☆ ᠪᠦᠬᠡᠵᠢᠷᠭᠠᠯ
ᠴᠠᠰᠤ ᠴᠢ
ᠳᠡᠯᠡᠭᠡᠢ ᠡᠵᠢ ᠳᠤ ᠪᠠᠯᠡᠭᠯᠡᠭ᠍ᠰᠡᠨ
ᠳᠡᠭ᠍ᠷᠢ ᠶᠢᠨ ᠴᠠᠭᠠᠨ ᠬᠠᠳᠠᠭ ᠦᠦ ᠴᠢ ︖
ᠳᠡᠯᠭᠡᠷ ᠬᠠᠩᠭ᠋ᠠᠢ ᠮᠢᠨᠢ ᠪᠠᠶᠠᠰᠤᠭᠠᠤᠨ
ᠳᠡᠭᠡᠷ᠎ᠡ ᠡᠷᠭᠦᠨ ᠳᠤᠰᠴᠤ ᠪᠠᠢ᠌ᠨ᠎ᠠ
ᠥᠡᠳᠦᠷᠯᠢᠭ᠌ ᠠᠪᠣ ᠶᠢᠨ ᠭᠦᠭᠡᠷᠭᠡᠯᠡᠭ᠍ᠰᠡᠨ
ᠥᠩᠭᠡ ᠴᠠᠭᠠᠨ ᠳᠠᠪᠠᠯ ᠦᠦ ᠴᠢ︖
ᠡᠩᠭᠡᠷ ᠬᠤᠷᠮᠤᠢ ᠳᠤ ᠨᠢ ᠬᠤᠴᠢᠭᠳᠠᠴᠢᠬᠠᠭᠠᠤᠨ
ᠡᠭᠡ ᠪᠠᠢ᠌ᠭᠠᠯᠢ ᠪᠠᠶᠠᠰᠴᠤ ᠪᠠᠢ᠌ᠨ᠎ᠠ
ᠬᠠᠢ᠌ᠷᠠᠬᠠᠨ ᠠᠭᠤᠯᠠᠰ ᠳᠠᠯ᠎ᠠ ᠶᠢᠨ ᠮᠢᠨᠢ
ᠬᠤᠷᠠᠭᠠᠨ ᠴᠠᠭᠠᠨ ᠮᠠᠯᠠᠭᠠᠢ ᠦᠦ ᠴᠢ ︖
ᠡᠪᠦᠯ ᠭᠦᠤ ᠵᠡᠭᠦᠴᠢᠭᠡᠭᠡᠳ ᠭᠤᠶᠤᠯᠠᠬᠤ ᠳ᠋ᠤ
ᠬᠠᠪᠣᠷ ᠭᠡᠦᠭᠡᠨ ᠠᠳᠠᠭᠠᠷᠬᠠᠨ ᠪᠣᠯᠢᠶᠠᠯᠴᠠᠵᠤ ᠪᠠᠢ᠌ᠨ᠎ᠠ
ᠣᠮᠠᠷᠠᠳᠤ ᠭᠠᠵᠠᠷ ᠶᠢᠡᠨ ᠰᠢᠮᠡᠳᠭᠡᠭᠦ
ᠣᠭᠤᠷᠠᠭ ᠴᠠᠭᠠᠨ ᠰᠢᠮ᠎ᠠ ᠦᠦ ᠴᠢ ︖
ᠣᠷᠤᠭᠤᠯ ᠠᠮᠠ ᠪᠠᠨ ᠳᠠᠮᠰᠢᠶᠠᠭᠠᠤᠨ
ᠣᠷᠭᠤᠮᠠᠯᠳᠤ ᠭᠦᠷᠦᠰᠤ ᠨᠢ ᠠᠮᠳᠠᠷᠬᠠᠵᠤ ᠪᠠᠢ᠌ᠨ᠎ᠠ
ᠭᠤᠤᠯ ᠭᠤᠷᠤᠬ᠎ᠠ ᠳᠠᠭᠠᠨ ᠨᠡᠮᠡᠷᠢᠯᠡᠭᠦ
ᠭᠢᠯᠠᠯᠵᠠᠮ᠎ᠠ ᠴᠠᠭᠠᠨ ᠰᠤᠪᠣᠤᠨ ᠦᠦ ᠴᠢ ︖
ᠭᠠᠵᠠᠷ ᠤᠨ ᠰᠤᠳᠠᠰᠤᠨ ᠳᠤ ᠣᠷᠤᠴᠢᠬᠠᠭᠠᠤᠨ
ᠭᠤᠷᠴᠢᠭᠢᠨᠠᠬᠤ ᠳᠠᠭᠤ ᠶᠢ ᠨᠢ ᠡᠷᠴᠢᠯᠡᠵᠤ ᠪᠠᠢ᠌ᠨ᠎ᠠ
ᠬᠠᠭᠤᠷᠠᠢ ᠭᠠᠩ ᠢ ᠳᠠᠷᠤᠬᠤ
ᠬᠤᠶᠠᠭ ᠴᠠᠭᠠᠨ ᠴᠡᠷᠢᠭ᠌ ᠦᠦ ᠴᠢ ︖
ᠬᠣᠢ᠌ᠰᠭᠢᠨᠠᠬᠤ ᠰᠠᠯᠭᠢ ᠠᠶᠤᠴᠢᠬᠠᠭᠠᠤᠨ
ᠬᠤᠰᠢᠭᠤ ᠬᠤᠩᠰᠢᠶᠠᠷ ᠶᠢᠡᠨ ᠨᠢᠭᠤᠵᠤ ᠪᠠᠢ᠌ᠨ᠎ᠠ
ᠬᠤᠮᠠᠭᠢ ᠬᠤᠷᠤᠬᠠᠢ ᠶᠢ ᠣᠰᠠᠳᠬᠠᠬᠤ
ᠬᠤᠢ ᠴᠠᠭᠠᠨ ᠰᠠᠯᠠᠮ᠎ᠠ ᠦᠦ ᠴᠢ ︖
ᠬᠠᠯᠳᠠᠪᠣᠷᠢᠳᠤ ᠪᠠᠺᠲ᠋ᠸᠷᠢ ᠰᠥᠷᠳᠡᠴᠢᠭᠡᠭᠡᠳ
ᠬᠤᠯᠤᠪ ᠭᠦᠯᠦᠪ ᠴᠠᠴᠠᠷᠠᠵᠤ ᠪᠠᠢ᠌ᠨ᠎ᠠ
ᠪᠣᠭᠢᠷᠳᠠᠯᠳᠤ ᠣᠷᠴᠢᠨ ᠢ ᠴᠡᠪᠠᠷᠰᠢᠭᠦᠯᠭᠦ
ᠪᠣᠷᠬᠠᠨ ᠤ ᠴᠠᠭᠠᠨ ᠮᠤᠳᠤᠷ ᠦᠦ ᠴᠢ ︖
ᠪᠣᠷᠬᠠᠨ ᠤ ᠴᠠᠭᠠᠨ ᠮᠤᠳᠤᠷ ᠯᠠ ᠶᠤᠮ ᠪᠣᠯ
ᠪᠣᠵᠠᠷ ᠮᠠᠭᠤ ᠪᠦᠭᠦᠨ ᠢ ᠠᠷᠢᠯᠭᠠᠴᠢ︕ ᠴᠠᠰᠤ ᠴᠢ᠃
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 04 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ