☆ ᠰᠣ᠊·ᠦᠨᠡᠠᠴᠢ
ᠡᠭᠡ ᠣᠷᠤᠨ ᠮᠢᠨᠢ
ᠡᠵᠢ ᠶᠢᠨ ᠬᠠᠯᠠᠭᠤᠨ ᠡᠪᠦᠷ ᠰᠢᠭ᠌
ᠡᠯᠢᠭᠡ ᠪᠦᠳᠤᠨ ᠡᠭᠡ ᠣᠷᠤᠨ ᠳ᠋ᠠᠭᠠᠨ
ᠡᠩᠭᠡ ᠶᠢᠨ ᠴᠠᠭᠠᠨ ᠬᠠᠳᠠᠭ ᠶᠢᠡᠨ ᠳᠡᠯᠭᠡᠵᠤ
ᠡᠰᠨᠢᠯ ᠭᠦᠭ᠍ᠵᠢᠯ ᠤᠨ ᠵᠦᠩᠨᠠᠯ ᠶᠢᠡᠨ ᠳᠡᠪᠰᠢᠭᠦᠯᠦᠶ᠎ᠡ
ᠳᠠᠪᠤᠨ ᠳᠢᠪ ᠤᠨ ᠠᠷᠠᠤᠨ ᠲᠡᠶ ᠪᠦᠯᠭᠦᠮᠳᠡᠭ᠍ᠰᠡᠨ
ᠡᠪ ᠨᠠᠢ᠌ᠷᠠᠮᠳᠠᠯ ᠤᠨ ᠡᠭᠡ ᠣᠷᠤᠨ ᠮᠢᠨᠢ
ᠳᠠᠪᠢᠨ ᠵᠢᠷᠭᠤᠭᠠᠨ ᠦᠨᠳᠦᠰᠦᠳᠠᠨ ᠶᠢᠡᠨ ᠪᠦᠪᠠᠢ᠌ᠯᠡᠭ᠍ᠰᠡᠨ
ᠡᠶ᠎ᠡ ᠵᠤᠭᠢᠴᠠᠯ ᠤᠨ ᠡᠭᠡ ᠣᠷᠤᠨ ᠮᠢᠨᠢ
ᠠᠪᠣ ᠶᠢᠨ ᠬᠠᠨᠠᠭᠠᠷ ᠨᠢᠷᠤᠭᠤ ᠰᠢᠭ
ᠠᠮᠢᠨ ᠬᠠᠢ᠌ᠷᠠᠳᠤ ᠡᠭᠡ ᠣᠷᠤᠨ ᠳ᠋ᠠᠭᠠᠨ
ᠠᠶᠤᠰᠢ ᠴᠠᠭᠠᠨ ᠬᠠᠳᠠᠭ ᠶᠢᠡᠨ ᠳᠡᠯᠭᠡᠵᠤ
ᠠᠵᠠ ᠵᠢᠷᠭᠠᠯ ᠤᠨ ᠳᠠᠭᠤᠤ ᠪᠠᠨ ᠡᠷᠭᠦᠶ᠎ᠡ
ᠨᠢᠭᠡ ᠨᠢ ᠭᠠᠴᠢᠭᠳᠠᠪᠠᠯ ᠨᠠᠢ᠌ᠳᠠ ᠪᠠᠷ ᠳᠤᠰᠠᠯᠠᠳᠠᠭ
ᠬᠠᠢ᠌ᠷ᠎ᠠ ᠶᠢᠨ ᠰᠡᠳᠭᠢᠯ ᠡᠭᠡ ᠣᠷᠤᠨ ᠮᠢᠨᠢ
ᠨᠢᠯᠬᠠᠰ ᠶᠢᠡᠨ ᠬᠠᠢ᠌ᠷᠠᠯᠠᠵᠤ ᠥᠳᠡᠭᠦᠰ ᠶᠢᠡᠨ ᠭᠦᠡᠳᠦᠯᠡᠳᠡᠭ᠌
ᠬᠠᠯᠠᠭᠤᠨ ᠥᠯᠦᠭᠡᠢ ᠡᠭᠡ ᠣᠷᠤᠨ ᠮᠢᠨᠢ
ᠵᠢᠭᠦᠷ ᠶᠢᠡᠨ ᠳᠡᠯᠭᠡᠭ᠍ᠰᠡᠨ ᠡᠷᠡᠯᠭᠡᠭ᠌ ᠪᠦᠷᠭᠦᠤᠨ ᠰᠢᠭ᠌
ᠵᠢᠪᠬᠤᠭ᠎ᠠ ᠳᠡᠭᠦᠯᠳᠡᠷ ᠡᠭᠡ ᠣᠷᠤᠨ ᠳ᠋ᠠᠭᠠᠨ
ᠵᠢᠷᠦᠭᠡᠨ ᠡᠴᠡ ᠣᠠᠳᠤᠷᠤᠭᠰᠠᠨ ᠰᠢᠯᠦᠭ᠌ ᠶᠢᠡᠨ ᠣᠶᠠᠩᠭ᠋ᠠᠯᠠᠵᠤ
ᠵᠢᠷᠠᠨ ᠵᠢᠯ ᠤᠨ ᠣᠢ ᠶᠢ ᠨᠢ ᠪᠠᠯᠭᠡᠯᠡᠶ᠎ᠡ
ᠡᠷᠡᠨ ᠵᠠᠭᠤᠨ ᠤ ᠢᠳᠡᠭᠡᠯ ᠤᠨ ᠣᠷᠢᠶ᠎ᠠ ᠳᠠᠢ
ᠡᠩᠭᠡ ᠳᠠᠢ᠌ᠪᠣᠭᠤᠨ ᠡᠭᠡ ᠣᠷᠤᠨ ᠮᠢᠨᠢ
ᠡᠵᠢ ᠭᠦᠮᠤᠨ ᠤ ᠰᠡᠳᠭᠢᠯ ᠤᠨ ᠴᠤᠤᠷᠢᠶ᠎ᠠ ᠳᠠᠢ
ᠡᠨᠡᠷᠢᠯ ᠤᠨ ᠳᠡᠭ᠍ᠷᠢ ᠡᠭᠡ ᠣᠷᠤᠨ ᠮᠢᠨᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3308
ᠴᠠᠭ᠄ 2009 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ