴᠠ᠂ ᠰᠦᠯᠢᠶᠤᠤ ᠭᠠᠷᠴᠤ ᠢᠷᠡᠭ᠍ᠰᠡᠨ ᠨᠢ᠂ ᠰᠦᠯᠢᠶᠤᠤ ᠪᠠᠷ ᠴᠤᠩᠬᠤ ᠪᠠᠨ ᠣᠯᠵᠤ ᠬᠠᠳᠠᠭᠰᠠᠨ ᠨᠢ᠂ ᠮᠠᠨ ᠤ ᠭᠡᠷ ᠲᠤ ᠨᠢᠭᠡ ᠵᠣᠢ᠌ᠯ ᠤᠨ ᠰᠢᠨᠠᠴᠢᠯᠠᠯᠳᠠ ᠭᠢᠭᠡᠳ ᠭᠡᠷᠡᠯ ᠭᠡᠭᠡ ᠶᠢ ᠠᠪᠴᠢᠷᠠᠭᠰᠠᠨ ᠶᠤᠮ᠃ ᠳᠠᠷᠠ ᠦᠶ᠎ᠡ ᠳᠤ ᠡᠭᠢᠯᠡᠭᠡᠳ ᠰᠦᠯᠢᠶᠤᠤ ᠶᠢ ᠳᠤᠬᠤᠢ ᠪᠠᠷ ᠭᠡᠮᠵᠢᠵᠤ ᠰᠤᠯᠠ ᠪᠠᠷ ᠬᠤᠳᠠᠯᠳᠤᠵᠤ ᠪᠠᠢ᠌ᠭᠰᠠᠨ ᠡᠴᠠ ᠪᠢᠰᠢ᠂ ᠰᠦᠯᠢᠶᠤᠤ ᠣᠭᠤᠳᠠ ᠬᠠᠷᠢᠨ ᠪᠠᠢ᠌ᠭ᠎ᠠ ᠦᠭᠡᠶ᠃ ᠮᠠᠨ ᠤ ᠨᠤᠳᠤᠭ ᠵᠤᠨ ᠳᠠᠭᠠᠨ ᠪᠣᠷᠤᠭᠠᠨ ᠴᠢᠭᠢᠭ᠌ ᠣᠯᠠᠨ ᠪᠠᠢ᠌ᠭᠰᠠᠨ ᠪᠣᠯᠬᠤᠷ ᠨᠢᠭᠡ ᠭᠡᠷ ᠤᠨ ᠭᠦᠮᠤᠨ ᠤ ᠦᠷᠯᠦᠭᠡ ᠶᠢᠨ ᠬᠤᠭᠤᠯᠠ ᠪᠣᠯᠬᠤ ᠬᠠᠭᠤᠷᠠᠢ ᠪᠣᠳᠠᠭ᠎ᠠ ᠳᠠᠩᠳᠠ ᠴᠢᠭᠢᠭ᠍ᠳᠡᠭᠡᠳ ᠪᠠᠢ᠌ᠳᠠᠭ᠃ ᠣᠤᠯ ᠨᠢ ᠡᠵᠢ ᠮᠢᠨᠢ ᠬᠠᠭᠤᠷᠠᠢ ᠪᠣᠳᠠᠭ᠎ᠠ ᠪᠠᠨ ᠴᠢᠭᠢᠭ᠍ᠳᠡᠭᠦ ᠡᠴᠠ ᠰᠡᠷᠭᠡᠢ᠌ᠯᠡᠭᠦ ᠶᠢᠨ ᠲᠦᠯᠦᠭᠡ ᠪᠦᠰ ᠣᠭᠤᠳᠠ ᠲᠡᠶ ᠬᠠᠭᠤᠷᠠᠢ ᠠᠮᠤ ᠪᠠᠨ ᠬᠠᠠᠵᠤᠨ ᠤ ᠬᠠᠮᠤᠭ ᠬᠠᠯᠠᠭᠤᠨ ᠭᠠᠵᠠᠷ ᠨᠢ ᠳᠠᠯᠪᠢᠳᠠᠭ᠃ ᠳᠡᠷᠡᠭᠦ ᠣᠳᠠᠭᠠᠨ ᠵᠢᠯ ᠬᠠᠭᠤᠷᠠᠢ ᠠᠮᠤ ᠭᠢᠭ᠍ᠰᠡᠭᠡᠷ ᠢᠷᠡᠭ᠍ᠰᠡᠨ ᠴᠠᠭᠠᠨ ᠪᠦᠰ ᠣᠭᠤᠳᠠ ᠨᠢ ᠨᠢᠭᠡᠨᠲᠡ ᠳᠤᠰᠤᠳᠠᠭᠳᠠᠭᠠᠤᠨ ᠬᠠᠷᠠᠪᠳᠤᠷ ᠵᠤᠵᠠᠭᠠᠨ ᠣᠭᠤᠳᠠ ᠪᠣᠯᠴᠢᠬᠠᠭᠰᠠᠨ ᠨᠢ ᠣᠳᠤ ᠴᠤ ᠨᠢᠳᠤᠨ ᠳᠤ ᠮᠢᠨᠢ ᠦᠵᠡᠭ᠍ᠳᠡᠮᠡᠷ᠃ ᠬᠤᠵᠢᠮ ᠨᠢ ᠡᠵᠢ ᠰᠤᠯᠠ ᠰᠦᠯᠢᠶᠤᠤ ᠶᠢ ᠣᠭᠤᠳᠠ ᠪᠣᠯᠭᠠᠨ ᠣᠶᠤᠵᠤ ᠬᠠᠭᠤᠷᠠᠢ ᠠᠮᠤ ᠪᠠᠨ ᠭᠢᠭᠦ ᠠᠷᠭ᠎ᠠ ᠣᠯᠤᠭᠠᠤᠨ ᠲᠤᠢ᠌ᠯ ᠶᠢᠡᠷ ᠶᠡᠭᠡ ᠪᠠᠶᠠᠷᠯᠠᠵᠤ ᠪᠢᠯᠠ᠃ ᠳᠡᠭᠡᠭᠦ ᠳᠤ᠂ ᠬᠠᠭᠤᠷᠠᠢ ᠠᠮᠤ ᠴᠢᠭᠢᠭ᠍ᠳᠡᠭᠦ ᠦᠭᠡᠶ ᠮᠦᠷᠳᠡᠭᠡᠨ ᠭᠠᠳᠠᠨ᠎ᠠ ᠡᠴᠠ ᠨᠢ ᠨᠠᠪᠳᠠ ᠨᠠᠪᠳᠠᠷᠠᠵᠤ ᠦᠵᠡᠭ᠍ᠳᠡᠨ ᠭᠤᠶᠤ ᠰᠠᠢ᠌ᠬᠠᠨ ᠪᠣᠯᠤᠭᠰᠠᠨ ᠪᠦᠭᠡᠳ ᠨᠠᠩ ᠠᠷᠢᠭᠤᠨ ᠴᠡᠪᠠᠷᠭᠡᠨ᠃ ᠳᠠᠷᠠ ᠪᠣᠯ ᠡᠵᠢ ᠶᠢᠨ ᠮᠢᠨᠢ ᠰᠢᠨ᠎ᠡ ᠨᠡᠭᠡᠭᠡᠯᠳᠡ ᠪᠠᠢ᠌ᠭᠰᠠᠨ ᠶᠤᠮ᠃ ᠭᠡᠷᠡᠭ᠌ ᠳᠡᠭᠡᠷ᠎ᠡ ᠪᠠᠨ ᠨᠡᠭᠡᠭᠡᠯᠳᠡ ᠭᠢᠭᠦ ᠡᠰᠡᠭᠦ ᠨᠢ ᠶᠠᠭᠤᠮᠠᠨ ᠤ ᠳᠤᠮᠤ ᠡᠰᠡᠭᠦ ᠳᠤ ᠪᠠᠢ᠌ᠬᠤ ᠪᠢᠰᠢ᠃ ᠬᠠᠷᠢᠨ ᠰᠢᠨ᠎ᠡ ᠶᠢ ᠡᠭᠦᠳᠭᠦ ᠰᠢᠨ᠎ᠡ ᠶᠢ ᠭᠢᠵᠤ ᠪᠦᠳᠦᠭᠡᠭᠦ ᠰᠠᠳᠭᠢᠴᠠ ᠳᠤ ᠪᠠᠢ᠌ᠳᠠᠭ᠃

ᠰᠦᠯᠢᠶᠤᠤ ᠭᠠᠷᠴᠤ ᠢᠷᠡᠭᠦ ᠡᠴᠠ ᠡᠮᠦᠨ᠎ᠡ ᠴᠡᠷᠢᠭ᠌ ᠤᠨ ᠳᠠᠪᠠᠯ ᠤᠨ ᠥᠩᠭᠡᠳᠡᠢ ᠵᠤᠵᠠᠭᠠᠨ ᠪᠣᠷᠤᠭᠠᠨ ᠨᠥᠮᠦᠷᠭᠡ ᠮᠠᠨ ᠤ ᠭᠡᠷ ᠲᠡᠭᠡᠨ ᠭᠠᠭᠴᠠᠬᠠᠨ ᠪᠠᠢ᠌ᠭᠰᠠᠨ ᠶᠤᠮ᠃ ᠳᠡᠭᠦᠨ ᠢ ᠠᠪᠣ ᠮᠠᠯ ᠳᠠᠷᠢᠶᠠᠨ ᠳᠠᠭᠠᠨ ᠶᠠᠪᠣᠬᠤ ᠳᠤ ᠡᠮᠦᠰᠳᠡᠭ᠌᠃ ᠪᠢᠳᠠ ᠳᠤᠭᠤᠯ ᠪᠢᠷᠠᠭᠤ ᠡᠷᠭᠢᠭᠦᠯᠵᠤ᠂ ᠮᠠᠯ ᠳᠤᠰᠬᠤ ᠪᠠᠷ ᠭᠠᠷᠬᠤ ᠳᠤ ᠪᠠᠨ ᠮᠠᠳᠠᠢ ᠨᠥᠮᠦᠷᠦᠭᠡᠳ ᠭᠠᠷᠳᠠᠭ᠃ ᠮᠠᠳᠠᠢ ᠨᠢ ᠣᠳᠠᠯ ᠦᠭᠡᠶ ᠨᠤᠷᠤᠴᠢᠬᠠᠳᠠᠭ ᠪᠦᠭᠡᠳ ᠨᠤᠷᠤᠬᠤ ᠳᠤᠳᠤᠮ ᠭᠦᠡᠳᠤ ᠪᠣᠯᠳᠠᠭ ᠪᠠᠢ᠌ᠯ᠎ᠠ᠃ ᠰᠡᠭᠦᠯᠡᠷ ᠨᠢ ᠰᠦᠯᠢᠶᠤᠤ ᠰᠢᠭᠦᠷ ᠲᠡᠶ ᠪᠣᠯᠤᠭᠰᠠᠨ ᠪᠣᠯᠪᠠᠴᠤ ᠳᠤᠭ᠎ᠠ ᠨᠢ ᠮᠦᠨ ᠠᠷᠪᠢᠨ ᠦᠭᠡᠶ᠃ ᠰᠦᠯᠢᠶᠤᠤ ᠶᠢᠨ ᠭᠢᠨᠢ ᠴᠢᠨᠠᠷ ᠨᠢ ᠴᠤ ᠮᠠᠭᠤ ᠠᠮᠠᠷᠬᠠᠨ ᠬᠠᠭᠠᠷᠠᠳᠠᠭ᠃ ᠰᠦᠯᠢᠶᠤᠤ ᠦᠭᠡᠶ ᠦᠶ᠎ᠡ ᠶᠢᠨ ᠪᠣᠷᠤᠭᠠᠳᠤ ᠡᠳᠦᠷ ᠤᠨ ᠠᠮᠢᠳᠤᠷᠠᠯ ᠭᠡᠵᠤ ᠶᠤᠰᠤᠳᠠᠢ ᠬᠠᠳᠠᠭᠤ ᠳᠤᠳᠠᠭᠤ ᠬᠠᠷᠠᠴᠤ ᠠᠷᠠᠤᠨ ᠤᠨ ᠠᠮᠢᠳᠤᠷᠠᠯ ᠪᠠᠢ᠌ᠵᠠᠢ ᠡ᠃ ᠬᠠᠭᠤᠷᠠᠢ ᠪᠣᠳᠠᠭᠠᠨ ᠣᠭᠤᠳᠠ ᠪᠠ ᠪᠣᠷᠤᠭᠠᠨ ᠰᠢᠭᠦᠷ ᠤᠨ ᠬᠠᠭᠠᠷᠬᠠᠢ ᠶᠢ ᠨᠢ ᠡᠵᠢ ᠰᠦᠯᠢᠶᠤᠤ ᠪᠠᠷ ᠨᠠᠷᠢᠨ ᠭᠢᠨᠠᠮᠠᠭᠠᠢ ᠨᠥᠭᠦᠳᠡᠭ᠌᠃ ᠊ᠭ᠍‍ᠬᠢᠷᠳᠦᠴᠢᠭᠡᠪᠠᠯ ᠪᠠᠰᠠ ᠣᠭᠢᠶᠠᠵᠤ ᠴᠡᠪᠠᠷᠯᠡᠭᠡᠳ ᠦᠷᠭᠦᠯᠵᠢᠯᠡᠨ ᠵᠠᠷᠤᠳᠠᠭ᠃

ᠰᠦᠯᠢᠶᠤᠤ ᠪᠠ ᠰᠦᠯᠢᠶᠤᠤ ᠣᠭᠤᠳᠠ ᠭᠠᠷᠴᠤ ᠢᠷᠡᠭᠦ ᠡᠴᠠ ᠡᠮᠤᠨ᠎ᠡ᠂ ᠮᠠᠨ ᠤ ᠭᠡᠷ ᠤᠨ ᠯᠤᠩᠬᠤ ᠰᠠᠪᠠ ᠭᠡᠵᠤ ᠸᠠᠭᠠᠷ ᠯᠤᠩᠬᠤ᠂ ᠰᠢᠯ ᠤᠨ ᠯᠤᠩᠬᠤ ᠪᠠ ᠴᠢᠯᠠᠭᠤᠨ ᠫᠧᠩᠰᠠ᠂ ᠰᠢᠷ ᠲᠡᠶ ᠫᠧᠩᠰᠠ ᠵᠡᠷᠭᠡ ᠪᠠᠷ ᠭᠤᠤᠯᠯᠠᠵᠤ ᠪᠠᠢ᠌ᠪᠠ᠃ ᠳᠠᠷᠠ ᠦᠶ᠎ᠡ ᠳᠤ ᠠᠬ᠎ᠠ ᠡᠭᠡᠴᠢ ᠨᠡᠷ ᠵᠤᠨ ᠤ ᠴᠠᠭ ᠳᠠᠷᠢᠶᠠᠨ ᠳᠤ ᠶᠠᠪᠣᠬᠤ ᠳᠠᠭᠠᠨ ᠰᠢᠯ ᠯᠤᠩᠬᠤᠨ ᠳᠤ ᠣᠰᠤ ᠰᠠᠪᠠᠯᠠᠵᠤ ᠠᠪᠠᠴᠢᠳᠠᠭ ᠪᠠᠢ᠌ᠵᠠᠢ᠃ ᠭᠠᠭᠴᠠ ᠨᠢᠭᠡ ᠯᠤᠩᠬᠤ ᠪᠠᠷ ᠣᠰᠤ ᠪᠣᠶᠤ ᠳᠤᠰᠤ ᠵᠥᠭᠡᠭᠡᠭᠦ ᠳᠤ ᠪᠠᠰᠠ ᠵᠥᠭᠡᠷ᠃ ᠭᠦᠴᠢᠷᠳᠡᠢ ᠨᠢ ᠭᠡᠪᠠᠯ ᠠᠢ᠌ᠯ ᠡᠴᠠ ᠠᠷᠪᠠᠨ ᠳᠠᠪᠤᠨ ᠭᠠᠵᠠᠷ ᠬᠤᠯᠠ ᠰᠤᠮᠤᠨ ᠤ ᠬᠤᠷᠰᠢᠶᠠᠨ ᠡᠴᠠ ᠴᠠᠢ᠌ᠶ‍ᠢᠤ ᠳᠤᠰᠤ ᠵᠥᠭᠡᠭᠡᠭᠦ ᠶᠠᠪᠣᠳᠠᠯ ᠪᠣᠯᠤᠨ᠎ᠠ᠃ ᠪᠢ ᠨᠢᠭᠡ ᠣᠳᠠᠭ᠎ᠠ ᠬᠤᠶᠠᠷ ᠰᠢᠯ ᠤᠨ ᠰᠠᠪᠠᠨ ᠳᠤ ᠨᠠᠢ᠌ᠳᠠ ᠵᠢᠷᠭᠤᠭᠠᠨ ᠵᠢᠩ ᠴᠠᠢ᠌ᠶ‍ᠢᠤ ᠳᠤᠰᠤ ᠭᠢᠭᠡᠳ ᠬᠤᠯᠪᠣᠵᠤ ᠣᠶᠠᠭᠠᠤᠨ ᠳᠡᠭᠦᠵᠢᠯᠡᠵᠤ ᠪᠠᠢ᠌ᠭᠠᠤᠨ ᠬᠤᠶᠠᠭᠤᠯᠠ ᠶᠢ ᠣᠪᠠᠢ᠌ᠨ ᠳᠤ ᠦᠭᠡᠶ ᠮᠦᠷᠭᠦᠭᠦᠯᠦᠭᠡᠳ ᠬᠠᠭ᠎ᠠ ᠳᠠᠯᠪᠢᠴᠢᠬᠠᠭᠰᠠᠨ᠃ ᠭᠡᠳᠡᠯ᠎ᠡ ᠰᠦᠯᠢᠶᠤᠤ ᠯᠤᠩᠬᠤ ᠭᠠᠷᠴᠤ ᠢᠷᠡᠭ᠍ᠰᠡᠨ ᠡᠴᠠ ᠡᠢ᠌ᠮᠤ ᠠᠶᠤᠯ ᠦᠭᠡᠶ ᠪᠣᠯᠵᠠᠢ᠃

ᠰᠦᠯᠢᠶᠤᠤ ᠪᠠᠢ᠌ᠬᠤ ᠦᠭᠡᠶ ᠦᠶ᠎ᠡ ᠳᠤ ᠪᠢᠳᠠ ᠰᠤᠷᠭᠠᠭᠤᠯᠢ ᠳᠠᠭᠠᠨ ᠶᠠᠪᠣᠬᠤ ᠨᠢ᠋ᠮᠠᠨ ᠭᠠᠵᠠᠷ ᠤᠨ ᠬᠤᠯᠠ ᠵᠠᠮ ᠳᠡᠭᠡᠷ᠎ᠡ ᠪᠣᠷᠤᠭᠠᠨ ᠡᠴᠠ ᠮᠠᠰᠢ ᠠᠶᠤᠳᠠᠭ᠃ ᠪᠣᠭᠴᠤ ᠪᠠᠨ ᠴᠢᠩᠭ᠎ᠠ ᠪᠠᠭᠯᠠᠵᠤ ᠡᠩᠭᠡᠷ ᠳᠤᠳᠤᠷ᠎ᠠ ᠪᠠᠨ ᠡᠪᠦᠷᠯᠡᠵᠤ ᠪᠠᠢ᠌ᠬᠤ ᠭᠢᠷᠢ ᠨᠢ ᠨᠤᠮ ᠪᠢᠴᠢᠭ᠌ ᠶᠢᠡᠨ ᠨᠤᠷᠭᠠᠬᠤ ᠠᠶᠤᠯ ᠡᠴᠠ ᠮᠤᠯᠳᠤᠷᠠᠵᠤ ᠴᠢᠳᠠᠳᠠᠭ ᠦᠭᠡᠶ᠃ ᠨᠢᠭᠡ ᠰᠤᠷᠤᠭᠴᠢ ᠭᠦᠮᠤᠨ ᠳᠤ ᠠᠪᠴᠤ ᠭᠡᠯᠡᠪᠠᠯ ᠳᠡᠭᠦᠨ ᠰᠢᠭ᠌ 《ᠠᠶᠤᠯ》 ᠪᠠᠰᠠ ᠴᠥᠭᠡᠨ ᠪᠢᠯᠠ᠃ ᠬᠤᠪᠴᠠᠰᠤ ᠳᠠᠪᠠᠯ ᠨᠤᠷᠬᠤ ᠶᠢ ᠨᠠᠩ ᠶᠠᠭᠤᠨ ᠥᠭᠦᠯᠡᠭᠦ ᠪᠢᠯᠠ᠃

ᠰᠦᠯᠢᠶᠤᠤ ᠣᠭᠤᠳᠠ ᠭᠠᠷᠴᠤ ᠢᠷᠡᠭᠦ ᠡᠴᠠ ᠡᠮᠤᠨ᠎ᠡ ᠭᠦᠮᠦᠰ ᠮᠠᠢ᠌ᠮᠠᠢ ᠶᠢᠨ ᠭᠡᠷ ᠲᠤ ᠣᠴᠢᠬᠤ ᠳᠠᠭᠠᠨ ᠵᠠᠪᠠᠯ ᠰᠠᠪᠠ ᠰᠠᠭᠠᠯᠢ ᠪᠠᠨ ᠦᠪᠡᠷ ᠶᠢᠡᠨ ᠠᠪᠴᠤ ᠣᠴᠢᠳᠠᠭ᠃ ᠣᠴᠢᠬᠤ ᠳᠠᠭᠠᠨ ᠬᠤᠭᠤᠰᠤᠨ ᠰᠠᠪᠠ (ᠭᠤᠤᠯᠳᠠᠭᠤ ᠪᠦᠰ ᠰᠠᠪᠠ ᠪᠣᠶᠤ ᠰᠠᠭᠰᠤ) ᠢᠷᠡᠭᠦ ᠳᠡᠭᠡᠨ ᠳᠦᠭᠦᠷᠦᠭᠡᠳ ᠪᠠᠢ᠌ᠳᠠᠭ᠃ ᠰᠢᠭᠢᠷ᠂ ᠴᠠᠢ ᠮᠠᠳᠤ ᠶᠢᠨ ᠪᠠᠷᠠᠭ᠎ᠠ ᠳᠠᠸᠠᠷ ᠨᠢ ᠪᠠᠷᠤᠭ ᠨᠢ ᠴᠠᠭᠠᠰᠤ ᠪᠠᠷ ᠪᠣᠭᠤᠭᠰᠠᠨ ᠪᠠᠢ᠌ᠭᠰᠠᠨ ᠳᠤᠯᠠ ᠭᠡᠷ ᠳᠤᠳᠤᠷ᠎ᠠ ᠭᠢᠭᠡᠳ ᠭᠠᠳᠠᠨ᠎ᠠ ᠬᠤᠭ ᠤᠨ ᠣᠪᠣᠭ᠎ᠠ ᠳᠡᠭᠡᠷ᠎ᠡ (ᠭᠡᠷᠡᠭ᠌ ᠳᠡᠭᠡᠷ᠎ᠡ ᠪᠠᠨ ᠬᠤᠭ ᠤᠨ ᠣᠪᠣᠭ᠎ᠠ ᠭᠡᠮᠡᠷ ᠶᠠᠭᠤᠮ᠎ᠠ ᠪᠠᠢ᠌ᠭᠰᠠᠨ ᠴᠤ ᠦᠭᠡᠶ) ᠦᠨᠦ ᠶᠢᠨ ᠰᠢᠭ᠌ ᠰᠦᠯᠢᠶᠤᠤ ᠣᠭᠤᠳᠠᠨ ᠤ ᠬᠤᠭ ᠰᠠᠭ ᠪᠠᠢ᠌ᠬᠤ ᠦᠭᠡᠶ ︕ ᠮᠠᠨ ᠤ ᠠᠮᠢᠳᠤᠷᠠᠯ ᠳᠤ ᠣᠤᠯ ᠨᠢ ᠬᠤᠭ ᠨᠤᠪᠰᠢ ᠶᠢᠨ ᠣᠪᠣᠭ᠎ᠠ ᠪᠠᠢ᠌ᠭᠰᠠᠨ ᠦᠭᠡᠶ ᠶᠤᠮ᠃ ᠬᠤᠵᠢᠮ ᠨᠢ ᠭᠦᠮᠦᠰ ᠠᠳᠠᠯᠢ ᠪᠣᠰᠤ ᠭᠡᠷᠡᠭ᠍ᠴᠡᠭᠡ ᠲᠡᠶ ᠵᠣᠢ᠌ᠯᠠᠰ ᠢ ᠠᠳᠠᠯᠢᠬᠠᠨ ᠨᠢᠭᠡ ᠳᠤᠤᠷ᠎ᠠ ᠣᠪᠣᠭᠠᠯᠠᠵᠤ ᠳᠠᠯᠪᠢᠭᠰᠠᠨ ᠡᠴᠠ ᠬᠤᠭ ᠤᠨ ᠣᠪᠣᠭ᠎ᠠ ᠪᠣᠢ ᠪᠣᠯᠵᠠᠢ᠃ ᠳᠠᠢ᠌ᠮᠤ ᠡᠴᠠ ᠬᠤᠭ ᠤᠨ ᠣᠪᠣᠭ᠎ᠠ ᠶᠢ ᠢᠯᠠᠭᠠᠵᠤ ᠰᠠᠯᠭᠠᠵᠤ ᠠᠰᠢᠭᠯᠠᠪᠠᠯ ᠬᠤᠭ ᠨᠤᠪᠰᠢ ᠶᠢ ᠦᠨᠳᠦᠰᠦᠨ ᠡᠴᠠ ᠨᠢ ᠣᠰᠠᠳᠬᠠᠵᠤ ᠪᠣᠯᠬᠤ ᠪᠣᠯᠪᠠᠴᠤ᠂ ᠳᠠᠷᠠ ᠠᠮᠠᠷ ᠦᠭᠡᠶ᠃ ᠢᠯᠠᠩᠭ᠋ᠤᠶ᠎ᠠ ᠰᠦᠯᠢᠶᠤᠤ ᠪᠣᠶᠤ ᠰᠦᠯᠢᠶᠤᠤ ᠣᠭᠤᠳᠠ ᠶᠢ ᠪᠣᠰᠤᠳ ᠬᠤᠭ ᠰᠠᠭ ᠡᠴᠠ ᠢᠯᠠᠭᠠᠵᠤ ᠰᠠᠯᠭᠠᠵᠤ ᠠᠰᠢᠭᠯᠠᠵᠤ ᠠᠪᠬᠤ ᠭᠡᠭ᠍ᠴᠢ ᠳᠠᠢ᠌ᠮᠤ ᠠᠮᠠᠷᠬᠠᠨ ᠠᠵᠤ ᠪᠢᠰᠢ ︕

ᠰᠦᠯᠢᠶᠤᠤ ᠣᠭᠤᠳᠠ ᠪᠣᠯ ᠰᠠᠢ᠌ᠨ ᠶᠠᠭᠤᠮ᠎ᠠ᠂ ᠭᠡᠷᠡᠯ ᠨᠡᠪᠳᠡᠷᠡᠳᠡᠭ᠌ ᠠᠳᠠᠯ᠎ᠠ ᠪᠣᠷᠤᠭᠠᠨ ᠰᠠᠯᠭᠢ ᠨᠡᠪᠳᠡᠷᠡᠳᠡᠭ᠌ ᠦᠭᠡᠶ ᠡᠷᠳᠡᠨᠢᠨ ᠣᠭᠤᠳᠠ ᠡ ︕ ᠭᠡᠳᠡᠯ᠎ᠡ ᠣᠳᠤ ᠨᠢᠭᠡ ᠮᠡᠳᠡᠭᠦ ᠳᠤ ᠭᠡᠷ ᠭᠠᠳᠠᠨ᠎ᠠ ᠦᠭᠡᠶ (ᠢᠯᠠᠩᠭ᠋ᠤᠶ᠎ᠠ ᠶᠡᠭᠡ ᠬᠤᠳᠠ ᠳᠤ) ᠰᠦᠯᠢᠶᠤᠤ ᠣᠭᠤᠳᠠᠨ ᠤ ᠣᠪᠣᠭ᠎ᠠ ᠊᠊᠊᠊᠊᠊᠊᠊᠊᠊᠊᠊᠊᠊᠊ ᠬᠤᠭ ᠨᠤᠪᠰᠢ ᠪᠠᠷ ᠳᠦᠭᠦᠷᠴᠡᠢ᠃ ᠰᠦᠯᠢᠶᠤᠤ ᠣᠭᠤᠳᠠ ᠭᠠᠵᠠᠷ ᠳᠡᠭ᠍ᠷᠢ ᠶᠢᠨ ᠠᠮᠢᠰᠬᠤᠯ ᠢ ᠪᠦᠳᠡᠭᠡᠮ᠎ᠡ᠂ ᠭᠦᠮᠤᠨ ᠠᠮᠢᠳᠠᠨ ᠢ ᠠᠮᠢᠰᠬᠤᠯ ᠪᠦᠳᠡᠮ᠎ᠡ ᠵᠤᠵᠠᠭᠠᠷᠠᠨ ᠣᠯᠠᠰᠢᠷᠠᠵᠠᠢ᠃

ᠰᠦᠯᠢᠶᠤᠤ ᠣᠭᠤᠳᠠ ᠪᠠᠢ᠌ᠬᠤ ᠦᠶ᠎ᠡ ᠭᠢᠭᠡᠳ ᠰᠦᠯᠢᠶᠤᠤ ᠣᠭᠤᠳᠠ ᠪᠠᠢ᠌ᠬᠤ ᠦᠭᠡᠶ ᠦᠶ᠎ᠡ ᠶᠢᠨ ᠬᠤᠭ ᠨᠤᠪᠰᠢ ᠦᠰᠤᠳ ᠣᠠᠳᠤᠤ᠃ ᠰᠦᠯᠢᠶᠤᠤ ᠣᠭᠤᠳᠠ ᠲᠡᠶ ᠴᠠᠭ ᠦᠶ᠎ᠡ ᠶᠢᠨ ᠭᠦᠮᠤᠨ ᠨᠢ ᠴᠠᠭᠠᠰᠤᠨ ᠣᠭᠤᠳᠠᠨ ᠤ ᠴᠠᠭ ᠦᠶ᠎ᠡ ᠶᠢᠨ ᠭᠦᠮᠤᠨ ᠡᠴᠠ ᠴᠤ ᠦᠰᠤᠨ ᠥᠭᠡᠷ᠎ᠡ ︕ ᠪᠦᠷᠢᠯᠭᠡᠮᠡᠳᠡᠭᠡᠢ᠂ ᠬᠤᠪᠢ ᠪᠠᠶ᠎ᠠ ᠳᠡᠭᠡᠨ ᠠᠮᠠᠷ ᠢ ᠯᠠ ᠪᠣᠳᠤᠬᠤ᠂ ᠠᠯᠵᠠᠭᠤ ᠵᠠᠯᠬᠠᠭᠤ᠂ ᠵᠢᠷᠭᠠᠬᠤ ᠨᠥᠭᠦᠴᠡᠯ ᠦᠨᠳᠦᠷ᠃ ᠣᠳᠤ ᠶᠢᠨ ᠭᠦᠮᠦᠰ ᠰᠦᠯᠢᠶᠤᠤ ᠣᠭᠤᠳᠠ ᠶᠢ ᠨᠥᠭᠦᠵᠤ ᠭᠠᠮᠨᠠᠵᠤ ᠵᠠᠷᠤᠬᠤ ᠪᠠᠢ᠌ᠳᠤᠭᠠᠢ ᠨᠢᠭᠡ ᠣᠳᠠᠭ᠎ᠠ ᠵᠠᠷᠤᠭᠠᠤᠨ ᠥᠩᠭᠡᠷᠡᠭ᠍ᠰᠡᠨ ᠪᠣᠯᠪᠠᠴᠤ ᠶᠠᠭᠠᠭᠢᠭ᠎ᠠ ᠴᠤ ᠦᠭᠡᠶ ᠰᠦᠯᠢᠶᠤᠤ ᠣᠭᠤᠳᠠ ᠶᠢ ᠭᠤᠯᠤᠭᠠᠤᠨ ᠵᠠᠷᠤᠬᠤ ᠪᠠᠨ ᠪᠣᠯᠢᠵᠠᠢ᠃ ᠰᠦᠯᠢᠶᠤᠤ ᠣᠭᠤᠳᠠ ᠲᠡᠶ ᠴᠠᠭ ᠦᠶ᠎ᠡ ᠶᠢᠨ ᠣᠳᠤ ᠶᠢᠨ ᠭᠦᠮᠦᠰ ᠮᠠᠢ᠌ᠮᠠᠢ ᠶᠢᠨ ᠭᠡᠷ ᠲᠤ ᠣᠴᠢᠬᠤ ᠳᠠᠭᠠᠨ ᠰᠠᠪᠠ ᠰᠠᠭᠠᠯᠢ ᠠᠪᠳᠠᠭ ᠴᠤ ᠦᠭᠡᠶ ᠭᠠᠷ ᠰᠠᠵᠢᠭᠠᠤᠨ ᠶᠠᠪᠣᠵᠤ ᠭᠠᠠᠵᠤᠭ᠎ᠠ ᠳᠦᠭᠦᠷᠡᠭ᠌ ᠰᠦᠯᠢᠶᠤᠤ ᠣᠭᠤᠳᠠ ᠲᠡᠶ ᠢᠷᠡᠳᠡᠭ᠌᠃ ᠳᠠᠳᠠᠨ ᠳᠤ ᠠᠪᠴᠤ ᠭᠡᠯᠡᠪᠠᠯ ᠰᠦᠯᠢᠶᠤᠤ ᠣᠭᠤᠳᠠ ᠶᠢ ᠭᠡᠷ ᠵᠥᠭ᠌ ᠶᠢᠡᠨ ᠠᠪᠴᠢᠷᠠᠬᠤ ᠵᠣᠢ᠌ᠯ ᠪᠠᠢ᠌ᠬᠤ ᠡᠴᠠ ᠪᠢᠰᠢ ᠳᠠᠭᠢᠵᠤ ᠣᠭ ᠭᠠᠵᠠᠷ ᠲᠤ ᠨᠢ ᠠᠪᠠᠴᠢᠵᠤ ᠭᠦᠷᠭᠡᠵᠤ ᠦᠭ‍ᠭᠦ ᠣᠴᠢᠷ ᠣᠭᠳᠤ ᠦᠭᠡᠶ ︕ ᠳᠠᠳᠠ ᠪᠣᠯ ᠶᠤᠰᠤᠳᠠᠢ ᠰᠢᠨ᠎ᠡ ᠴᠠᠭ ᠤᠨ ᠠᠪᠴᠢᠷᠠᠮᠠᠯ ᠦᠵᠠᠯᠳᠠᠨ ︕ ᠣᠳᠤ ᠭᠠᠭᠴᠠᠬᠠᠨ ᠣᠳᠠᠭ᠎ᠠ ᠬᠠᠯᠳᠤ ᠵᠠᠷᠤᠭᠠᠤᠨ ᠥᠩᠭᠡᠷᠡᠪᠠᠯ ᠭᠡᠭᠡᠴᠢᠭᠡᠭᠦ ᠰᠦᠯᠢᠶᠤᠤ ᠣᠭᠤᠳᠠ ᠶᠢ ᠵᠤᠬᠢᠶᠠᠬᠤ ᠶᠢᠨ ᠲᠦᠯᠦᠭᠡ ᠭᠡᠴᠢᠨᠡᠭᠡᠨ ᠭᠦᠮᠤᠨ ᠭᠦᠡᠳᠤ ᠮᠦᠷᠳᠡᠭᠡᠨ ᠪᠣᠭᠢᠷᠳᠠᠮᠠᠯ ᠠᠵᠢᠯ ᠢ ᠭᠢᠵᠤ ᠪᠠᠢ᠌ᠭ᠎ᠠ ᠶᠢ ᠪᠣᠤ ᠮᠠᠳᠠ᠃ ᠦᠨᠦ ᠡᠷᠡᠨ ᠳᠤ ᠰᠦᠯᠢᠶᠤᠤ ᠪᠠᠷ ᠭᠠᠭᠴᠠ ᠣᠳᠠᠭ᠎ᠠ ᠵᠠᠷᠤᠪᠠᠯ ᠭᠡᠭᠡᠵᠤ ᠬᠠᠶᠠᠬᠤ ᠬᠠᠶᠠᠭᠳᠠᠮᠠᠯ ᠪᠣᠳᠠᠰ ᠭᠡᠳᠤ ᠠᠷᠪᠢᠨ ᠵᠤᠬᠢᠶᠠᠵᠤ ᠭᠡᠷᠡᠭᠯᠡᠭ᠍ᠰᠡᠨ ᠡᠴᠠ ᠪᠣᠯᠵᠤ ᠭᠦᠮᠤᠨ ᠤ ᠪᠣᠳᠠᠰ ᠶᠠᠭᠤᠮᠠᠨ ᠳᠤ ᠬᠠᠠᠳᠤᠭᠰᠠᠨ ᠬᠠᠢ᠌ᠷ᠎ᠠ ᠰᠡᠳᠬᠢᠯᠭᠡ ᠴᠤ ᠬᠤᠪᠢᠰᠤᠨ ᠨᠢᠮᠭᠡᠷᠡᠵᠤ ᠯᠠ ᠪᠠᠢ᠌ᠨ᠎ᠠ᠃ ᠭᠦᠮᠦᠰ ᠶᠠᠭᠤᠮᠠᠨ ᠳᠤ ᠣᠯᠠᠮ ᠶᠢᠡᠷ ᠬᠠᠢ᠌ᠷ᠎ᠠ ᠭᠠᠮ ᠦᠭᠡᠶ ᠪᠣᠯᠵᠤ ᠪᠠᠢ᠌ᠨ᠎ᠠ᠃

ᠳᠡᠭᠡᠭᠡᠳ ᠯᠠ ᠣᠳᠤ ᠭᠦᠮᠤᠨ ᠳᠦᠷᠤᠯᠭᠢᠳᠠᠨ ᠡᠳᠦᠷᠵᠢᠨ ᠳᠤᠮᠤ ᠭᠡᠮᠵᠢᠶᠡᠨ ᠤ ᠰᠦᠯᠢᠶᠤᠤ ᠣᠭᠤᠳᠠ ᠣᠢ᠌ᠯᠠᠳᠪᠣᠷᠢᠯᠠᠵᠤ᠂ ᠠᠭᠠᠷ ᠢ ᠪᠣᠭᠢᠷᠳᠠᠭᠤᠯᠵᠤ᠂ ᠣᠰᠤ ᠶᠢ ᠪᠣᠵᠠᠷᠳᠠᠭᠤᠯᠵᠤ᠂ ᠠᠮᠢ ᠨᠠᠰᠤ ᠶᠢ ᠴᠤ ᠪᠣᠵᠠᠷᠳᠠᠭᠤᠯᠵᠤ ᠪᠣᠭᠤᠨᠢᠰᠬᠠᠵᠤ ᠯᠠ ᠪᠠᠢ᠌ᠨ᠎ᠠ ᠡ ︕

ᠰᠦᠯᠢᠶᠤᠤ ᠪᠣᠶᠤ ᠰᠦᠯᠢᠶᠤᠤᠤ ᠣᠭᠤᠳᠠ ᠰᠠ‍‌ᠶᠢ ᠭᠠᠷᠴᠤ ᠢᠷᠡᠭᠦ ᠳᠡᠭᠡᠨ ᠥᠨᠡᠭᠡᠷ᠎ᠡ 《ᠬᠤᠪᠣᠷ ᠡᠷᠳᠡᠨᠢ》 ᠪᠠᠢ᠌ᠭᠰᠠᠨ ᠶᠤᠮ᠃ ᠭᠡᠳᠡᠯ᠎ᠡ ᠣᠳᠤ ᠰᠦᠯᠢᠶᠤᠤ ᠣᠯᠠᠰᠢᠷᠠᠭᠠᠤᠨ ᠡᠷᠳᠡᠨᠢ ᠪᠢᠰᠢ ᠪᠣᠯᠴᠢᠬᠠᠭᠰᠠᠨ ᠭᠡᠵᠢ ᠦᠦ ︖ ᠭᠡᠷᠪᠡ ᠡᠷᠳᠡᠨ ᠤ ᠦᠶ᠎ᠡ ᠳᠤ ᠭᠡᠳᠤᠨ ᠮᠢᠩᠭ᠋ᠠᠨ ᠵᠢᠯ ᠤᠨ ᠡᠮᠤᠨ᠎ᠡ ᠭᠦᠮᠤᠨ ᠳᠦᠷᠤᠯᠭᠢᠳᠠᠨ ᠰᠦᠯᠢᠶᠤᠤᠤ ᠵᠤᠬᠢᠶᠠᠵᠤ ᠭᠡᠷᠡᠭᠯᠡᠵᠤ ᠴᠢᠳᠠᠭᠰᠠᠨ ᠪᠠᠢ᠌ᠭᠰᠠᠨ ᠪᠣᠯ ᠥᠭᠡᠷ᠎ᠡ ᠶᠢ ᠪᠠᠢ᠌ᠴᠢᠬ᠎ᠠ ᠭᠡᠴᠢᠨᠡᠭᠡᠨ ᠣᠯᠠᠨ ᠡᠷᠳᠡᠨ ᠤ ᠨᠤᠮ ᠰᠤᠳᠤᠷ ᠡᠷᠡᠭᠦᠯ ᠪᠦᠳᠤᠨ ᠶᠢᠡᠷ ᠮᠠᠨ ᠤ ᠦᠶ᠎ᠡ ᠳᠤ ᠣᠯᠠᠮᠵᠢᠯᠠᠭᠳᠠᠵᠤ ᠢᠷᠡᠭᠦ ᠶᠢ ᠪᠣᠤ ᠮᠠᠳᠠ᠃ ᠭᠡᠳᠡᠯ᠎ᠡ᠂ ᠣᠳᠤ ᠶᠢᠨ ᠡᠨᠡ ᠶᠠᠩᠵᠤ ᠪᠠᠷ ᠰᠦᠯᠢᠶᠤᠤ ᠬᠤᠭ ᠢ ᠠᠭᠤᠯᠠ ᠣᠪᠣᠭᠠᠨ ᠴᠢᠨᠡᠭᠡ ᠭᠠᠷᠭᠠᠭᠠᠤᠨ ᠪᠠᠢ᠌ᠪᠠᠯ ᠭᠡᠳᠤᠨ ᠮᠢᠩᠭ᠋ᠠᠨ ᠵᠢᠯ ᠤᠨ ᠳᠠᠷᠠᠭ᠎ᠠ ᠪᠦᠮᠪᠦᠷᠴᠡᠭ᠌ ᠳᠡᠭᠡᠷ᠎ᠡ ᠴᠤᠬᠤᠮ ᠭᠡᠴᠢᠨᠡᠭᠡᠨ ᠶᠡᠭᠡ ᠬᠤᠭ ᠤᠨ ᠣᠪᠣᠭ᠎ᠠ ᠪᠣᠰᠬᠤ ᠶᠢ ᠥᠨᠡᠭᠡᠷ ᠳᠦᠰᠦᠪᠯᠡᠭᠦ ᠶᠢᠨ ᠠᠷᠭ᠎ᠠ ᠦᠭᠡᠶ ᠡ ︕

ᠰᠦᠯᠢᠶᠤᠤ ᠡᠷᠳᠡᠨᠢ᠃ ᠰᠦᠯᠢᠶᠤᠤ ᠣᠭᠤᠳᠠ ᠡᠷᠳᠡᠨᠢᠨ ᠣᠭᠤᠳᠠ ᠡ᠃ ᠭᠡᠶ᠎ᠡ ᠡᠷᠳᠡᠨᠢ ᠭᠡᠳᠡᠭ᠌ ᠢ ᠴᠢᠨᠢ ᠡᠳ᠋ᠯᠡᠵᠤ ᠴᠢᠳᠠᠪᠠᠯ ᠡᠷᠳᠡᠨᠢ ᠡᠳ᠋ᠯᠡᠵᠤ ᠴᠢᠳᠠᠬᠤ ᠦᠭᠡᠶ ᠪᠣᠯ ᠬᠤᠤᠷ ᠪᠢᠯᠠ᠃ ᠭᠦᠮᠤᠨ ᠳᠦᠷᠤᠯᠭᠢᠳᠠᠨ ᠣᠳᠤ ᠰᠦᠯᠢᠶᠤᠤ ᠣᠭᠤᠳᠠ ᠳᠤ ᠭᠡᠴᠢᠨᠡᠭᠡᠨ ᠵᠠᠷᠤᠭᠳᠠᠵᠤ ᠪᠠᠢ᠌ᠭ᠎ᠠ ᠶᠢ ᠭᠡᠯᠡᠭᠦ ᠶᠢᠨ ᠠᠷᠭ᠎ᠠ ᠦᠭᠡᠶ᠃ ᠨᠢᠭᠡ ᠬᠤᠳᠠ ᠪᠠᠷ ᠠᠪᠴᠤ ᠭᠡᠯᠡᠭᠦ ᠳᠤ ᠮᠠᠰᠢ ᠣᠯᠠᠨ ᠭᠦᠮᠤᠨ ᠤ ᠭᠦᠳᠡᠯᠮᠦᠷᠢ ᠭᠦᠴᠤ ᠵᠠᠷᠤᠴᠠᠭᠤᠯᠵᠤ ᠮᠠᠰᠢ ᠣᠯᠠᠨ ᠰᠦᠯᠢᠶᠤᠤ ᠭᠢᠵᠤ ᠣᠢ᠌ᠯᠠᠳᠪᠣᠷᠢᠯᠠᠵᠤ ᠭᠠᠷᠭᠠᠨ᠎ᠠ᠃ ᠭᠠᠷᠭᠠᠭᠰᠠᠨ ᠰᠦᠯᠢᠶᠤᠤ ᠣᠭᠤᠳᠠ ᠪᠠᠨ ᠭᠠᠭᠴᠠᠬᠠᠨ ᠣᠳᠠᠭ᠎ᠠ ᠵᠠᠷᠤᠪᠠᠯ ᠬᠠᠶᠠᠨ᠎ᠠ ᠡ ︕ ᠳᠡᠭᠡᠭᠡᠳ ᠳᠡᠳᠡᠭᠡᠷ ᠬᠤᠭ ᠴᠡᠪᠠᠷᠯᠡᠳᠡᠭ᠌ ᠨᠠᠰᠤᠳᠠᠤᠨ (ᠬᠤᠭ ᠴᠡᠪᠠᠷᠯᠡᠳᠡᠭ᠌ ᠤᠨ ᠣᠯᠠᠩᠭᠢ ᠨᠢ ᠨᠠᠰᠤᠳᠠᠢ ᠭᠦᠮᠦᠰ) ᠡᠳᠦᠷᠵᠢᠨ ᠰᠦᠯᠢᠶᠤᠤ ᠣᠭᠤᠳᠠ ᠲᠡᠶ ᠠᠪᠣᠯᠴᠠᠵᠤ᠂ ᠰᠦᠯᠢᠶᠤᠤ ᠣᠭᠤᠳᠠ ᠲᠡᠶ ᠪᠠᠢ᠌ᠯᠳᠤᠵᠤ ᠯᠠ ᠪᠠᠢ᠌ᠳᠠᠭ᠃ ᠭᠦᠡᠳᠤ ᠮᠦᠷᠳᠡᠭᠡᠨ ᠪᠣᠵᠠᠷ ᠪᠣᠭᠢᠷ ᠳᠠᠷᠠ ᠠᠵᠢᠯ ᠡᠴᠠ ᠳᠠᠳᠠ ᠨᠡᠷ ᠴᠤᠬᠤᠮ ᠭᠡᠵᠢᠶ᠎ᠡ ᠴᠢᠯᠦᠭᠡᠯᠡᠭ᠍ᠳᠡᠳᠡᠭ᠌ ᠪᠣᠯ ᠁ ᠨᠠᠰᠤᠳᠠᠤᠨ ᠢ ᠴᠤᠬᠤᠮ ᠶᠠᠭᠠᠭᠢᠵᠤ ᠴᠢᠯᠦᠭᠡᠯᠡᠭᠦ ᠪᠢᠯᠠ ︖


2010.9.20


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 55957
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ