ᠨᠡᠪᠲᠡᠷᠡᠨ ᠤᠷᠤᠬᠤ
ᠮᠤᠩᠭ᠋ᠤᠯ ᠰᠤᠶᠤᠯ

《ᠮᠥᠭᠡᠷᠦᠤ ᠮᠥᠭᠡᠷᠦᠤ ᠱᠦᠷᠦᠩ ᠬᠠᠳᠠ

ᠮᠥᠩᠭᠦᠨ ᠳᠤ ᠠᠳᠠᠯᠢ ᠡᠯᠡᠰᠤ ᠮᠠᠩᠬ᠎ᠠ》 ᠭᠡᠵᠤ

ᠮᠠᠨᠠᠢ᠌ᠭᠢᠨ ᠪᠦᠭᠦᠳᠡᠭᠡᠷ ᠶᠢᠡᠨ

ᠮᠤᠩᠭ᠋ᠤᠯ ᠶᠢᠡᠷ ᠠᠶᠠᠯᠠᠭᠤᠯᠵᠤ ᠪᠠᠢ᠌ᠳᠠᠭ


ᠮᠥᠮᠥ ᠶᠢᠨ ᠶᠢᠡᠨ ᠥᠰᠭᠡᠭ᠍ᠰᠡᠨ ᠨᠤᠳᠤᠭ ᠲᠤ

ᠭᠦᠮᠤᠨ ᠪᠦᠭᠦᠨ ᠬᠠᠢ᠌ᠷᠠᠳᠠᠢ ᠴᠤ

ᠮᠥᠩᠭᠡᠷᠡᠳᠡᠯ᠎ᠡ ᠰᠢᠯᠦᠭᠯᠡᠵᠤ ᠴᠢᠳᠠᠳᠠᠭ ᠨᠢ

ᠮᠤᠩᠭ᠋ᠤᠯ ᠲᠦᠮᠡᠨ ᠤ ᠮᠢᠨᠢ ᠦᠷᠡᠰ ᠶᠤᠮ


ᠬᠠᠳᠤᠨ ᠭᠤᠤᠯ ᠤᠨ ᠱᠤᠤᠭᠢᠶᠠᠨ ᠳᠡᠭᠡᠭᠦᠷ

ᠬᠠᠯᠭᠢᠯᠠᠵᠤ ᠪᠠᠭᠤᠭᠰᠠᠨ ᠰᠢᠯᠦᠭ᠌ ᠤᠨ ᠭᠦᠷᠭᠢᠷ᠎ᠡ

ᠬᠠᠯᠠᠭᠤᠨ ᠳᠤᠭᠤᠨᠤᠳᠤ ᠮᠤᠩᠭ᠋ᠤᠯ ᠭᠡᠯᠡ ᠪᠠᠷ ᠶᠢᠡᠨ

ᠬᠠᠭᠠᠨ ᠴᠢᠩᠭᠢᠰ ᠤᠨ ᠰᠦᠯᠳᠡ ᠳᠤ ᠵᠤᠯᠭᠠᠨ᠎ᠠ


ᠠᠷᠪᠠᠨ ᠭᠤᠷᠪᠠᠳᠤᠭᠠᠷ ᠵᠠᠭᠤᠨ ᠤ ᠡᠭᠦᠳᠡᠨ ᠡᠴᠡ

ᠠᠭᠳᠠ ᠶᠢᠨ ᠨᠢᠷᠤᠭᠤᠨ ᠳᠤ ᠪᠠᠨ ᠰᠥᠡᠳᠡᠷᠯᠡᠭ᠍ᠰᠡᠭᠡᠷ

ᠠᠯᠳᠠᠨ ᠳᠡᠯᠡᠭᠡᠢ ᠶᠢᠨ ᠴᠡᠴᠡᠭᠯᠡᠯᠳᠡ ᠳᠤ ᠵᠠᠮᠴᠢᠯᠠᠨ

ᠠᠤᠭ᠎ᠠ ᠣᠢ᠌ᠯᠠᠰ ᠤᠨ ᠶᠢᠠᠨ ᠦᠷ᠎ᠡ ᠶᠢ ᠰᠠᠴᠤᠭᠰᠠᠭᠠᠷ


ᠡᠭᠡ ᠮᠤᠩᠭ᠋ᠤᠯ ᠭᠡᠯᠡ ᠪᠠᠷ ᠶᠢᠡᠨ ᠣᠮᠳᠠᠯᠠᠨ ᠪᠠᠢ᠌ᠵᠤ ᠠᠮᠢᠯᠠᠵᠠᠢ ᠪᠢ

ᠳᠡᠦᠭᠡᠳᠤ ᠮᠤᠩᠭ᠋ᠤᠯ ᠣᠭᠰᠠᠭᠠᠳᠠᠨ ᠶᠢᠡᠨ ᠳᠡᠭᠡᠳᠦᠯᠡᠨ ᠪᠠᠢ᠌ᠵᠤ ᠰᠤᠶᠤᠯᠵᠢᠵᠠᠢ ᠪᠢ

ᠳᠤᠯᠭ᠎ᠠ ᠶᠢᠨ ᠭᠤᠷᠪᠠᠨ ᠴᠢᠯᠠᠭᠤ ᠲᠡᠶ ᠪᠠᠨ ᠬᠠᠨᠢᠯᠠᠨ ᠪᠠᠢ᠌ᠵᠤ ᠬᠠᠳᠠᠭᠤᠵᠢᠵᠠᠢ ᠪᠢ

ᠡᠷ᠎ᠡ ᠶᠢᠨ ᠭᠤᠷᠪᠠᠨ ᠨᠠᠭᠠᠳᠤᠮ ᠳᠤ ᠪᠠᠨ ᠢᠵᠢᠯᠢᠰᠢᠨ ᠪᠠᠢ᠌ᠵᠤ ᠪᠣᠯᠪᠠᠰᠤᠷᠠᠵᠠᠢ ᠪᠢ


ᠡᠨᠡ ᠪᠦᠭᠦᠨ ᠳᠤ ᠮᠤᠩᠭ᠋ᠤᠯ ᠰᠤᠶᠤᠯ ᠮᠢᠨᠢ

ᠡᠨᠡᠷᠢᠯᠳᠤ ᠡᠭᠡ ᠶᠢᠨ ᠰᠥ᠋ ᠰᠢᠭ᠌ ᠭᠡᠪ ᠶᠢᠡᠷ ᠶᠢᠡᠨ

ᠡᠷ᠎ᠡ ᠶᠢᠨ ᠳᠠᠪᠠᠭ᠎ᠠ ᠳᠤ ᠳᠦᠭᠦᠭ᠍ᠰᠡᠨ ᠨᠠᠳᠠ ᠳᠤ

ᠡᠷᠴᠢ ᠵᠤᠷᠢᠭ᠂ ᠢᠳᠡᠭᠡᠯ ᠭᠦᠰᠡᠯ ᠬᠠᠢ᠌ᠷᠠᠯᠠᠵᠠᠢ


ᠡᠩᠭᠦᠷᠡᠢ ᠪᠠᠭ᠎ᠠ ᠪᠠᠢ᠌ᠬᠤ ᠳᠤ ᠪᠠᠨ

ᠡᠭᠡ ᠶᠢᠨ ᠶᠢᠡᠨ ᠡᠯᠢᠭᠡᠨ ᠳᠤ ᠪᠦᠪᠠᠢ᠌ᠯᠡᠭ᠍ᠳᠡᠨ

ᠡᠷ᠎ᠡ ᠶᠢᠨ ᠵᠡᠷᠭᠡ ᠳᠤ ᠭᠦᠷᠦᠭᠡᠳ

ᠡᠭᠡ ᠮᠤᠩᠭ᠋ᠤᠯ ᠰᠤᠶᠤᠯ ᠶᠢᠡᠷ ᠶᠢᠡᠨ ᠭᠦᠮᠦᠵᠢᠭ᠍ᠰᠡᠨ


ᠡᠷᠡᠯᠭᠡᠭ᠌ ᠮᠤᠩᠭ᠋ᠤᠯ ᠮᠢᠨᠢ ᠪᠠᠭᠠᠳᠤᠷᠯᠢᠭ ᠰᠢᠤ

ᠡᠭᠡ ᠭᠡᠯᠡ ᠮᠢᠨᠢ ᠢᠷᠠᠭᠤᠯᠢᠭ ᠰᠢᠤ

ᠮᠤᠩᠭ᠋ᠤᠯ ᠣᠭᠰᠠᠭᠠᠳᠠᠨ ᠮᠢᠨᠢ ᠵᠤᠭᠰᠤᠭ᠎ᠠ ᠰᠢᠤ

ᠮᠤᠩᠭ᠋ᠤᠯ ᠰᠤᠶᠤᠯ ᠮᠢᠨᠢ ᠪᠣᠰᠤᠭ᠎ᠠ ᠰᠢᠤ


ᠬᠠᠮᠢᠭ᠎ᠠ ᠴᠤ ᠭᠡᠮᠭᠡᠷᠡᠵᠤ ᠥᠵᠡᠭᠡ ᠦᠭᠡᠶ

ᠮᠤᠩᠭ᠋ᠤᠯ ᠭᠦᠮᠤᠨ ᠤ ᠶᠠᠰᠤ

ᠭᠡᠨ ᠴᠤ ᠳᠠᠢ᠌ᠯᠤᠵᠤ ᠴᠢᠳᠠᠭ᠎ᠠ ᠦᠭᠡᠶ

ᠮᠤᠩᠭ᠋ᠤᠯ ᠭᠦᠮᠤᠨ ᠤ ᠰᠤᠶᠤᠯ


ᠣᠷᠤᠯᠳᠤᠭᠠᠨ ᠮᠤᠷᠢᠨ ᠤ ᠱᠤᠷᠪᠣᠭ ᠭᠦᠯᠦᠰᠤ ᠡᠴᠡ

ᠣᠤᠭᠠᠨ ᠮᠤᠩᠭ᠋ᠤᠯ ᠤᠨ ᠰᠤᠶᠤᠯ ᠥᠨᠦᠷᠳᠦᠭ᠍ᠳᠡᠨ᠎ᠡ

ᠣᠠᠳᠤᠷᠤᠨ ᠣᠷᠭᠢᠯᠠᠬᠤ ᠮᠤᠩᠭ᠋ᠤᠯ ᠰᠤᠶᠤᠯ ᠡᠴᠡ

ᠣᠳᠤᠮᠳᠤ ᠮᠤᠩᠭ᠋ᠤᠯ ᠤᠨ ᠭᠦᠭ᠍ᠵᠢᠯᠳᠡ ᠴᠠᠯᠭᠢᠯᠠᠨ᠎ᠠ᠃


《ᠠ᠊·ᠢᠳᠡᠷᠭᠦᠨ ᠤ ᠰᠢᠯᠦᠭ᠌ ᠤᠨ ᠳᠡᠭᠦᠪᠦᠷᠢ》 ᠡᠴᠡ


ᠵᠤᠬᠢᠶᠠᠭᠴᠢ ᠶᠢᠨ ᠬᠠᠶ‍ᠢᠭ ᠄ ᠲᠦᠰᠢᠶᠠᠳᠤ

ᠵᠤᠬᠢᠶᠠᠭᠴᠢ᠄ ᠢᠳᠡᠷᠭᠦᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3189
ᠴᠠᠭ᠄ 2010 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ