ᠨᠡᠪᠲᠡᠷᠡᠨ ᠤᠷᠤᠬᠤ
ᠭᠦᠤ ᠮᠢᠨᠢ

ᠨᠤᠶᠠᠨ ᠰᠠᠷᠢᠳᠠᠭ ᠠᠭᠤᠯᠠ ᠪᠠᠨ ᠰᠢᠭ

ᠬᠠᠳᠠᠨ ᠴᠢᠨᠠᠷ ᠲᠡᠶ ᠰᠤᠷᠤᠯᠴᠠᠬᠤ ᠶᠤᠮ

ᠨᠤᠮᠢᠨ ᠨᠤᠭᠤᠭᠠᠨ ᠳᠠᠯ᠎ᠠ ᠪᠠᠨ ᠰᠢᠭ

ᠠᠭᠤᠵᠢᠮ ᠰᠡᠳᠭᠢᠯ ᠲᠡᠶ ᠣᠬᠠᠵᠢᠬᠤ ᠶᠤᠮ

ᠳᠡᠯᠭᠡᠷ ᠮᠤᠩᠭ᠋ᠤᠯ ᠤᠨ ᠡᠷᠡᠮᠡᠭᠡᠢ ᠰᠦᠰᠦ ᠪᠠᠷ

ᠳᠡᠭᠡᠳᠤ ᠶᠢᠨ ᠠᠯᠳᠠᠷ ᠶᠢᠡᠨ ᠮᠠᠠᠳᠤᠭᠤᠯᠬᠤ ᠶᠤᠮ

ᠣᠷᠴᠢᠯᠠᠩ ᠤᠨ ᠨᠢᠭᠤᠴᠠ ᠶᠢ ᠵᠠᠳᠠᠯᠬᠤ ᠪᠠᠷ

ᠠᠯᠢᠪᠠ ᠪᠠᠨ ᠣᠭᠤᠷᠤᠨ ᠴᠢᠷᠮᠠᠢ᠌ᠬᠤ ᠶᠤᠮ

ᠡᠨ ᠥᠰᠦᠭ᠌ ᠢ ᠳᠠᠨᠢᠭᠤᠯᠤᠭᠰᠠᠨ

ᠠᠩᠬᠠᠨ ᠤ ᠪᠠᠭᠰᠢ ᠪᠠᠨ ᠰᠢᠳᠦᠭᠦ ᠶᠤᠮ

ᠡᠩᠭᠡᠷ ᠨᠤᠤᠷᠠᠯᠴᠠᠨ ᠥᠰᠦᠭ᠍ᠰᠡᠨ

ᠦᠶ᠎ᠡ ᠶᠢᠨ ᠨᠠᠢ᠌ᠵᠠ ᠪᠠᠨ ᠲᠡᠳᠬᠦᠭᠦ ᠶᠤᠮ

ᠠᠮᠢᠳᠤᠷᠠᠯ ᠤᠨ ᠬᠠᠳᠠᠭᠤ ᠶᠢ ᠳᠠᠨᠢᠭᠤᠯᠤᠭᠰᠠᠨ

ᠨᠤᠳᠤᠭ ᠤᠨ ᠴᠢᠯᠠᠭᠤ ᠳᠤ ᠪᠠᠨ ᠳᠠᠯᠠᠷᠬᠠᠬᠤ ᠶᠤᠮ

ᠠᠮᠢᠯᠠᠯ ᠭᠦᠰᠡᠯ ᠢ ᠣᠯᠭᠤᠭᠰᠠᠨ

ᠭᠦᠳᠡᠭᠡ ᠰᠤᠷᠭᠠᠭᠤᠯᠢ ᠳᠤ ᠪᠠᠨ ᠶᠤᠰᠤᠯᠠᠬᠤ ᠶᠤᠮ

ᠱᠠᠭ᠎ᠠ ᠶᠢᠨ ᠳᠤᠭᠯᠠᠭᠠᠨ ᠵᠢᠭᠠᠭᠰᠠᠨ

ᠭᠦᠭᠡᠷᠦᠭᠦᠢ ᠡᠮᠡᠭᠡ ᠳ᠋ᠤ ᠰᠦᠭᠦᠷᠡᠭᠦ ᠶᠤᠮ

ᠰᠤᠷᠤᠯᠭ᠎ᠠ ᠶᠢᠨ ᠬᠠᠭᠤᠳᠠᠰᠤ ᠪᠠᠢ᠌ᠴᠠᠭᠠᠳᠠᠭ

ᠬᠠᠢ᠌ᠷᠠᠳᠤ ᠡᠵᠢ ᠳᠤ ᠪᠠᠨ ᠣᠮᠤᠭᠰᠢᠬᠤ ᠶᠤᠮ

ᠳᠡᠩᠭᠡᠭᠡᠳᠤ ᠭᠦᠯᠦᠭ᠌ ᠤᠨ ᠨᠢᠷᠤᠭᠤᠨ ᠳᠡᠭᠡᠷ᠎ᠡ

ᠬᠠᠷᠢ ᠶᠢᠨ ᠣᠳᠤ ᠶᠢ ᠰᠢᠭᠦᠷᠭᠦ ᠶᠤᠮ

ᠳᠡᠦᠭᠡ ᠰᠤᠶᠤᠯ ᠤᠨ ᠣᠯᠠ ᠮᠦᠷ ᠢ

ᠡᠷ᠎ᠡ ᠵᠤᠷᠢᠭ ᠲᠡᠶ ᠬᠠᠢ᠌ᠬᠤ ᠶᠤᠮ

ᠵᠠᠭᠤᠨ ᠥᠩᠭᠡ ᠶᠢᠨ ᠰᠤᠯᠤᠩᠭ᠋ᠠᠷᠠᠯ ᠳ᠋ᠤ

ᠨᠢᠳᠤ ᠡᠷᠢᠶᠡᠯᠵᠡᠭᠦ ᠦᠭᠡᠶ ᠨᠢ ᠰᠠᠢ᠌ᠬᠠᠨ ᠶᠤᠮ

ᠵᠢᠪᠬᠤᠭ᠎ᠠ ᠬᠠᠳᠠᠨ ᠪᠣᠯᠪᠠᠰᠤᠷᠠᠬᠤ ᠨᠢ

ᠮᠤᠩᠭ᠋ᠤᠯ ᠭᠦᠤ ᠶᠢᠨ ᠮᠦᠰᠤ ᠶᠤᠮ

ᠪᠣᠷᠭᠠᠰᠤᠨ ᠮᠤᠷᠢ ᠬᠠᠳᠠᠷᠢᠭᠤᠯᠤᠭᠰᠠᠨ

ᠳᠤᠬᠤᠢ ᠭᠦᠡᠳᠡᠢ ᠪᠠᠨ ᠰᠢᠡᠵᠢᠭᠡᠴᠢ

ᠪᠣᠷᠠᠮ ᠲᠡᠶ ᠬᠤᠭᠤᠯᠠ ᠳᠤ ᠬᠤᠪᠳᠤᠭᠯᠠᠳᠠᠭ

ᠡᠮᠵᠡᠭ᠌ ᠵᠠᠩ ᠶᠢᠡᠨ ᠬᠠᠯᠠᠭᠠᠴᠢ

ᠳᠠᠯ᠎ᠠ ᠵᠤ᠋ ᠪᠠᠷ ᠨᠤᠳᠤᠭᠯᠠᠳᠠᠭ

ᠳᠠᠤᠯᠠᠢ ᠶᠢᠨ ᠪᠦᠵᠦᠩ ᠢ ᠬᠠᠢ᠌ᠷᠠᠯᠠᠭᠠᠴᠢ

ᠳᠠᠪᠤᠨ ᠬᠤᠰᠢᠭᠤ ᠮᠠᠯ ᠵᠢᠠᠨ

ᠡᠷᠳᠡᠨᠢ ᠰᠢᠭ᠌ ᠭᠢᠮᠠᠭᠠᠳᠠᠭᠠᠴᠢ

ᠪᠢᠴᠢᠭ᠌ ᠰᠤᠶᠤᠯ ᠤᠨ ᠴᠠᠴᠠᠨ ᠢ

ᠨᠠᠰᠤᠨ ᠵᠠᠯᠠᠭᠤ ᠳᠤ ᠪᠠᠨ ᠳᠠᠨᠢᠭᠠᠴᠢ

ᠪᠦᠯᠭᠦᠮᠳᠡᠯ ᠨᠠᠢ᠌ᠷ ᠤᠨ ᠴᠠᠨ᠎ᠠ ᠵᠢ

ᠵᠢᠷᠦᠭᠡ ᠰᠡᠳᠭᠢᠯ ᠶᠢᠡᠷ ᠮᠡᠳᠡᠷᠡᠭᠡᠴᠢ

ᠣᠳᠬ᠎ᠠ ᠠᠭᠤᠯᠭ᠎ᠠ ᠶᠢᠨ ᠣᠤᠷ ᠴᠢᠨᠠᠷ ᠢ

ᠭᠡᠵᠢᠶ᠎ᠡ ᠡᠭᠦᠷᠢᠳᠡ ᠡᠷᠭᠢᠮᠯᠡᠭᠡᠴᠢ

ᠤᠶᠠᠩ‍ᠭ᠎ᠠ ᠨᠠᠢ᠌ᠷᠠᠭ ᠤᠨ ᠭᠠᠢ᠌ᠬᠠᠮᠰᠢᠭ ᠢ

ᠮᠤᠩᠭ᠋ᠤᠯ ᠨᠠᠷ᠎ᠠ ᠪᠠᠷ ᠭᠡᠪᠯᠡᠭᠡᠴᠢ

ᠣᠯᠠᠭᠠᠨ ᠢ ᠦᠵᠡᠪᠠᠯ ᠣᠷᠪᠠᠳᠠᠭ

ᠬᠠᠭᠤᠷᠮᠠᠭ ᠵᠠᠩ ᠢ ᠳᠠᠪᠴᠢᠰᠤ

ᠣᠷᠠᠢ ᠨᠠᠰᠤᠨ ᠳᠤ ᠴᠢᠷᠮᠠᠢ᠌ᠬᠤ ᠥᠭᠡᠢ

ᠠᠯᠵᠠᠭᠤ ᠰᠤᠷᠳᠠᠯ ᠢ ᠬᠠᠶᠠᠰᠤ

ᠬᠤᠷᠴᠢᠨ ᠰᠤᠶᠤᠯ ᠤᠨ ᠳᠡᠭ᠍ᠵᠢᠯ ᠳᠤ

ᠭᠦᠴᠤᠨ ᠵᠤᠷᠢᠭ ᠶᠢᠡᠨ ᠡᠷᠭᠦᠰᠤ

ᠭᠦᠭᠡ ᠰᠤᠳᠤᠷ ᠤᠨ ᠥᠯᠢᠭᠡᠷ ᠵᠢᠠᠨ

ᠭᠡᠵᠢᠶ᠎ᠡ ᠡᠭᠦᠷᠢᠳᠡ ᠰᠢᠳᠤᠰᠤ

ᠨᠠᠷᠠᠨ ᠤ ᠠᠯᠳᠠᠨ ᠰᠠᠴᠤᠷᠠᠭ ᠰᠢᠭ

ᠨᠠᠰᠤᠳᠠ ᠭᠢᠯᠠᠯᠵᠠᠨ ᠶᠠᠪᠣᠰᠤ

ᠨᠠᠮ ᠠᠷᠠᠤᠨ ᠤᠨ ᠣᠢ᠌ᠯᠠᠰ ᠳᠤ

ᠨᠠᠠᠳᠢᠨ ᠵᠢᠳᠭᠦᠯ ᠨᠠᠮᠠᠷᠢᠯᠠᠰᠤ

ᠨᠠᠷᠠ ᠡᠷᠭᠦᠮ᠎ᠡ ᠪᠣᠰᠤᠭ᠎ᠠ ᠳᠤᠮᠤᠵᠢᠭᠠᠴᠢ

ᠨᠠᠴᠢᠨ ᠦᠷᠭᠦᠮ᠎ᠡ ᠳᠡᠭ᠍ᠵᠢᠨ ᠭᠦᠮᠦᠵᠢᠭᠡᠴᠢ

ᠨᠠᠰᠤᠨ ᠪᠠᠭ᠎ᠠ ᠭᠦᠤ ᠮᠢᠨᠢ ᠡ ︕

ᠨᠠᠷᠠᠨ ᠤ ᠠᠯᠳᠠᠨ ᠰᠠᠴᠤᠷᠠᠭ ᠮᠢᠨᠢ ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ