ᠨᠡᠪᠲᠡᠷᠡᠨ ᠤᠷᠤᠬᠤ
ᠨᠢᠯᠪᠣᠰᠤ ᠦᠭᠡᠶ ᠣᠭᠢᠯᠠᠯᠳᠠ

ᠭᠤᠨᠢᠭ ᠭᠦᠯᠭᠡᠯᠡᠭ᠍ᠰᠡᠨ ᠬᠤᠤᠰ ᠨᠢᠳᠤᠨ ᠤ ᠮᠢᠨᠢ ᠨᠢᠯᠪᠣᠰᠤ

ᠭᠠᠳᠠᠭᠰᠢ ᠪᠠᠨ ᠪᠢᠰᠢ᠂ ᠳᠤᠳᠤᠭᠰᠢ ᠪᠠᠨ ᠭᠦᠪᠦᠷᠡᠨ᠎ᠡ

ᠨᠢᠭᠤᠷ ᠢ ᠡᠰᠭᠡᠨ ᠣᠷᠤᠰᠤᠭᠰᠠᠨ ᠪᠢᠰᠢ ᠠᠳᠠᠯ᠎ᠠ

ᠵᠢᠷᠦᠭᠡ ᠵᠦᠰᠤᠨ ᠳᠤᠳᠤᠷ᠎ᠠ ᠵᠤᠷᠠᠨ ᠬᠠᠳᠠᠭᠤ ᠪᠠᠢ᠌ᠯ᠎ᠠ

ᠴᠡᠭᠡᠵᠢᠨ ᠤ ᠭᠤᠨᠢᠭ ᠶᠢᠡᠨ ᠨᠢᠯᠪᠣᠰᠤ ᠪᠣᠯᠭᠠᠵᠤ

ᠴᠢᠨᠤ ᠡᠮᠤᠨ᠎ᠡ ᠪᠢ ᠣᠭᠢᠯᠠᠬᠤ ᠥᠭᠡᠢ

ᠨᠢᠭᠤᠷ ᠲᠡᠭᠡᠨ ᠪᠠᠷᠳᠠᠮ ᠢᠨᠢᠶᠡᠮᠰᠦᠭᠯᠡᠵᠤ

ᠨᠢᠳᠤᠨ ᠳᠡᠭᠡᠨ ᠵᠠᠢ᠌ᠷ ᠭᠦᠶ‍ᠦᠯᠭᠡᠭᠦ ᠥᠭᠡᠢ

ᠨᠢᠳᠤ ᠮᠢᠨᠢ ᠪᠢᠰᠢ

ᠵᠢᠷᠦᠭᠡ ᠮᠢᠨᠢ ᠣᠭᠢᠯᠠᠵᠤ ᠪᠠᠢ᠌ᠨ᠎ᠠ

ᠨᠢᠳᠤᠨ ᠤ ᠪᠣᠳᠤᠭ᠂ ᠨᠢᠭᠤᠷ ᠤᠨ ᠳᠤᠰᠤ ᠬᠠᠯᠳᠤᠷᠳᠠᠵᠤ ᠠᠷᠢᠯᠬᠤ ᠥᠭᠡᠢ

ᠨᠥᠮᠵᠦᠭ‍ᠭᠡᠨ ᠵᠢᠷᠦᠭᠡᠨ ᠤ ᠮᠢᠨᠢ ᠬᠤᠪᠳᠤᠯ ᠨᠢᠯᠪᠣᠰᠤ ᠪᠠᠷ ᠳᠦᠭᠦᠷᠤᠨ᠎ᠡ

ᠪᠠᠶᠠᠷ ᠤᠨ ᠨᠢᠯᠪᠣᠰᠤ ᠮᠢᠨᠢ ᠭᠠᠳᠠᠭᠰᠢ ᠪᠠᠨ ᠪᠠᠷᠳᠠᠮ ᠠᠰᠬᠠᠷᠠᠭ

ᠪᠠᠢ᠌ᠯᠴᠠᠵᠤ ᠪᠣᠯᠬᠤ ᠪᠠᠶᠠᠷ ᠪᠦᠭᠦᠨ ᠶᠢᠡᠨ ᠬᠠᠮᠳᠤ ᠪᠠᠷ ᠬᠤᠪᠢᠶᠠᠯᠴᠠᠶ᠎ᠠ

ᠪᠠᠭ᠍ᠳᠡᠷᠡᠭ᠍ᠰᠡᠨ ᠰᠡᠳᠭᠢᠯ ᠤᠨ ᠮᠢᠨᠢ ᠣᠢ᠌ᠤᠠᠬᠠᠷ ᠪᠦᠭᠦᠨ ᠤ ᠨᠢᠯᠪᠣᠰᠤ ᠴᠢ

ᠪᠢᠳᠡᠭᠡᠢ ᠭᠠᠳᠠᠭᠰᠢ ᠪᠠᠨ᠂ ᠳᠤᠳᠤᠭᠰᠢ ᠪᠠᠨ ᠪᠠᠢ

ᠭᠦᠴᠦᠳᠡᠢ ᠰᠡᠳᠭᠢᠯ ᠤᠨ ᠪᠢᠳᠡᠭᠦᠤ ᠣᠭᠢᠯᠠᠯᠳᠠ

ᠭᠦᠡᠳᠤ ᠴᠤ ᠳᠠᠭᠠᠭᠠᠴᠠ ᠲᠡᠶ ᠪᠠᠢ᠌ᠳᠠᠭ ᠶᠤᠮ ᠬᠣᠢ᠌ᠨ᠎ᠠ

ᠨᠢᠯᠪᠣᠰᠤ ᠪᠠᠨ ᠳᠠᠪᠴᠢᠨ᠂ ᠭᠤᠨᠢᠭ ᠶᠢᠡᠨ ᠳᠠᠯᠳᠠᠯᠠᠵᠤ

ᠪᠢ ᠨᠢᠯᠪᠣᠰᠤ ᠲᠡᠶ ᠣᠭᠢᠯᠠᠬᠤ ᠥᠭᠡᠢ

ᠪᠠᠭ᠍ᠳᠡᠷᠡᠯ᠂ ᠭᠤᠳᠤᠷᠠᠯ ᠪᠦᠭᠦᠨ ᠶᠢᠡᠨ ᠪᠢᠳᠡᠭᠦᠤ ᠪᠠᠷ ᠵᠠᠯᠭᠢᠭᠠᠤᠨ

ᠨᠢᠯᠪᠣᠰᠤ ᠦᠭᠡᠶ ᠣᠭᠢᠯᠠᠨ᠎ᠠ ᠪᠢ︕


ᠵᠤᠬᠢᠶᠠᠭᠴᠢ ᠶᠢᠨ ᠬᠠᠶ‍ᠢᠭ᠄ ᠰᠦᠨᠢᠳ ᠪᠠᠷᠠᠭᠤᠨ ᠬᠤᠰᠢᠭᠤ

ᠵᠤᠬᠢᠶᠠᠭᠴᠢ᠄ ᠰᠠᠳᠭᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2010 ᠤᠨ ᠤ 07 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ