ᠨᠡᠪᠲᠡᠷᠡᠨ ᠤᠷᠤᠬᠤ
ᠴᠢᠩᠭᠢᠰ ᠬᠠᠭᠠᠨ ᠤ ᠤᠩᠭ᠋ᠤᠨ ᠤ ᠰᠢᠳᠦᠭᠡᠨ ᠰᠠᠬᠢᠭᠴᠢ ᠳᠠᠷᠬᠠᠳ

ᠴᠢᠩᠭᠢᠰ ᠬᠠᠭᠠᠨ ᠤ ᠣᠩᠭ᠋ᠤᠨ ᠤ ᠣᠷᠢᠤᠨ ᠪᠠᠶ᠎ᠠ ᠶᠢ ᠴᠢᠩᠭᠢᠰ ᠬᠠᠭᠠᠨ ᠤ ᠨᠠᠢᠮᠠᠨ ᠴᠠᠭᠠᠨ ᠣᠷᠳᠤᠨ ᠭᠡᠮᠡᠨ ᠨᠠᠷᠠᠯᠠᠵᠤ ᠪᠠᠢ᠌ᠪᠠ᠃ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠵᠢᠴᠢ ᠣᠯᠠᠨ ᠰᠢᠳᠦᠭᠡᠨ ᠪᠦᠭᠦᠢ ᠣᠷᠳᠤᠰ ᠠᠢ᠌ᠮᠠᠭ ᠲᠤ《ᠳᠠᠷᠬᠠᠤᠨ》ᠭᠡᠮᠡᠭᠦ ᠨᠢᠭᠡᠨ ᠠᠢ᠌ᠮᠠᠭ ᠣᠯᠤᠰ ᠪᠠᠢ᠌ᠳᠠᠭ᠃ ᠳᠠᠷᠬᠠᠤᠨ ᠭᠡᠮᠡᠭᠦ ᠨᠢ ᠳᠠᠷᠬᠠᠨ ᠡᠴᠠ ᠢᠷᠠᠯᠳᠠ ᠲᠡᠶ᠃ ᠳᠠᠷᠬᠠᠨ ᠨᠢ ᠠᠷᠢᠭᠤᠨ ᠳᠠᠷᠬᠠᠨ ᠭᠡᠮᠡᠭᠦ ᠣᠤᠠᠬ᠎ᠠ ᠲᠡᠶ᠂ ᠳᠠᠷᠬᠠᠤᠨ ᠨᠢ ᠳᠠᠷᠬᠠᠨ ᠤ ᠣᠯᠠᠨ ᠳᠤᠭ᠎ᠠ᠃ ᠳᠠᠷᠤᠢ ᠠᠷᠢᠭᠤᠨ ᠳᠠᠷᠬᠠᠨ ᠡᠭᠦᠷᠭᠡ ᠲᠡᠶ ᠭᠦᠮᠦᠰ ᠭᠡᠰᠡᠨ ᠣᠤᠠᠬ᠎ᠠ ᠲᠡᠶ᠃ ᠡᠵᠡᠨ ᠤ ᠨᠠᠢᠮᠠᠨ ᠴᠠᠭᠠᠨ ᠣᠷᠳᠤ ᠪᠠ ᠡᠵᠡᠨ ᠤ ᠰᠦᠯᠳᠡ ᠶᠢ ᠰᠠᠭᠢᠨ ᠬᠠᠮᠠᠭᠠᠯᠠᠬᠤ ᠪᠠ ᠳᠠᠢ᠌ᠯᠭ᠎ᠠ ᠳᠠᠭᠢᠯᠭ᠎ᠠ ᠥᠢᠯᠡᠦᠡᠭᠦ ᠪᠣᠯ ᠳᠠᠷᠬᠠᠤᠨ ᠭᠦᠮᠦᠰ ᠤᠨ ᠠᠷᠢᠭᠤᠨ ᠳᠠᠷᠬᠠᠨ ᠡᠭᠦᠷᠭᠡ ᠪᠣᠯᠤᠨ᠎ᠠ᠃ ᠳᠠᠷᠬᠠᠤᠨ ᠪᠣᠯ ᠶᠡᠭᠡ ᠮᠤᠩᠭ᠋ᠤᠯ ᠣᠯᠤᠰ ᠤᠨ ᠦᠶ᠎ᠡ ᠳᠤ ᠪᠣᠢ ᠪᠣᠯᠵᠤ᠂ ᠶᠤᠸᠠᠨ ᠭᠦᠷᠤᠨ ᠤ ᠬᠤᠪᠢᠯᠠᠢ ᠶᠢᠨ ᠦᠶ᠎ᠡ ᠡᠴᠠ ᠡᠭᠢᠯᠡᠨ ᠳᠤᠰᠬᠠᠢ᠌ᠯᠠᠨ ᠳᠠᠢ᠌ᠯᠭ᠎ᠠ ᠬᠠᠮᠢᠶᠠᠷᠴᠤ ᠡᠷᠭᠢᠯᠡᠳᠡᠭ᠌ ᠳᠠᠢ᠌ᠰᠢ᠂ ᠵᠠᠢ᠌ᠰᠠᠩ᠂ ᠬᠤᠠᠵᠢᠨ᠂ ᠴᠠᠷᠪᠢ ᠵᠡᠷᠭᠡ ᠪᠠᠷ ᠳᠡᠷᠢᠭᠦᠯᠡᠭᠦᠯᠦᠭ᠍ᠰᠡᠨ ᠶᠠᠮᠤᠳᠠᠤᠨ ᠢ ᠪᠠᠢ᠌ᠭᠤᠯᠵᠤ᠂ ᠳᠦᠷᠪᠡᠨ ᠴᠠᠭ ᠤᠨ ᠳᠠᠭᠢᠯᠭ᠎ᠠ ᠬᠤᠷᠢᠮ ᠡᠷᠭᠢᠯᠡᠭᠦᠯᠵᠡᠢ᠃ 15 ᠳ᠋ᠤᠭᠠᠷ ᠵᠠᠭᠤᠨ ᠳᠤ ᠪᠣᠭᠤᠷᠴᠤ᠂ ᠮᠤᠬᠤᠯᠠᠢ᠂ ᠪᠣᠷᠤᠬᠤᠯ᠂ ᠴᠢᠯᠠᠭᠤᠨ ᠨᠡᠷ ᠤᠨ ᠬᠣᠢ᠌ᠴᠢᠰ ᠶᠢᠡᠷ ᠳᠡᠷᠢᠭᠦᠯᠡᠭᠦᠯᠦᠭ᠍ᠰᠡᠨ ᠭᠡᠰᠢᠭ᠍ᠳᠡᠨ ᠨᠤᠶᠠᠨ ᠤ ᠬᠠᠷᠢᠶ᠎ᠠ ᠶᠢᠨ ᠳᠠᠪᠤᠨ ᠵᠠᠭᠤᠨ ᠡᠷᠦᠭᠡ ᠭᠦᠮᠦᠰ ᠠᠯᠪᠠᠨ ᠳᠤᠰᠢᠶᠠᠯ ᠡᠴᠠ ᠪᠠᠨ ᠰᠠᠯᠵᠤ᠂ ᠠᠯᠪᠠ ᠭᠠᠢ᠌ᠯᠢ ᠡᠴᠠ ᠴᠢᠯᠦᠭᠡᠯᠡᠭ᠍ᠳᠡᠨ᠂ ᠰᠢᠨᠡᠭᠡᠨ ᠪᠦᠷᠢᠯᠳᠦᠭ᠍ᠰᠡᠨ ᠨᠠᠢᠮᠠᠨ ᠴᠠᠭᠠᠨ ᠣᠷᠳᠤᠨ ᠳᠤ ᠬᠠᠭᠠᠨ ᠲᠦᠷᠦ ᠶᠢᠨ ᠳᠦᠷᠪᠡᠨ ᠴᠠᠭ ᠤᠨ ᠳᠠᠭᠢᠯᠭ᠎ᠠ᠂ ᠬᠤᠷᠢᠮ ᠪᠣᠯᠤᠨ ᠰᠦᠯᠳᠡ ᠳᠠᠭᠢᠯᠭ᠎ᠠ ᠪᠠᠨ ᠥᠷᠭᠦᠯᠵᠢᠯᠡᠨ ᠭᠦᠢᠴᠡᠦᠡᠭᠡᠭᠦ ᠪᠠᠷ ᠳᠤᠰᠬᠠᠢ᠌ᠯᠠᠨ ᠳᠤᠮᠢᠯᠠᠭᠳᠠᠭᠰᠠᠨ ᠡᠴᠠ ᠰᠢᠷ᠎ᠠ ᠳᠠᠷᠬᠠᠤᠨ ᠭᠡᠵᠤ ᠨᠡᠷᠡᠯᠡᠭ᠍ᠳᠡᠵᠡᠢ᠃ ᠰᠢᠷ᠎ᠠ ᠳᠠᠷᠬᠠᠴᠤᠳ ᠤᠨ ᠭᠡᠳᠤᠨ ᠵᠠᠭᠤᠨ ᠤ ᠳᠤᠷᠰᠢ ᠰᠠᠭᠢᠨ ᠬᠠᠮᠠᠭᠠᠯᠠᠵᠤ᠂ ᠳᠠᠭᠢᠨ ᠰᠢᠳᠦᠭ᠍ᠰᠡᠭᠡᠷ ᠢᠷᠡᠭ᠍ᠰᠡᠨ ᠨᠡᠢᠮᠡᠨ ᠴᠠᠭᠠᠨ ᠣᠷᠳᠤᠨ ᠤ ᠳᠠᠢ᠌ᠯᠭ᠎ᠠ ᠳᠠᠭᠢᠯᠭ᠎ᠠ ᠶᠢᠨ ᠣᠯᠠᠮᠵᠢᠯᠠᠯᠳᠤ ᠶᠤᠰᠤ ᠵᠠᠩᠰᠢᠯ ᠨᠢ ᠣᠳᠤ ᠨᠢᠭᠡᠡᠳᠡ ᠮᠤᠩᠭ᠋ᠤᠯ ᠦᠨᠳᠦᠰᠦᠳᠠᠨ ᠤ ᠡᠷᠭᠢᠮ ᠴᠤᠬᠠᠭ ᠰᠤᠶᠤᠯ ᠤᠨ ᠦᠪ ᠭᠦᠷᠦᠩᠭᠡ ᠶᠢᠨ ᠬᠤᠪᠢ ᠪᠠᠷ ᠣᠯᠤᠰ ᠤᠨ ᠳᠠᠰ ᠤᠨ ᠪᠣᠳᠠᠰ ᠤᠨ ᠪᠣᠰᠤ ᠰᠤᠶᠤᠯ ᠤᠨ ᠦᠪ ᠭᠦᠷᠦᠩᠭᠡ ᠳᠤ ᠳᠠᠩᠰᠠᠯᠠᠭᠳᠠᠵᠠᠢ᠃ 《ᠰᠢᠷ᠎ᠠ ᠳᠠᠷᠬᠠᠤᠨ》ᠭᠡᠵᠤ ᠨᠡᠷᠡᠯᠡᠭ᠍ᠰᠡᠨ ᠳᠤᠬᠠᠢ ᠬᠤᠶᠠᠷ ᠵᠣᠢ᠌ᠯ ᠤᠨ ᠭᠡᠯᠡᠯᠭᠡ ᠲᠡᠶ᠃ ᠨᠢᠭᠡ ᠨᠢ ᠴᠢᠩᠭᠢᠰ ᠬᠠᠭᠠᠨ ᠤ ᠠᠯᠳᠠᠨ ᠴᠤᠮᠴᠤᠭ ᠢ ᠰᠠᠭᠢᠨ ᠬᠠᠮᠠᠭᠠᠯᠠᠭᠰᠠᠨ ᠡᠴᠠ《 ᠰᠢᠷ᠎ᠠ ᠳᠠᠷᠬᠠᠤᠨ 》 ᠭᠡᠵᠤ ᠭᠡᠨ᠎ᠡ᠃ ᠪᠠᠰᠠ ᠨᠢᠭᠡ ᠨᠢ ᠬᠤᠪᠢᠯᠠᠢ ᠰᠠᠴᠠᠨ ᠬᠠᠭᠠᠨ ᠤ ᠰᠢᠷ᠎ᠠ ᠪᠢᠴᠢᠭ᠌ ᠤᠨ ᠵᠠᠷᠯᠢᠭ ᠶᠢᠡᠷ ᠳᠠᠷᠬᠠᠤᠨ ᠢ ᠳᠤᠭᠳᠠᠭᠠᠭᠰᠠᠨ ᠪᠣᠯᠬᠤᠷ《ᠰᠢᠷ᠎ᠠ ᠳᠠᠷᠬᠠᠤᠨ》 ᠭᠡᠵᠤ ᠭᠡᠨ᠎ᠡ᠃


ᠳᠠᠷᠬᠠᠤᠨ ᠤᠨ ᠳᠡᠦᠭᠡᠨ ᠥᠩᠭᠡᠷᠡᠯᠳᠡ


ᠴᠢᠩᠭᠢᠰ ᠬᠠᠭᠠᠨ ᠨᠠᠰᠤ ᠨᠥᠭ᠍ᠴᠢᠵᠤ ᠣᠷᠤᠰᠢᠭᠤᠯᠤᠭᠰᠠᠨ ᠤ ᠳᠠᠷᠠᠭ᠎ᠠ ᠳᠡᠭᠦᠨ ᠤ ᠭᠡᠷᠢᠶᠡᠰᠤᠨ ᠵᠣᠢ᠌ᠯ 《ᠶᠡᠷᠦᠩᠭᠡᠢ ᠶᠢᠨ ᠰᠢᠳᠦᠭᠡᠨ》 ᠢ ᠰᠠᠭᠢᠨ ᠬᠠᠮᠠᠭᠠᠯᠠᠵᠤ ᠳᠠᠢ᠌ᠯᠭ᠎ᠠ ᠳᠠᠭᠢᠯᠭ᠎ᠠ ᠭᠦᠢᠴᠡᠦᠡᠭᠡᠳᠡᠭ᠌ ᠭᠦᠮᠦᠰ ᠪᠣᠢ ᠪᠣᠯᠵᠠᠢ᠃ ᠴᠢᠩᠭᠢᠰ ᠬᠠᠭᠠᠨ ᠤ ᠭᠡᠷᠢᠶᠡᠰᠤᠨ《ᠶᠡᠷᠦᠩᠭᠡᠢ ᠶᠢᠨ ᠰᠢᠳᠦᠭᠡᠨ 》 ᠤ ᠴᠠᠭᠠᠨ ᠣᠷᠳᠤ ᠪᠣᠰᠬᠠᠬᠤ ᠳᠤ ᠴᠢᠩᠭᠢᠰ ᠬᠠᠭᠠᠨ ᠤ ᠥᠷᠯᠦᠭ᠌ ᠪᠣᠭᠤᠷᠴᠤ ᠵᠡᠷᠭᠡ ᠵᠣᠢ᠌ᠯ ᠣᠪᠣᠭᠳᠠᠨ ᠭᠦᠮᠦᠰ ᠰᠠᠭᠢᠨ ᠳᠠᠭᠢᠵᠠᠢ᠃ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠵᠤ ᠳᠠᠢ᠌ᠯᠭ᠎ᠠ ᠳᠠᠭᠢᠯᠭ᠎ᠠ ᠭᠦᠢᠴᠡᠦᠡᠭᠡᠳᠡᠭ᠌ ᠴᠢᠩᠭᠢᠰ ᠬᠠᠭᠠᠨ ᠤ ᠭᠦᠯᠦᠭ᠌ ᠪᠣᠭᠤᠷᠴᠤ ᠪᠠᠷ ᠳᠡᠷᠢᠭᠦᠯᠡᠭᠦᠯᠦᠭ᠍ᠰᠡᠨ ᠵᠣᠢ᠌ᠯ ᠣᠪᠣᠭᠳᠠᠨ ᠢ ᠶᠡᠷᠦᠩᠭᠡᠢ ᠳ᠋ᠤᠨᠢ ᠣᠷᠳᠤᠰ ᠭᠦᠮᠤᠨ ᠭᠡᠳᠡᠭ᠌᠃ ᠣᠷᠳᠤᠰ ᠭᠡᠳᠡᠭ᠌ ᠨᠢ ᠣᠷᠳᠤ ᠶᠢᠨ ᠣᠯᠠᠨ ᠳᠤᠭ᠎ᠠ ᠶᠢ ᠢᠯᠡᠦᠡᠭᠡᠭ᠍ᠰᠡᠨ ᠥᠭᠡ ᠮᠦᠨ᠃ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠵᠡᠷᠭᠡ ᠣᠯᠠᠨ ᠣᠷᠳᠤ ᠶᠢᠨ ᠳᠦᠯᠦᠭᠡᠨ ᠤ ᠨᠠᠷ᠎ᠠ᠃ ᠳᠡᠳᠡᠭᠡᠷ ᠢ ᠰᠠᠭᠢᠭᠰᠠᠨ ᠭᠦᠮᠦᠰ ᠢ ᠣᠷᠳᠤᠰᠴᠤᠳ ᠭᠡᠮᠡᠳᠡᠭ᠌᠃

ᠣᠷᠳᠤᠰ ᠠᠢ᠌ᠮᠠᠭ ᠤᠨ ᠨᠢᠭᠡ ᠭᠡᠰᠡᠭ᠌ ᠪᠣᠯᠬᠤ ᠳᠠᠷᠬᠠᠤᠠᠴᠤᠳ᠂ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠪᠣᠢ ᠪᠣᠯᠤᠭᠰᠠᠨ ᠡᠴᠠ ᠨᠠᠰᠢ ᠦᠶ᠎ᠡ ᠣᠯᠠᠷᠢᠨ ᠰᠠᠭᠢᠨ ᠳᠠᠢ᠌ᠭᠰᠠᠭᠠᠷ ᠢᠷᠡᠭ᠍ᠰᠡᠨ ᠪᠢᠯᠠ᠃ ᠥᠩᠭᠡᠷᠡᠭ᠍ᠰᠡᠨ ᠤ ᠬᠠᠳᠠᠭᠤ ᠪᠠᠷᠭᠡ ᠨᠥᠭᠦᠴᠡᠯ ᠳᠤᠤᠷ᠎ᠠ ᠥᠷᠭᠦᠯᠵᠢ ᠰᠢᠯᠵᠢᠨ ᠨᠡᠭᠦᠵᠤ ᠪᠠᠢ᠌ᠭᠰᠠᠨ ᠴᠤ ᠴᠢᠩᠭᠢᠰ ᠬᠠᠭᠠᠨ ᠤ ᠰᠢᠳᠦᠭᠡᠨ ᠢ ᠬᠠᠮᠠᠭᠠᠯᠠᠨ᠂ ᠠᠷᠪᠠᠨ ᠭᠤᠷᠪᠠᠳᠤᠭᠠᠷ ᠵᠠᠭᠤᠨ ᠤ ᠳᠠᠢ᠌ᠯᠭ᠎ᠠ ᠳᠠᠭᠢᠯᠭ᠎ᠠ ᠶᠢᠨ ᠰᠤᠶᠤᠯ ᠤᠨ ᠦᠪ ᠢ ᠪᠦᠷᠢᠨ ᠪᠦᠳᠤᠨ ᠬᠠᠳᠠᠭᠠᠯᠠᠭᠰᠠᠭᠠᠷ ᠢᠷᠠᠵᠠᠢ᠃ ᠳᠠᠷᠬᠠᠤᠨ ᠭᠡᠮᠡᠭᠦ ᠨᠠᠷ᠎ᠠ ᠶᠢ ᠬᠤᠪᠢᠯᠠᠢ ᠬᠠᠭᠠᠨ ᠤ ᠦᠶ᠎ᠡ ᠡᠴᠠ ᠭᠡᠷᠡᠭᠯᠡᠵᠡᠢ᠃ ᠡᠭᠦᠨ ᠡᠴᠠ ᠡᠮᠤᠨ᠎ᠡ᠂ ᠡᠳᠡᠭᠡᠷ ᠭᠦᠮᠦᠰ ᠢ ᠬᠡᠳᠦᠢ᠌ᠪᠡᠷ ᠠᠯᠪᠠ ᠭᠤᠪᠴᠢᠭᠤᠷ ᠡᠴᠠ ᠴᠢᠯᠦᠭᠡᠯᠡᠨ ᠳᠠᠷᠬᠠᠯᠠᠭᠰᠠᠨ ᠪᠣᠯᠪᠠᠴᠤ《ᠳᠠᠷᠬᠠᠤᠨ》 ᠭᠡᠮᠡᠨ ᠵᠢᠩᠭᠢᠨᠢ ᠨᠡᠷᠡᠯᠡᠭᠡ ᠦᠭᠡᠶ᠂ ᠮᠦᠨ ᠯᠠ《ᠣᠷᠳᠤ ᠰᠠᠭᠢᠭᠴᠢ》ᠭᠡᠵᠤ ᠪᠠᠢ᠌ᠵᠠᠢ᠃

ᠦᠨ ᠤ ᠲᠦᠷᠦ ᠶᠢᠨ ᠬᠤᠪᠢᠯᠠᠢ ᠬᠠᠭᠠᠨ ᠡᠴᠠ《 ᠁ ᠳᠡᠭᠡᠳᠤ ᠡᠪᠦᠭᠡ ᠶᠤᠬᠡᠨ ᠳᠠᠢ᠌ᠽᠤ ᠴᠢᠩᠭᠢᠰ ᠬᠠᠭᠠᠨ ᠤ ᠢᠵᠠᠭᠤᠷ ᠣᠷᠤᠰᠢᠭᠤᠯᠤᠭᠰᠠᠨ ᠡᠷᠳᠡᠨᠢ ᠶᠢᠨ ᠭᠦᠮᠦᠷᠭᠡ ᠠᠯᠳᠠᠨ ᠳᠠᠪᠴᠠᠩ ᠪᠠ ᠠᠯᠳᠠ ᠮᠦᠩᠭᠦᠨ ᠵᠣᠢ᠌ᠯ ᠰᠠᠪᠠ ᠶᠢ ᠬᠤᠷᠢᠶᠠᠬᠤ ᠨᠠᠢᠮᠠᠨ ᠴᠠᠭᠠᠨ ᠣᠷᠳᠤ ᠭᠡᠷ ᠢ ᠳᠤᠰ ᠳᠤᠰ ᠪᠠᠢ᠌ᠭᠤᠯᠵᠤ ᠁ ᠮᠦᠨ ᠭᠦ ᠭᠡᠪ ᠶᠢᠡᠷ ᠬᠠᠭᠤᠴᠢᠨ ᠰᠠᠢ᠌ᠳ ᠭᠦᠯᠦᠭ᠌ ᠪᠣᠭᠤᠷᠴᠤ ᠶᠢᠨ ᠦᠷ᠎ᠡ ᠭᠦᠪᠠᠭᠦᠨ ᠣᠬᠠᠭᠠᠠᠳᠤ ᠮᠡᠷᠭᠡᠨ ᠴᠠᠷᠪᠢ ᠳᠠᠨ ᠭᠡᠳᠤᠨ ᠭᠦᠮᠤᠨ ᠢ ᠳᠠᠢ᠌ᠱᠢ᠂ ᠳᠠᠢ᠌ᠪᠣᠤ᠂ ᠵᠠᠢ᠌ᠰᠠᠩ᠂ ᠬᠤᠡᠭᠵᠢᠨ ( ᠬᠤᠠᠵᠢᠨ ) ᠭᠡᠮᠡᠭᠦ ᠳᠦᠷᠪᠡᠨ ᠴᠤᠯᠠ ᠪᠠ ᠪᠠᠰᠠ ᠰᠤᠯᠠ ᠠᠷᠠᠤᠨ ᠡᠴᠠ ᠳᠤᠤᠯᠢ᠂ ᠭᠦᠭᠦᠭᠡ᠂ ᠴᠠᠷᠪᠢ᠂ ᠬᠠᠰᠠᠭ᠎ᠠ᠂ ᠲᠦᠮᠡᠳᠤ᠂ ᠮᠢᠩᠭ᠋ᠠᠳᠤ ᠵᠠᠭᠤᠳᠤ ᠭᠡᠮᠡᠭᠦ ᠪᠠᠭ᠎ᠠ ᠶᠠᠮᠤᠰ ᠢ ᠳᠠᠯᠪᠢᠵᠤ》ᠳᠤᠭᠢᠷᠠᠭᠤᠯᠵᠠᠢ᠃

ᠴᠢᠩᠭᠢᠰ ᠬᠠᠭᠠᠨ ᠤ ᠨᠠᠢᠮᠠᠨ ᠴᠠᠭᠠᠨ ᠣᠷᠳᠤ 15 ᠳ᠋ᠤᠭᠠᠷ ᠵᠠᠭᠤᠨ ᠤ ᠦᠶ᠎ᠡ ᠪᠠᠷ ᠵᠢᠨᠤᠩ ᠪᠣᠯᠤᠨ ᠣᠷᠳᠤᠰ ᠲᠦᠮᠡᠨ ᠤ ᠮᠠᠳᠠᠯ ᠳᠤ ᠪᠠᠢ᠌ᠵᠤ᠂ ᠮᠤᠩᠭ᠋ᠤᠯ ᠲᠦᠷᠦ ᠶᠢᠨ ᠬᠤᠪᠢᠷᠠᠯᠳᠠ ᠶᠢ ᠳᠠᠭᠠᠯᠳᠤᠨ ᠪᠣᠷᠤᠳᠤᠬᠤᠢ ᠣᠷᠤᠨ ᠳᠤ ᠣᠷᠤᠵᠤ ᠢᠷᠠᠨ ᠣᠷᠳᠤᠰ ᠨᠤᠳᠤᠭ ᠲᠤ ᠳᠦᠪᠯᠠᠷᠠᠵᠠᠢ᠃ ᠣᠷᠳᠤᠰ ᠠᠢ᠌ᠮᠠᠭ ᠪᠣᠷᠤᠳᠤᠬᠤᠢ ᠳᠤ ᠨᠤᠳᠤᠭᠰᠢᠭᠰᠠᠨ ᠦᠶ᠎ᠡ ᠳᠤ ᠴᠤ ᠴᠠᠭ ᠤᠨ ᠪᠠᠢ᠌ᠳᠠᠯ ᠲᠦᠪᠰᠢᠨ ᠪᠣᠰᠤ ᠪᠠᠢ᠌ᠵᠤ᠂ ᠳᠠᠢ᠌ᠨ ᠤ ᠰᠠᠮᠠᠭᠤᠷᠠᠯ ᠥᠷᠭᠦᠯᠵᠢᠯᠡᠵᠤ ᠪᠠᠢ᠌ᠭᠰᠠᠨ ᠳᠤᠯᠠ᠂ ᠨᠠᠢᠮᠠᠨ ᠴᠠᠭᠠᠨ ᠣᠷᠳᠤ ᠣᠷᠳᠤᠰ ᠠᠢ᠌ᠮᠠᠭ ᠢ ᠳᠠᠭᠠᠯᠳᠤᠨ ᠮᠦᠨ ᠨᠠᠰᠢ ᠴᠠᠰᠢ ᠨᠡᠭᠦᠨ ᠰᠢᠯᠵᠢᠵᠤ ᠪᠠᠢ᠌ᠪᠠ᠃

ᠵᠢᠨᠤᠩ ᠭᠡᠳᠡᠭ᠌ ᠨᠢ《 ᠶᠢᠨ ᠸᠠᠩ 》 ᠤᠨ ᠠᠪᠢᠶ᠎ᠠ ᠬᠤᠪᠢᠷᠠᠭᠰᠠᠨ ᠳᠠᠭᠤᠳᠠᠯᠭ᠎ᠠ᠃ ᠵᠢᠨᠤᠩ ᠳᠤᠰᠢᠶᠠᠯ ᠳᠤ ᠬᠠᠭᠠᠨ ᠤ ᠭᠤᠤᠯ ᠣᠭᠰᠠᠭᠠᠨ ᠤ ᠦᠷ᠎ᠡ ᠬᠣᠢ᠌ᠴᠢᠰ ᠡᠴᠠ ᠳᠤᠮᠢᠯᠠᠵᠤ ᠪᠠᠢ᠌ᠪᠠ᠃ ᠵᠢᠨᠤᠩ ᠨᠢ ᠬᠠᠭᠠᠨ ᠤ ᠵᠠᠯᠭᠠᠮᠵᠢ ᠪᠣᠯᠵᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠶᠢ ᠡᠷᠭᠢᠯᠡᠨ ᠶᠠᠪᠣᠭᠤᠯᠳᠠᠭ᠃ ᠦᠨ ᠤ ᠲᠦᠷᠦ ᠶᠢᠨ ᠦᠶ᠎ᠡ ᠳᠤ ᠬᠤᠪᠢᠯᠠᠢ ᠰᠠᠴᠠᠨ ᠬᠠᠭᠠᠨ ᠤ ᠠᠴᠢ ᠭᠦᠪᠠᠭᠦᠨ ᠭᠠᠮᠠᠯ ᠵᠡᠷᠭᠡ ᠭᠦᠮᠦᠰ ᠳᠤᠮᠢᠯᠠᠭᠳᠠᠵᠤ ᠪᠠᠢ᠌ᠵᠠᠢ᠃ ᠵᠢᠨᠤᠩ ᠤᠨ ᠮᠠᠳᠠᠯ ᠳᠤ ᠭᠤᠪᠢ ᠶᠢᠨ ᠠᠷᠤ ᠶᠢᠨ ᠮᠤᠩᠭ᠋ᠤᠯ ᠤᠨ ᠡᠭᠡ ᠨᠤᠳᠤᠭ᠂ ᠳᠡᠭᠦᠡᠴᠢᠯᠡᠨ ᠴᠢᠩᠭᠢᠰ ᠬᠠᠭᠠᠨ ᠤ ᠱᠠᠷᠢᠯ ᠢ ᠣᠷᠤᠰᠢᠭᠤᠯᠤᠭᠰᠠᠨ ᠪᠣᠷᠬᠠᠨ ᠬᠠᠯᠳᠤᠨ ᠤ ᠶᠡᠭᠡ ᠬᠤᠷᠢᠭ ᠪᠠᠭᠳᠠᠵᠤ ᠪᠠᠢ᠌ᠪᠠ᠃ ᠡᠭᠦᠨ ᠳᠤ᠂ ᠭᠡᠯᠡᠯᠭᠡᠨ ᠦᠭᠡᠶ ᠮᠤᠩᠭ᠋ᠤᠯ ᠤᠨ ᠬᠠᠭᠠᠠᠳᠤ ᠣᠯᠤᠰ ᠤᠨ ᠴᠢᠬᠤᠯᠠ ᠰᠢᠳᠦᠭᠡᠨ ᠪᠣᠯᠬᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠵᠤ ᠪᠠᠢ᠌ᠭᠰᠠᠨ ᠣᠷᠳᠤᠰ ᠮᠤᠩᠭ᠋ᠤᠯᠴᠤᠳ ᠪᠠᠭᠳᠠᠬᠤ ᠶᠤᠮ᠃

ᠣᠮᠠᠷᠠᠳᠤ ᠦᠨ ᠣᠯᠤᠰ ᠤᠨ ᠡᠭᠢᠨ ᠤ ᠦᠶ᠎ᠡ ᠳᠤ ᠵᠢᠨᠤᠩ ᠨᠢ ᠬᠠᠭᠠᠨ ᠤ ᠳᠠᠷᠠᠭ᠎ᠠ ᠳᠠᠰ ᠤᠨ ᠳᠤᠰᠢᠶᠠᠯ ᠳᠤ ᠪᠠᠢ᠌ᠵᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠡᠷᠭᠢᠯᠡᠨ ᠳᠠᠭᠢᠵᠤ ᠪᠠᠢ᠌ᠪᠠ᠃ ᠣᠷᠳᠤ ᠣᠳᠠᠭᠠᠨ ᠬᠤᠭᠤᠴᠠᠭᠠᠨ ᠤ ᠳᠡᠦᠭᠡ ᠶᠢᠨ ᠶᠠᠪᠣᠴᠠ ᠳᠤᠮᠳᠠ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠶᠢᠨ ᠶᠤᠰᠤᠯᠠᠯ ᠢ ᠵᠢᠨᠤᠩ ᠨᠤᠶᠠᠨ ᠡᠭᠢᠯᠡᠭᠦᠯᠤᠨ ᠡᠷᠭᠢᠯᠡᠵᠤ ᠳᠠᠢ᠌ᠱᠢ᠂ ᠳᠠᠢ᠌ᠪᠣᠤ᠂ ᠵᠠᠢ᠌ᠰᠠᠩ ᠬᠤᠠᠵᠢᠨ᠂ ᠭᠦᠭᠦᠭᠡ᠂ ᠳᠤᠤᠯᠢ᠂ ᠬᠠᠰᠠᠭ᠎ᠠ ᠭᠡᠮᠡᠭᠦ ᠨᠠᠢᠮᠠᠨ ᠶᠠᠮᠤᠳᠠᠤᠨ ᠤᠨ ᠳᠤᠰᠢᠶᠠᠯᠳᠠᠨ ᠡᠴᠠ ᠭᠠᠷᠳᠠᠨ ᠭᠢᠵᠤ ᠭᠦᠢᠴᠡᠦᠡᠭᠡᠳᠡᠭ᠌ ᠪᠣᠯᠤᠭᠰᠠᠨ ᠪᠠᠢ᠌ᠨ᠎ᠠ᠃

ᠮᠤᠩᠭ᠋ᠤᠯᠴᠤᠳ ᠳᠠᠢ᠌ᠴᠢᠩ ᠭᠦᠷᠤᠨ ᠳᠤ ᠨᠤᠶᠠᠷᠬᠠᠭᠳᠠᠭᠰᠠᠨ ᠤ ᠳᠠᠷᠠᠭ᠎ᠠ᠂ ᠡᠶᠡᠪᠠᠷ ᠵᠠᠰᠠᠭᠴᠢ ᠬᠠᠭᠠᠨ ᠡᠴᠠ ᠮᠤᠩᠭ᠋ᠤᠯ ᠤᠨ ᠯᠢᠭ᠍ᠳᠡᠨ ᠬᠠᠭᠠᠨ ᠤ ᠣᠭᠴᠠᠷᠠᠭᠤᠯᠤᠭᠰᠠᠨ ᠣᠷᠳᠤᠰ ᠤᠨ ᠡᠷᠢᠡᠴᠢᠨ ᠵᠢᠨᠤᠩ ᠤᠨ ᠵᠢᠨᠤᠩ ᠳᠤᠰᠢᠶᠠᠯ ᠢ ᠡᠷᠢᠡᠴᠢᠨ ᠳᠤ ᠳᠠᠭᠢᠨ ᠥᠭ᠍ᠴᠤ ᠳᠤᠮᠢᠯᠠᠪᠠ ᠃ ᠡᠩᠭᠡ ᠠᠮᠤᠭᠤᠯᠠᠩ ᠬᠠᠭᠠᠨ ᠣᠷᠳᠤᠰ ᠳ᠋ᠠᠭᠢ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠳᠠᠭᠢᠯᠭ᠎ᠠ ᠶᠢᠨ ᠶᠠᠪᠣᠳᠠᠯ ᠢ ᠬᠠᠤᠯᠢ ᠶᠤᠰᠤᠨ ᠤ ᠭᠢ ᠪᠣᠯᠭᠠᠨ ᠳᠤᠷᠠᠤᠠᠴᠠᠢ᠃ ᠴᠢᠩ ᠤᠨ ᠲᠦᠷᠦ ᠡᠴᠠ ᠮᠤᠩᠭ᠋ᠤᠯᠴᠤᠳ ᠲᠤ ᠬᠤᠰᠢᠭᠤ ᠴᠢᠭᠤᠯᠭᠠᠨ ᠤ ᠪᠠᠢ᠌ᠭᠤᠯᠤᠮᠵᠢ ᠶᠢᠨ ᠳᠦᠷᠢᠮ ᠢ ᠭᠡᠷᠡᠭ᠍ᠵᠢᠭᠦᠯᠵᠤ ᠭᠠᠵᠠᠷ ᠨᠤᠳᠤᠭ ᠳᠤᠭᠳᠠᠭᠠᠨ ᠬᠤᠪᠢᠶᠠᠵᠤ ᠂ 1649 ᠣᠨ ᠳᠤ ᠣᠷᠳᠤᠰ ᠢ ᠨᠢᠭᠡ ᠴᠢᠭᠤᠯᠭᠠᠨ ᠪᠣᠯᠭᠠᠵᠠᠢ᠃ ᠡᠭᠦᠨ ᠤ ᠬᠠᠮᠳᠤ᠂ ᠪᠠᠰᠠ ᠴᠢᠩᠭᠢᠰ ᠬᠠᠭᠠᠨ ᠤ ᠭᠦᠯᠦᠭ᠌ ᠪᠣᠭᠤᠷᠴᠤ ᠶᠢᠨ ᠬᠣᠢ᠌ᠴᠢ ᠦᠶ᠎ᠡ ᠵᠡᠷᠭᠡ ᠴᠢᠩᠭᠢᠰ ᠬᠠᠭᠠᠨ ᠤ ᠥᠷᠯᠦᠭ᠌ ᠪᠠᠭᠠᠳᠤᠷ ᠠᠠᠳᠠ ᠨᠡᠷ ᠤᠨ ᠬᠣᠢ᠌ᠴᠢᠰ ᠢ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠳᠤ ᠳᠠᠢ᠌ᠯᠭ᠎ᠠ ᠳᠠᠭᠢᠯᠭ᠎ᠠ ᠡᠷᠭᠦᠳᠡᠭ᠌ ᠨᠢᠭᠡ ᠪᠦᠯᠦᠭ᠌ ᠨᠠᠢ᠌ᠳᠠ ᠳᠠᠪᠤᠨ ᠵᠠᠭᠤᠨ ᠡᠷᠦᠭᠡ ᠭᠦᠮᠦᠰ ᠢ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠵᠡᠷᠭᠡ ᠶᠠᠪᠣᠳᠠᠯ ᠳᠤ ᠥᠢᠯᠡᠴᠢᠯᠡᠭᠦᠯᠤᠨ ᠳᠠᠷᠬᠠᠯᠠᠪᠠ᠃ ᠳᠠᠷᠬᠠᠤᠨ ᠤᠳ ᠲᠦᠷᠦ ᠳᠤ ᠠᠯᠪᠠ ᠳᠠᠳᠠᠪᠣᠷᠢ ᠦᠭᠡᠶ ᠭᠠᠭᠴᠠ ᠭᠦ ᠡᠷᠦᠭᠡ ᠪᠦᠷᠢ ᠨᠢᠭᠡ ᠯᠠᠩ ᠮᠦᠩᠭᠦ ᠭᠠᠷᠭᠠᠵᠤ ᠳᠠᠪᠤᠨ ᠵᠠᠭᠤᠨ ᠯᠠᠩ ᠮᠦᠩᠭᠦᠨ ᠶᠢᠡᠷ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠵᠡᠷᠭᠡ ᠶᠠᠪᠣᠳᠠᠯ ᠳᠤ ᠭᠡᠷᠡᠭᠯᠡᠭᠦᠯᠳᠡᠭ᠌᠃ ᠪᠣᠰᠤᠳ ᠳᠤᠯᠤᠭᠠᠨ ᠬᠤᠰᠢᠭᠤᠨ ᠤ ᠣᠷᠳᠤᠰᠴᠤᠳ ᠡᠭᠦᠨ ᠡᠴᠠ ᠡᠭᠢᠯᠡᠨ ᠴᠢᠩ ᠤᠨ ᠲᠦᠷᠦ ᠶᠢᠨ ᠠᠯᠪᠠᠳᠤ ᠠᠷᠠᠤᠨ ᠪᠣᠯᠵᠤ ᠴᠢᠩ ᠤᠨ ᠲᠦᠷᠦ ᠳᠤ ᠥᠢᠯᠡᠴᠢᠯᠡᠭᠦ ᠪᠣᠯᠵᠠᠢ᠃ ᠡᠭᠦᠨ ᠢ ᠳᠠᠭᠠᠯᠳᠤᠨ ᠵᠢᠨᠤᠩ ᠤᠨ ᠳᠤᠰᠢᠶᠠᠯ ᠨᠢ ᠭᠠᠭᠴᠠ ᠭᠦ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠶᠢᠨ  ᠶᠤᠰᠤᠯᠠᠯ ᠤᠨ ᠡᠷᠭᠢᠯᠡᠨ ᠭᠦᠢᠴᠡᠦᠡᠭᠡᠭ᠍ᠴᠢ ᠪᠣᠯᠵᠤ᠂ ᠳᠠᠪᠤᠨ ᠵᠠᠭᠤᠨ ᠡᠷᠦᠭᠡ ᠳᠠᠷᠬᠠᠤᠨ ᠤᠨ ᠶᠠᠪᠣᠳᠠᠯ ᠢ ᠬᠠᠮᠢᠶᠠᠷᠬᠤ ᠪᠣᠯᠤᠭᠰᠠᠨ ᠪᠠᠢ᠌ᠨ᠎ᠠ ᠃

ᠳᠤᠮᠳᠠᠳᠤ ᠢᠷᠭᠡᠨ ᠣᠯᠤᠰ ᠤᠨ ᠡᠭᠢᠨ ᠦᠶ᠎ᠡ ᠳᠤ ᠮᠤᠩᠭ᠋ᠤᠯ ᠨᠤᠳᠤᠭ ᠲᠤ ᠬᠠᠷᠠᠭᠠᠯᠵᠠᠯ ᠥᠵᠡᠭᠦᠯᠤᠨ᠎ᠡ ᠭᠡᠵᠤ ᠨᠤᠶᠠᠷᠬᠠᠯ ᠢ ᠣᠭ ᠭᠡᠪ ᠶᠢᠡᠷ ᠥᠯᠡᠳᠡᠭᠡᠵᠤ ᠪᠠᠢ᠌ᠭᠰᠠᠨ ᠡᠴᠠ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠴᠤ ᠣᠤᠯ ᠶᠤᠰᠤᠭᠠᠷ ᠶᠠᠪᠣᠭᠳᠠᠵᠤ ᠪᠠᠢ᠌ᠵᠠᠢ᠃ 1937 ᠣᠨ ᠤ ᠯᠤ ᠭᠧᠤ ᠴᠢᠶᠤᠤ ᠭᠦᠭᠦᠷᠭᠡ ᠶᠢᠨ ᠭᠡᠷᠡᠭ᠌ ᠬᠤᠪᠢᠰᠤᠯ ᠤᠨ ᠳᠠᠷᠠᠭ᠎ᠠ᠂ ᠶᠠᠫᠣᠨ ᠡᠵᠡᠷᠭᠡᠭ᠌ ᠳᠦᠷᠢᠮᠡᠭᠡᠢ᠌ᠳᠡᠨ ᠪᠣᠷᠤᠳᠤᠬᠤᠢ ᠣᠷᠤᠨ ᠳᠤ ᠴᠦᠮᠤᠷᠢᠨ ᠣᠷᠤᠵᠤ ᠢᠷᠡᠭ᠍ᠰᠡᠨ ᠡᠴᠠ ᠣᠷᠳᠤᠰ ᠨᠤᠳᠤᠭ ᠥᠢᠮᠡᠭᠡᠨ ᠳᠦᠢᠪᠠᠭᠡᠨ ᠳᠡᠭ᠍ᠳᠡᠵᠤ ᠨᠡᠢ᠌ᠭᠡᠮ ᠤᠨ ᠪᠠᠢ᠌ᠳᠠᠯ ᠠᠮᠤᠷ ᠳᠤᠭᠳᠠᠭᠤᠨ ᠦᠭᠡᠶ ᠪᠣᠯᠵᠠᠢ᠃ ᠮᠦᠨ ᠴᠤ ᠶᠠᠫᠣᠨ ᠳᠡᠭᠡᠷᠡᠮᠴᠢᠤᠨ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠣᠤᠯᠭᠠᠯᠠᠨ ᠠᠪᠠᠴᠢᠬᠤ ᠪᠠᠷ ᠬᠤᠤᠪᠢᠯᠳᠤᠵᠤ ᠪᠠᠢ᠌ᠯ᠎ᠠ᠃ ᠡᠢ᠌ᠨᠭᠦ ᠱᠠᠭᠳᠠᠷᠵᠠᠪ ᠨᠤᠶᠠᠨ 1939 ᠣᠨ ᠤ 6 ᠰᠠᠷ᠎ᠠ ᠶᠢᠨ 11 ᠤ ᠡᠳᠦᠷ ᠭᠤᠮᠢᠠᠳᠠᠩ ᠤᠨ ᠳᠦᠪ ᠵᠠᠰᠠᠭ ᠤᠨ ᠣᠷᠳᠤᠨ ᠤ ᠬᠠᠪᠰᠤᠷᠤᠯᠭ᠎ᠠ ᠪᠠᠷ ᠥᠪᠠᠳᠡᠭ᠍ᠰᠢ ᠶᠡᠭᠡ ᠳᠠᠢ᠌ᠯᠭ᠎ᠠ ᠭᠢᠵᠤ᠂ ᠬᠠᠷ᠎ᠠ ᠰᠦᠯᠳᠡ᠂ ᠴᠢᠩᠭᠢᠰ ᠬᠠᠭᠠᠨ ᠤ ᠴᠢᠠᠳᠠᠷ ᠤᠨ ᠬᠠᠭᠤᠷᠴᠠᠭ᠂ ᠬᠤᠯᠠᠨ ᠬᠠᠳᠤᠨ ᠤ ᠴᠢᠠᠳᠠᠷ ᠤᠨ ᠬᠠᠭᠤᠷᠴᠠᠭ ᠵᠡᠷᠭᠡ ᠰᠢᠳᠦᠭᠡᠤᠨ ᠢ ᠪᠠᠷᠠᠭᠤᠠᠰᠢ ᠵᠠᠯᠠᠪᠠ᠃ ᠳᠤᠬᠠᠢ ᠶᠢᠨ ᠦᠶ᠎ᠡ ᠳᠤ ᠳᠠᠷᠬᠠᠤᠨ ᠤᠨ ᠪᠠᠭ᠎ᠠ ᠳᠠᠷᠤᠭ᠎ᠠ ᠪᠠᠶᠠᠠᠵᠠᠪ᠂ ᠵᠡᠭᠦᠨ ᠶᠠᠮᠤᠳᠠᠨ ᠪᠠᠶᠠᠷᠳᠠᠯᠠᠢ᠂ ᠪᠠᠳᠦᠭᠡᠰᠢᠭ᠌᠂ ᠣᠷᠳᠤᠨᠠᠰᠤᠨ ᠵᠡᠷᠭᠡ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠨ ᠳᠠᠢ᠌ᠯᠭ᠎ᠠ ᠭᠦᠢᠴᠡᠦᠡᠭᠡᠳᠡᠭ᠌ ᠳᠦᠴᠢᠭᠡᠤᠨ ᠨᠠᠷ᠎ᠠ ᠳᠠᠷᠬᠠᠤᠨ ᠳᠠᠭᠠᠯᠴᠠᠨ ᠶᠠᠪᠣᠵᠠᠢ᠃ ᠡᠭᠦᠨ ᠳᠤ᠂ ᠳᠡᠮᠡᠭᠡᠳᠤ᠂ ᠶᠠᠨ ᠠᠨ ᠂ ᠰᠢ ᠠᠨ ᠪᠠᠷ ᠥᠩᠭᠡᠷᠡᠭᠦ ᠳᠤ ᠥᠪᠠᠳᠡᠭ᠍ᠰᠢ ᠶᠡᠭᠡ ᠣᠭᠳᠤᠬᠤ ᠳᠠᠭᠢᠯᠭ᠎ᠠ ᠭᠢᠵᠠᠢ᠃ 7 ᠰᠠᠷ᠎ᠠ ᠶᠢᠨ 1 ᠤ ᠡᠳᠦᠷ ᠲᠤ ᠭᠠᠠᠰᠤ ᠮᠤᠵᠢ ᠶᠢᠨ ᠢᠤᠢ ᠵᠦᠩ ᠰᠢᠶᠠᠨ ᠬᠤᠳᠠ ᠶᠢᠨ ᠪᠠᠷᠠᠭᠤᠨ ᠡᠮᠤᠨ᠎ᠡ ᠪᠠᠢ᠌ᠭ᠎ᠠ ᠰᠢᠩ ᠯᠤᠢᠩ ᠱᠠᠨ ᠠᠭᠤᠯᠠᠨ ᠤ ᠳ᠋ᠠ ᠪᠦᠸᠧ ᠳ᠋ᠢᠶᠠᠨ ᠬᠠᠷᠰᠢ ᠰᠦᠮ᠎ᠡ ᠳᠤ ᠣᠷᠤᠰᠢᠭᠤᠯᠤᠨ ᠳᠠᠯᠪᠢᠵᠤ᠂ ᠮᠦᠨ ᠣᠭ ᠤᠨ ᠠᠳᠠᠯᠢ ᠪᠠᠷ ᠳᠡᠭᠦᠨ ᠢ ᠰᠠᠭᠢᠭᠰᠠᠨ ᠳᠠᠷᠬᠠᠤᠨ ᠠᠷᠠᠤᠨ ᠣᠭ ᠶᠤᠰᠤᠭᠠᠷ ᠳᠠᠢ᠌ᠯᠭ᠎ᠠ ᠳᠠᠭᠢᠯᠭ᠎ᠠ ᠪᠠᠨ ᠣᠰᠤᠯᠳᠡᠯ ᠦᠭᠡᠶ ᠭᠢᠵᠤ ᠪᠠᠢ᠌ᠪᠠ᠃ 1949 ᠣᠨ ᠤ 8 ᠰᠠᠷ᠎ᠠ ᠳᠤ ᠭᠦᠭᠡᠨᠡᠭᠤᠷ ᠮᠤᠵᠢ ᠶᠢᠨ ᠭᠦᠮᠪᠣᠮ ᠭᠡᠢ᠌ᠤᠨ ᠲᠤ ᠰᠢᠯᠵᠢᠭᠦᠯᠤᠨ ᠳᠠᠭᠢᠵᠠᠢ ᠃

ᠣᠯᠤᠰ ᠪᠠᠢ᠌ᠭᠤᠯᠤᠭᠳᠠᠭᠰᠠᠨ ᠤ ᠳᠠᠷᠠᠭ᠎ᠠ ᠂ ᠲᠦᠷᠦ ᠡᠴᠠ ᠵᠥᠪᠰᠢᠶᠡᠷᠡᠭᠦᠯᠵᠤ 1954 ᠣᠨ ᠤ 4 ᠰᠠᠷ᠎ᠠ ᠳᠤ ᠠᠢ᠌ᠮᠠᠭ ᠤᠨ ᠳᠠᠷᠤᠭ᠎ᠠ ᠸᠠᠴᠢᠷᠬᠤᠶᠠᠭᠳᠤ ᠂ ᠳᠠᠷᠬᠠᠤᠨ ᠤᠨ ᠳᠠᠷᠤᠭ᠎ᠠ ᠪᠣᠤᠰᠤᠸᠠᠷ ᠵᠡᠷᠭᠡ ᠶᠢᠨ 29 ᠭᠦᠮᠤᠨ ᠡᠴᠠ ᠪᠦᠷᠢᠯᠳᠦᠭ᠍ᠰᠡᠨ ᠪᠦᠯᠭᠦᠮ ᠭᠦᠮᠪᠣᠮ ᠳᠤ ᠭᠦᠷᠴᠤ ᠂ ᠡᠵᠡᠨ ᠬᠤᠷᠤᠭᠠᠨ ᠳᠠᠭᠠᠨ ᠵᠠᠯᠠᠵᠤ ᠠᠪᠴᠢᠷᠠᠵᠤ ᠂ ᠰᠢᠨ᠎ᠡ ᠣᠩᠭ᠋ᠤᠨ ᠣᠷᠳᠤ ᠪᠠᠢ᠌ᠭᠤᠯᠵᠤ ᠳᠠᠢ᠌ᠯᠭ᠎ᠠ ᠳᠠᠭᠢᠯᠭ᠎ᠠ ᠪᠠᠨ ᠥᠷᠭᠦᠯᠵᠢᠯᠡᠭᠦᠯᠵᠡᠢ ᠃ ᠳᠠᠷᠠ ᠦᠶ᠎ᠡ ᠳᠤ ᠳᠠᠢ᠌ᠯᠭ᠎ᠠ ᠳᠠᠭᠢᠯᠭ᠎ᠠ ᠶᠢᠨ ᠳᠠᠷᠬᠠᠤᠨ ᠢ ᠴᠤ ᠴᠤᠮᠬᠠᠤᠠᠬᠠᠨ 8 ᠭᠦᠮᠤᠨ ᠶᠢᠡᠷ ᠳᠤᠭᠳᠠᠭᠠᠵᠤ ᠴᠢᠩᠭᠢᠰ ᠬᠠᠭᠠᠨ ᠤ ᠣᠩᠭ᠋ᠤᠨ ᠤ ᠳᠠᠢ᠌ᠯᠭ᠎ᠠ ᠳᠠᠭᠢᠯᠭ᠎ᠠ ᠳᠤ ᠥᠢᠯᠡᠴᠢᠯᠡᠭᠦᠯᠪᠡ᠃

ᠰᠤᠶᠤᠯ ᠤᠨ ᠶᠡᠭᠡ ᠬᠤᠪᠢᠰᠬᠠᠯ ᠤᠨ ᠠᠷᠪᠠᠨ ᠵᠢᠯ ᠤᠨ ᠨᠥᠯᠦᠭᠡ ᠪᠠᠷ ᠳᠠᠢ᠌ᠯᠭ᠎ᠠ ᠳᠠᠭᠢᠯᠭ᠎ᠠ ᠨᠢᠭᠡᠨ ᠦᠶ᠎ᠡ ᠳᠠᠰᠤᠯᠳᠠᠭᠰᠠᠨ ᠪᠠᠢ᠌ᠳᠠᠭ᠃ ᠳᠠᠷᠠᠭ᠎ᠠ ᠪᠠᠷ ᠨᠠᠮ ᠵᠠᠰᠠᠭ ᠤᠨ ᠬᠠᠯᠠᠮᠵᠢᠯᠠᠯ ᠶᠢᠡᠷ ᠳᠠᠷᠬᠠᠤᠨ ᠠᠷᠠᠤᠨ ᠡᠴᠠ1980 ᠣᠨ ᠡᠴᠠ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠪᠠᠨ ᠳᠠᠭᠢᠠᠳᠠ ᠰᠡᠷᠭᠦᠭᠡᠵᠤ᠂ ᠮᠤᠩᠭ᠋ᠤᠯ ᠲᠦᠷᠦ ᠶᠢᠨ ᠰᠤᠶᠤᠯ ᠤᠨ ᠭᠤᠯᠤᠮᠳᠠ ᠪᠣᠯᠤᠭᠰᠠᠨ ᠴᠢᠩᠭᠢᠰ ᠬᠠᠭᠠᠨ ᠤ ᠣᠩᠭ᠋ᠤᠨ ᠰᠢᠳᠦᠭᠡᠨ ᠤ ᠳᠠᠢ᠌ᠯᠭ᠎ᠠ ᠳᠠᠭᠢᠯᠭ᠎ᠠ ᠪᠠᠨ ᠣᠯᠠᠮ ᠡᠴᠠ ᠣᠯᠠᠮ ᠭᠦᠭ᠍ᠵᠢᠭᠡᠵᠤ ᠪᠠᠢ᠌ᠨ᠎ᠠ᠃ ᠡᠨᠡ ᠪᠣᠯ ᠮᠤᠩᠭ᠋ᠤᠯ ᠲᠦᠷᠦ ᠡᠴᠠ ᠳᠠᠷᠬᠠᠯᠠᠭᠰᠠᠨ ᠳᠠᠷᠬᠠᠤᠠᠴᠤᠳ ᠤᠨ ᠮᠥᠩᠭᠡ ᠶᠢᠨ ᠭᠠᠪᠢᠶ᠎ᠠ ᠪᠣᠯᠤᠨ᠎ᠠ᠃ ᠣᠩᠭ᠋ᠤᠨ ᠰᠦᠨᠠᠰᠤ ᠶᠢ ᠰᠠᠭᠢᠳᠠᠭ ᠳᠠᠷᠬᠠᠤᠨ ᠪᠠᠢ᠌ᠮᠠᠠᠵᠢᠨ ᠰᠠᠶ‍ᠢ ᠴᠢᠩᠭᠢᠰ ᠬᠠᠭᠠᠨ ᠤ ᠣᠩᠭ᠋ᠤᠨ ᠪᠣᠯᠤᠨ ᠳᠡᠭᠦᠨ ᠤ ᠳᠠᠢ᠌ᠯᠭ᠎ᠠ ᠳᠠᠭᠢᠯᠭ᠎ᠠ ᠶᠢᠨ ᠰᠤᠶᠤᠯ ᠡᠳᠦᠭᠡ ᠳᠤ ᠭᠦᠷᠳᠡᠯ᠎ᠡ ᠣᠯᠠᠮᠵᠢᠯᠠᠵᠤ ᠴᠢᠳᠠᠭᠰᠠᠨ ᠪᠠᠢ᠌ᠳᠠᠭ᠃ ᠴᠢᠩᠭᠢᠰ ᠬᠠᠭᠠᠨ ᠤ ᠣᠩᠭ᠋ᠤᠨ ᠪᠣᠯᠤᠨ ᠳᠡᠭᠦᠨ ᠤ ᠰᠠᠭᠢᠭᠴᠢ ᠳᠠᠷᠬᠠᠤᠨ ᠤᠨ ᠰᠤᠶᠤᠯ ᠪᠣᠯ ᠳᠠᠯ᠎ᠠ ᠨᠤᠳᠤᠭ ᠤᠨ ᠮᠤᠩᠭ᠋ᠤᠯ ᠰᠤᠶᠤᠯ ᠤᠨ ᠦᠨᠢᠳᠠ ᠶᠢᠨ ᠳᠦᠪ ᠮᠦᠨ᠃


ᠳᠠᠷᠬᠠᠤᠨ ᠤᠨ ᠵᠤᠬᠢᠶᠠᠨ ᠪᠠᠢ᠌ᠭᠤᠯᠤᠯᠳᠠ


ᠰᠢᠷ᠎ᠠ ᠳᠠᠷᠬᠠᠤᠨ ᠢ ᠬᠤᠶᠠᠷ ᠬᠤᠪᠢᠶᠠᠳᠠᠭ᠃ ᠡᠵᠡᠨ ᠤ ᠳᠠᠷᠬᠠᠤᠨ ᠪᠠ ᠰᠦᠯᠳᠡ ᠶᠢᠨ ᠳᠠᠷᠬᠠᠤᠨ ᠭᠡᠮᠡᠨ ᠬᠤᠶᠠᠷ ᠳᠠᠯ᠎ᠠ ᠬᠤᠪᠢᠶᠠᠳᠠᠭ᠃ ᠡᠨᠡ ᠬᠤᠶᠠᠷ ᠳᠠᠯ᠎ᠠ ᠳᠤ ᠳᠤᠰᠪᠣᠷᠢ ᠳᠠᠢ᠌ᠯᠭ᠎ᠠ ᠡᠷᠭᠢᠯᠡᠨ ᠭᠦᠢᠴᠡᠦᠡᠭᠡᠭᠦ ᠨᠠᠢᠮᠠᠨ ᠶᠠᠮᠤᠳᠠᠤᠨ ᠲᠡᠶ᠃ 《ᠶᠠᠮᠤᠳᠠᠤᠨ》ᠭᠡᠵᠤ ᠴᠢᠩᠭᠢᠰ ᠬᠠᠭᠠᠨ ᠤ ᠰᠢᠳᠦᠭᠡᠤᠨ ᠤᠨ ᠳᠠᠢ᠌ᠯᠭ᠎ᠠ ᠳᠠᠭᠢᠯᠭ᠎ᠠ ᠶᠢ ᠡᠷᠭᠢᠯᠡᠨ ᠭᠦᠢᠴᠡᠦᠡᠭᠡᠭ᠍ᠴᠢ ᠳᠤᠰᠬᠠᠢ ᠠᠵᠢᠯ ᠠᠯᠪᠠ ᠲᠡᠶ ᠳᠠᠷᠬᠠᠯᠠᠭᠰᠠᠨ ᠭᠦᠮᠦᠰ ᠢ ᠭᠡᠯᠡᠳᠡᠭ᠌᠃ ᠪᠣᠭᠳᠠ ᠶᠢᠨ ᠳᠠᠯ᠎ᠠ ᠶᠢᠨ ᠶᠡᠭᠡ ᠳᠠᠷᠬᠠᠤᠨ ( ᠡᠵᠡᠨ ᠤ ᠳᠠᠷᠬᠠᠤᠨ ) ᠢ ᠪᠣᠭᠤᠷᠴᠤ ᠶᠢᠨ ᠬᠣᠢ᠌ᠴᠢᠰ ᠮᠠᠳᠠᠵᠤ ᠂ ᠰᠦᠯᠳᠡ ᠶᠢᠨ ᠳᠠᠯ᠎ᠠ ᠶᠢᠨ ᠪᠠᠭ᠎ᠠ ᠳᠠᠷᠬᠠᠤᠨ ( ᠰᠦᠯᠳᠡ ᠶᠢᠨ ᠳᠠᠷᠬᠠᠤᠨ ) ᠢ ᠮᠤᠬᠤᠯᠠᠢ ᠶᠢᠨ ᠬᠣᠢ᠌ᠴᠢᠰ ᠮᠠᠳᠠᠵᠤ ᠪᠠᠢ᠌ᠨ᠎ᠠ᠃ ᠰᠢᠷ᠎ᠠ ᠳᠠᠷᠬᠠᠤᠨ ᠤᠨ ᠳᠠᠭᠢᠯᠭ᠎ᠠ ᠳᠠᠢ᠌ᠯᠭ᠎ᠠ ᠭᠦᠢᠴᠡᠦᠡᠭᠡᠳᠡᠭ᠌ ᠭᠦᠮᠦᠰ ᠢ ᠶᠠᠮᠤᠳᠠᠤᠨ ᠭᠡᠳᠡᠭ᠌᠃ ᠶᠠᠮᠤᠳᠠᠤᠨ ᠢ ᠪᠠᠰᠠ ᠪᠣᠭᠳᠠ ᠶᠢᠨ ᠳᠠᠯ᠎ᠠ ᠶᠢᠨ ᠶᠡᠭᠡ ᠶᠠᠮᠤᠳᠠᠤᠨ᠂ ᠰᠦᠯᠳᠡ ᠶᠢᠨ ᠳᠠᠯ᠎ᠠ ᠶᠢᠨ ᠪᠠᠭ᠎ᠠ ᠶᠠᠮᠤᠳᠠᠤᠨ ᠭᠡᠵᠤ ᠬᠤᠪᠢᠶᠠᠳᠠᠭ᠃ ᠶᠠᠮᠤᠳᠠᠤᠨ ᠪᠣᠯ ᠳᠠᠭᠢᠯᠭ᠎ᠠ ᠳᠠᠢ᠌ᠯᠭ᠎ᠠ ᠡᠷᠭᠢᠯᠡᠨ ᠭᠦᠢᠴᠡᠦᠡᠭᠡᠭᠦ ᠪᠠ ᠳᠠᠭᠢᠯᠭ᠎ᠠ ᠳᠠᠢ᠌ᠯᠭ᠎ᠠ ᠶᠢᠨ ᠭᠡᠰᠢᠭ᠌ ᠶᠠᠮᠤ ᠬᠤᠪᠢᠶᠠᠨ ᠭᠦᠷᠳᠡᠭᠦ ᠣᠠᠴᠠ ᠡᠷᠭᠡ ᠲᠡᠶ ᠭᠦᠮᠦᠰ᠃ ᠳᠠᠷᠬᠠᠤᠨ ᠨᠢ ᠵᠢᠨᠤᠩ᠂ ᠠᠢ᠌ᠮᠠᠭ ᠤᠨ ᠳᠠᠷᠤᠭ᠎ᠠ ᠶᠢᠨ ᠰᠢᠭᠤᠳ ᠬᠠᠮᠢᠶᠠᠷᠤᠯᠳᠠ ᠶᠢ ᠭᠦᠯᠢᠶᠡᠵᠤ ᠪᠠᠢ᠌ᠵᠠᠢ᠃

ᠵᠢᠨᠤᠩ ᠳᠤᠰᠢᠶᠠᠯ ᠪᠣᠯ ᠦᠨ ᠣᠯᠤᠰ ᠤᠨ ᠦᠶ᠎ᠡ ᠳᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠳᠠᠢ᠌ᠯᠭ᠎ᠠ ᠶᠢᠨ ᠡᠷᠭᠢᠯᠡᠭ᠍ᠴᠢ ᠪᠦᠭᠡᠤᠨ ᠪᠦᠭᠦ ᠮᠤᠩᠭ᠋ᠤᠯ ᠢ ᠮᠠᠳᠠᠵᠤ ᠪᠠᠢ᠌ᠭᠰᠠᠨ᠃ ᠣᠮᠠᠷᠠᠳᠤ  ᠦᠨ ᠤ ᠲᠦᠷᠦ ᠶᠢᠨ ᠪᠠᠳᠦᠮᠥ᠋ᠩᠭᠡ ᠳᠠᠶᠠᠨ ᠬᠠᠭᠠᠨ ᠪᠦᠭᠦ ᠮᠤᠩᠭ᠋ᠤᠯ ᠳᠤᠭᠠᠳᠠᠨ ᠢ ᠪᠠᠷᠠᠭᠤᠨ ᠭᠤᠷᠪᠠᠨ ᠲᠦᠮᠡᠨ᠂ ᠵᠡᠭᠦᠨ ᠭᠤᠷᠪᠠᠨ ᠲᠦᠮᠡᠨ ᠭᠡᠮᠡᠨ ᠵᠢᠷᠭᠤᠭᠠᠨ ᠲᠦᠮᠡᠨ ᠪᠣᠯᠭᠠᠨ ᠵᠤᠬᠢᠶᠠᠨ ᠪᠠᠢ᠌ᠭᠤᠯᠤᠭᠰᠠᠨ ᠳᠠᠷᠠ ᠦᠶ᠎ᠡ ᠳᠤ ᠵᠢᠨᠤᠩ ᠨᠤᠶᠠᠨ ᠪᠠᠷᠠᠭᠤᠨ ᠭᠤᠷᠪᠠᠨ ᠲᠦᠮᠡᠨ ᠢ ᠮᠡᠳᠡᠭᠦ ᠳᠤᠰᠢᠶᠠᠯ ᠪᠣᠯᠵᠤ ᠣᠷᠳᠤᠰ ᠲᠦᠮᠡᠨ ᠳᠡᠭᠡᠷ᠎ᠡ ᠳᠦᠪᠯᠠᠨ ᠰᠠᠭᠤᠪᠠ᠃ ᠪᠠᠳᠦᠮᠥ᠋ᠩᠭᠡ ᠳᠠᠶᠠᠨ ᠬᠠᠭᠠᠨ ᠤ ᠭᠤᠷᠪᠠᠳᠤᠭᠠᠷ ᠭᠦᠪᠠᠭᠦᠨ ᠪᠠᠷᠰᠪᠣᠯᠤᠳ ᠰᠠᠢ᠌ᠨ ᠠᠯᠠᠭ ᠵᠢᠨᠤᠩ ᠤᠨ ᠦᠶ᠎ᠡ ᠡᠴᠠ ᠬᠣᠢ᠌ᠰᠢ ᠵᠢᠨᠤᠩ ᠨᠢ ᠬᠠᠭᠠᠨ ᠣᠷᠤ ᠵᠠᠯᠭᠠᠮᠵᠢᠯᠠᠭᠰᠠᠨ ᠦᠭᠡᠶ ᠪᠠᠷ ᠳᠤᠰ ᠳᠤᠰᠢᠶᠠᠯ ᠢ ᠦᠶ᠎ᠡ ᠵᠠᠯᠭᠠᠮᠵᠢᠯᠠᠬᠤ ᠪᠣᠯᠪᠠ᠃ ᠳᠡᠭᠦᠨ ᠤ ᠳᠠᠷᠠᠭ᠎ᠠ ᠭᠦᠡᠪᠢᠯᠢᠭ᠍ᠳᠤ ᠮᠡᠷᠭᠡᠨ ᠵᠢᠨᠤᠩ ᠤᠨ ᠦᠶ᠎ᠡ ᠡᠴᠠ ᠡᠭᠢᠯᠡᠨ ᠵᠢᠨᠤᠩ ᠨᠤᠶᠠᠨ ᠨᠢ ᠭᠠᠭᠴᠠᠭᠦ ᠣᠷᠳᠤᠰ ᠲᠦᠮᠡᠨ ᠢ ᠳᠦᠪᠯᠠᠨ ᠴᠢᠩᠭᠢᠰ ᠬᠠᠭᠠᠨ ᠤ ᠨᠠᠢᠮᠠᠨ ᠣᠷᠳᠤ ᠶᠢᠨ ᠳᠠᠢ᠌ᠯᠭ᠎ᠠ ᠶᠢᠨ ᠭᠡᠷᠡᠭ᠌ ᠢ ᠡᠷᠭᠢᠯᠡᠭᠦ ᠪᠣᠯᠪᠠ᠃ ᠪᠠᠳᠦᠮᠥ᠋ᠩᠭᠡ ᠳᠠᠶᠠᠨ ᠬᠠᠭᠠᠨ ᠤ ᠦᠶ᠎ᠡ ᠳᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠭᠰᠠᠨ ᠣᠷᠳᠤᠰ ᠭᠦᠮᠤᠨ ᠤ ᠭᠦᠮᠤᠨ ᠠᠮᠠ ᠨᠡᠮᠡᠭ᠍ᠳᠡᠨ ᠥᠷᠭᠡᠵᠢᠨ ᠭᠦᠴᠦᠷᠭᠡᠭ᠍ᠵᠢᠵᠤ ᠵᠢᠷᠭᠤᠭᠠᠨ ᠲᠦᠮᠡᠨ ᠤ ᠨᠢᠭᠡ ︱ ᠣᠷᠳᠤᠰ ᠲᠦᠮᠡᠨ ᠪᠣᠯᠤᠭᠰᠠᠨ ᠴᠤ ᠳᠠᠳᠠᠨ ᠤ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠨ ᠬᠠᠮᠠᠭᠠᠯᠠᠵᠤ ᠳᠠᠢ᠌ᠯᠭ᠎ᠠ ᠳᠠᠭᠢᠯᠭ᠎ᠠ ᠶᠢ ᠭᠦᠢᠴᠡᠦᠡᠭᠡᠭᠦ ᠨᠠᠠᠳᠢᠨ ᠳᠠᠩᠭ᠋ᠠᠷᠢᠭ ᠪᠦᠭᠦᠢ ᠳᠠᠷᠬᠠᠨ ᠬᠠᠷᠢᠭᠤᠴᠠᠯᠭᠠᠳᠤ ᠡᠭᠦᠷᠭᠡ ᠨᠢ ᠬᠤᠪᠢᠷᠠᠭᠰᠠᠨ ᠦᠭᠡᠶ ᠶᠤᠮ᠃ ᠣᠷᠳᠤᠰᠴᠤᠳ ᠴᠢᠩ ᠭᠦᠷᠤᠨ ᠤ ᠨᠤᠶᠠᠷᠬᠠᠯ ᠢ ᠭᠦᠯᠢᠶᠡᠭ᠍ᠰᠡᠨ ᠤ ᠰᠡᠭᠦᠯᠡᠷ ᠵᠢᠨᠤᠩ ᠤᠨ ᠳᠤᠰᠢᠶᠠᠯ ᠢ ᠭᠠᠭᠴᠠ ᠭᠦ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠡᠷᠭᠢᠯᠡᠨ ᠳᠠᠢ᠌ᠬᠤ ᠳᠤᠰᠬᠠᠢ ᠳᠤᠰᠢᠶᠠᠯ ᠶᠢᠡᠷ ᠭᠢᠵᠠᠭᠠᠷᠯᠠᠵᠤ᠂ ᠡᠷᠢᠡᠴᠢᠨ ᠵᠢᠨᠤᠩ ᠡᠴᠠ ᠡᠭᠢᠯᠡᠨ ᠡᠨᠡᠭᠦ ᠳᠤᠰᠢᠶᠠᠯ ᠢ ᠭᠦᠢᠴᠡᠦᠡᠭᠡᠵᠡᠢ᠃ ᠳᠠᠷᠠ ᠦᠶ᠎ᠡ ᠡᠴᠠ ᠡᠭᠢᠯᠡᠨ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠵᠡᠷᠭᠡ ᠮᠤᠩᠭ᠋ᠤᠯ ᠤᠨ ᠶᠡᠷᠦᠩᠭᠡᠢ ᠶᠢᠨ ᠰᠢᠳᠦᠭᠡᠨ ᠳᠤ ᠳᠠᠢ᠌ᠯᠭ᠎ᠠ ᠳᠠᠭᠢᠯᠭ᠎ᠠ ᠶᠢ ᠭᠠᠷᠳᠠᠨ ᠭᠢᠳᠡᠭ᠌ ᠳᠠᠷᠬᠠᠤᠨ ᠤᠳ ᠡᠴᠠ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠠᠯᠢᠪᠠ ᠣᠢ᠌ᠯᠠᠰ ᠢ ᠬᠠᠷᠢᠭᠤᠴᠠᠨ ᠭᠦᠢᠴᠡᠦᠡᠭᠡᠳᠡᠭ᠌ ᠪᠣᠯᠵᠠᠢ᠃ ᠳᠡᠭᠦᠨ ᠶᠢᠡᠷ ᠳᠠᠷᠬᠠᠤᠨ ᠢ ᠡᠯ᠎ᠡ ᠠᠢ᠌ᠮᠠᠭ ᠣᠭᠰᠠᠭ᠎ᠠ ᠪᠦᠯᠦᠭ᠌ ᠡᠴᠠ ᠨᠢ ᠰᠠᠯᠭᠠᠵᠤ ᠳᠤᠰᠬᠠᠢ ᠳᠠᠷᠬᠠᠤᠨ ᠤᠨ ᠵᠤᠬᠢᠶᠠᠨ ᠪᠠᠢ᠌ᠭᠤᠯᠤᠯᠳᠠ ᠶᠢ ᠪᠠᠢ᠌ᠭᠤᠯᠵᠤ ᠵᠢᠷᠭᠤᠭᠠᠨ ᠠᠢ᠌ᠮᠠᠭ ᠲᠤ ᠬᠤᠪᠢᠶᠠᠵᠠᠢ᠃ ᠡᠭᠦᠨ ᠡᠴᠠ ᠡᠭᠢᠯᠡᠨ ᠣᠷᠳᠤᠰᠴᠤᠳ ᠨᠢ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢᠨ ᠠᠯᠢᠪᠠ ᠳᠤ ᠥᠢᠯᠡᠴᠢᠯᠡᠭᠦ《ᠳᠠᠷᠬᠠᠯᠠᠭᠰᠠᠨ ᠡᠷᠭᠡ》 ᠪᠠᠨ ᠠᠯᠳᠠᠵᠤ᠂ ᠡᠨᠡᠭᠦ ᠳᠠᠷᠬᠠᠨ ᠡᠭᠦᠷᠭᠡ ᠨᠢ ᠭᠠᠭᠴᠠᠭᠦ ᠳᠠᠷᠬᠠᠤᠨ ᠤᠨ ᠮᠦᠷᠤᠨ ᠳᠡᠭᠡᠷ᠎ᠡ ᠳᠠᠯᠪᠢᠭᠳᠠᠭᠰᠠᠨ ᠪᠠᠢ᠌ᠨ᠎ᠠ᠃

ᠵᠢᠷᠭᠤᠭᠠᠨ ᠠᠢ᠌ᠮᠠᠭ ᠳᠠᠷᠬᠠᠤᠨ ᠢ ᠶᠡᠭᠡ ᠳᠠᠯ᠎ᠠ ᠂ ᠪᠠᠭ᠎ᠠ ᠳᠠᠯ᠎ᠠ ᠭᠡᠵᠤ ᠬᠤᠶᠠᠷ ᠬᠤᠪᠢᠶᠠᠪᠠ ᠃ ᠳᠤᠬᠠᠢ᠌ᠯᠠᠪᠠᠯ ᠂ ᠪᠣᠭᠳᠠ ᠶᠢᠨ ᠳᠠᠷᠬᠠᠤᠨ ᠢ ᠶᠡᠭᠡ ᠳᠠᠯ᠎ᠠ᠂ ᠰᠦᠯᠳᠡ ᠶᠢᠨ ᠳᠠᠷᠬᠠᠤᠨ ᠢ ᠪᠠᠭ᠎ᠠ ᠳᠠᠯ᠎ᠠ ᠭᠡᠳᠡᠭ᠌᠃ ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠶᠢ ᠰᠠᠭᠢᠵᠤ ᠳᠠᠢ᠌ᠯᠭ᠎ᠠ ᠭᠢᠳᠡᠭ᠌ ᠳᠠᠷᠬᠠᠤᠨ ᠢ ᠪᠣᠭᠳᠠ ᠶᠢᠨ ᠳᠠᠷᠬᠠᠤᠨ᠂ ᠴᠢᠩᠭᠢᠰ ᠬᠠᠭᠠᠨ ᠤ ᠬᠠᠷᠢᠶ᠎ᠠ ᠶᠡᠭᠡᠳᠤ ᠬᠠᠷ᠎ᠠ ᠰᠦᠯᠳᠡ ᠶᠢ ᠰᠠᠭᠢᠵᠤ ᠳᠠᠢ᠌ᠯᠭ᠎ᠠ ᠭᠢᠵᠤ ᠪᠠᠢ᠌ᠭ᠎ᠠ ᠳᠠᠷᠬᠠᠤᠨ ᠢ ᠰᠦᠯᠳᠡ ᠶᠢᠨ ᠳᠠᠷᠬᠠᠤᠨ ᠭᠡᠳᠡᠭ᠌᠃

ᠪᠣᠭᠳᠠ ᠶᠢᠨ ᠳᠠᠯ᠎ᠠ ᠶᠢᠨ ᠳᠠᠢ᠌ᠯᠭ᠎ᠠ ᠳᠠᠭᠢᠯᠭ᠎ᠠ ᠶᠢᠨ ᠠᠯᠪᠠ ᠭᠦᠢᠴᠡᠦᠡᠭᠡᠭᠦ ᠨᠠᠢᠮᠠᠨ ᠶᠠᠮᠤᠳᠠᠤᠨ ᠨᠢ ᠳᠠᠢ᠌ᠰᠢ᠂ ᠳᠠᠢ᠌ᠪᠣᠤ᠂ ᠮᠠᠩᠯᠠᠢ᠂ ᠬᠤᠠᠵᠢᠨ᠂ ᠭᠦᠭᠦᠭᠡ᠂ ᠳᠤᠤᠯᠢ᠂ ᠬᠠᠰᠠᠭ᠎ᠠ᠂ ᠴᠠᠷᠪᠢ ᠵᠡᠷᠭᠡ᠃ ᠳᠠᠢ᠌ᠰᠢ ᠶᠠᠮᠤᠳᠤ ᠨᠢ ᠨᠠᠢᠮᠠᠨ ᠴᠠᠭᠠᠨ ᠣᠷᠳᠤᠨ ᠤ ᠳᠠᠢ᠌ᠯᠭ᠎ᠠ ᠶᠤᠰᠤᠯᠠᠯ ᠤᠨ ᠳᠦᠷᠦᠭᠦᠤ᠃ ᠴᠢᠩᠭᠢᠰ ᠬᠠᠭᠠᠨ ᠤ ᠴᠢᠠᠳᠠᠷ ᠤᠨ ᠬᠠᠭᠤᠷᠴᠠᠭ ᠤᠨ ᠳᠦᠯᠭᠢᠭᠦᠷ ᠢ ᠬᠠᠮᠢᠶᠠᠷᠴᠤ ᠪᠠᠢ᠌ᠳᠠᠭ ᠴᠢᠬᠤᠯᠠ ᠪᠠᠢ᠌ᠷᠢ ᠰᠠᠭᠤᠷᠢ ᠲᠡᠶ᠃ ᠳᠠᠢ᠌ᠰᠢ ᠶᠠᠮᠤᠳᠠᠤᠨ ᠲᠤ ᠮᠠᠩᠯᠠᠢ ᠳᠠᠢ᠌ᠰᠢ᠂ ᠠᠢ᠌ᠯᠠᠤᠠᠬᠠᠯ ᠳᠠᠢ᠌ᠰᠢ᠂ ᠳᠠᠢ᠌ᠰᠢ ᠭᠡᠵᠤ ᠪᠠᠢ᠌ᠳᠠᠭ᠃ ᠳᠠᠢ᠌ᠪᠣᠤ ᠶᠠᠮᠤᠳᠤ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠢ ᠪᠠᠯᠡᠦᠡᠭᠡᠨ ᠳᠤᠭᠢᠷᠠᠭᠤᠯᠤᠭᠴᠢ ᠪᠣᠯᠤᠨ᠎ᠠ᠃ ᠳᠠᠢ᠌ᠪᠣᠤ ᠶᠠᠮᠤᠳᠤ ᠳᠤ ᠴᠠᠷᠭᠢ ᠳᠠᠢ᠌ᠪᠣᠤ᠂ ᠠᠬᠠᠯᠠᠬᠤ ᠳᠠᠢ᠌ᠪᠣᠤ᠂ ᠳᠠᠢ᠌ᠪᠣᠤ ᠭᠡᠵᠤ ᠪᠠᠢ᠌ᠳᠠᠭ᠃ ᠮᠠᠩᠯᠠᠢ ᠶᠠᠮᠤᠳᠤ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠶᠡᠷᠦᠩᠭᠡᠢ ᠬᠠᠮᠢᠶᠠᠷᠤᠭᠴᠢ ᠪᠦᠭᠡᠤᠨ ᠶᠡᠭᠡ ᠪᠠᠭ᠎ᠠ ᠳᠠᠢ᠌ᠯᠭ᠎ᠠ ᠶᠤᠰᠤᠯᠠᠯ ᠢ ᠡᠭᠢᠯᠡᠭᠦᠯᠦᠭ᠍ᠴᠢ ᠪᠣᠯᠤᠨ᠎ᠠ᠃ ᠮᠠᠩᠯᠠᠢ ᠶᠠᠮᠤᠳᠠᠤᠨ ᠲᠤ ᠳᠤᠳᠤᠷ᠎ᠠ ᠶᠢᠨ ᠮᠠᠩᠯᠠᠢ᠂ ᠭᠠᠳᠠᠨ᠎ᠠ ᠶᠢᠨ ᠮᠠᠩᠯᠠᠢ᠂ ᠶᠡᠭᠡ ᠮᠠᠩᠯᠠᠢ᠂ ᠪᠠᠭ᠎ᠠ ᠮᠠᠩᠯᠠᠢ ᠭᠡᠵᠤ ᠬᠤᠪᠢᠶᠠᠳᠠᠭ᠃ ᠬᠤᠠᠵᠢᠨ ᠶᠠᠮᠤᠳᠤ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠨᠠᠢ᠌ᠷ ᠭᠦᠭ᠍ᠵᠢᠮ ᠪᠠᠷᠢᠭᠴᠢ᠃ ᠴᠠᠷᠭᠢᠴᠢ ᠬᠤᠠᠵᠢᠨ᠂ ᠢᠷᠦᠭᠡᠯᠴᠢ ᠬᠤᠠᠵᠢᠨ᠂ ᠢᠯᠠᠭᠤᠭᠰᠠᠨ ᠬᠤᠠᠵᠢᠨ ᠭᠡᠵᠤ ᠪᠠᠢ᠌ᠳᠠᠭ᠃ ᠭᠦᠭᠦᠭᠡ ᠶᠠᠮᠤᠳᠤ ᠨᠢ ᠳᠠᠢ᠌ᠯᠭ᠎ᠠ ᠶᠤᠰᠤᠯᠠᠯ ᠢ ᠬᠠᠷᠢᠭᠤᠴᠠᠨ ᠥᠴᠢᠭ᠌ ᠥᠴᠢᠭ᠍ᠴᠢ᠃ ᠳᠠᠷᠬᠠᠤᠨ ᠤᠳ ᠮᠤᠩᠭ᠋ᠤᠯ ᠨᠤᠳᠤᠭ ᠲᠤ ᠭᠦᠷᠴᠤ ᠳᠠᠢ᠌ᠯᠭ᠎ᠠ ᠶᠢᠨ ᠡᠳ᠋ ᠴᠤᠭᠯᠠᠭᠤᠯᠬᠤ ᠪᠠᠷ ᠶᠠᠪᠣᠵᠤ ᠪᠠᠢ᠌ᠬᠤ ᠳᠤ ᠬᠠᠭᠠᠨ ᠤ ᠵᠠᠷᠯᠢᠭ ᠤᠨ ᠪᠢᠴᠢᠭ᠌ ᠢ ᠳᠠᠭᠤᠳᠠᠳᠠᠭ ᠳᠤᠰᠬᠠᠢ ᠳᠤᠰᠢᠶᠠᠯᠳᠠᠨ ᠪᠣᠯᠤᠨ᠎ᠠ᠃ ᠭᠦᠭᠦᠭᠡ ᠶᠠᠮᠤᠳᠠᠤᠨ ᠲᠤ ᠣᠢ᠌ᠵᠠᠩ ᠭᠦᠭᠦᠭᠡᠴᠢᠨ᠂ ᠴᠢᠩ ᠵᠤᠷᠢᠭᠳᠤ ᠭᠦᠭᠦᠭᠡᠴᠢᠨ᠂ ᠭᠦᠭᠦᠭᠡᠴᠢᠨ ᠭᠡᠵᠤ ᠪᠠᠢ᠌ᠳᠠᠭ᠃ ᠳᠤᠤᠯᠢ ᠶᠠᠮᠤᠳᠤ ᠨᠢ ᠳᠠᠢ᠌ᠯᠭ᠎ᠠ ᠶᠢᠨ ᠡᠷᠭᠦᠯᠳᠡ ᠡᠷᠭᠦᠭᠦ ᠠᠵᠢᠯ ᠲᠡᠶ᠃ ᠬᠠᠰᠠᠭ᠎ᠠ ᠶᠠᠮᠤᠳᠤ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠡᠮᠭᠢ ᠳᠠᠷᠠᠭ᠎ᠠ ᠶᠢ ᠬᠠᠮᠢᠶᠠᠷᠤᠭᠴᠢ ᠪᠣᠯᠤᠨ᠎ᠠ᠃ ᠬᠠᠰᠠᠭ᠎ᠠ ᠶᠠᠮᠤᠳᠠᠤᠨ ᠲᠤ ᠵᠠᠰᠠᠭᠤᠯ ᠬᠠᠰᠠᠭ᠎ᠠ᠂ ᠠᠬᠠᠯᠠᠬᠤ ᠬᠠᠰᠠᠭ᠎ᠠ᠂ ᠬᠠᠰᠠᠭ᠎ᠠ ᠭᠡᠵᠤ ᠪᠣᠢ᠃ ᠴᠠᠷᠪᠢ ᠶᠠᠮᠤᠳᠤ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠳᠤ ᠰᠠᠷᠬᠤᠤᠨ ᠬᠠᠷᠢᠭᠤᠯᠬᠤ ᠠᠵᠢᠯ ᠲᠡᠶ᠃ ᠴᠠᠷᠪᠢ ᠶᠠᠮᠤᠳᠤ ᠳᠤ ᠣᠭᠳᠤᠭᠤᠯ ᠴᠠᠷᠪᠢ᠂ ᠥᠭᠡᠯᠡᠨ ᠴᠠᠷᠪᠢ᠂ ᠬᠠᠷᠢᠭᠤᠯᠴᠢ ᠴᠠᠷᠪᠢ ᠭᠡᠵᠤ ᠪᠣᠢ᠃ ᠡᠳᠡᠭᠡᠷ ᠨᠢ ᠪᠦᠷ ᠯᠠ ᠬᠤᠪᠢᠯᠠᠢ ᠰᠠᠴᠠᠨ ᠬᠠᠭᠠᠨ ᠡᠴᠠ ᠴᠢᠩᠭᠢᠰ ᠢ ᠳᠤᠷᠠᠰᠬᠠᠬᠤ ᠳᠦᠷᠪᠡᠨ ᠴᠠᠭ ᠤᠨ ᠬᠤᠷᠢᠮ ᠢ ᠥᠢᠯᠡᠦᠡᠭᠦᠢ ᠪᠠᠷ ᠳᠠᠢ᠌ᠯᠭ᠎ᠠ ᠶᠢᠨ ᠨᠠᠢᠮᠠᠨ ᠶᠠᠮᠤᠳᠤ ᠶᠢ ᠳᠤᠮᠢᠯᠠᠬᠤ ᠳᠠᠭᠠᠨ ᠬᠠᠢ᠌ᠷᠠᠯᠠᠭᠰᠠᠨ ᠶᠠᠮᠤᠳᠤ ᠶᠢᠨ ᠴᠤᠯᠠ᠃

ᠡᠵᠡᠨ ᠤ ᠳᠠᠷᠬᠠᠤᠨ ᠤᠨ ᠳᠤᠳᠤᠷ᠎ᠠ ᠪᠠᠰᠠ ᠬᠤᠭᠤᠷ ᠴᠠᠷᠭᠢᠳᠤ᠂ ᠬᠠᠷᠢᠭᠤᠯ ᠮᠠᠩᠯᠠᠢ᠂ ᠭᠠᠯᠴᠢ᠂ ᠢᠷᠦᠭᠡᠯᠴᠢ᠂ ᠣᠭᠳᠤᠭᠤᠯ᠂ ᠰᠦᠩᠴᠢ᠂ ᠵᠠᠰᠠᠭᠤᠯ᠂ ᠬᠠᠭᠠᠯᠭᠠᠴᠢ᠂ ᠭᠦᠵᠢ ᠵᠠᠯᠠᠭᠴᠢ᠂ ᠴᠠᠭᠤᠷᠴᠢ ᠵᠡᠷᠭᠡ ᠶᠠᠮᠤᠳᠠᠤᠨ ᠲᠡᠶ᠃ ᠡᠭᠦᠨ ᠤ ᠵᠠᠷᠢᠮ ᠨᠢ ᠨᠠᠢᠮᠠᠨ ᠶᠡᠭᠡ ᠶᠠᠮᠤᠳᠠᠤᠨ ᠢ ᠬᠠᠪᠰᠤᠷᠤᠨ ᠠᠵᠢᠯ ᠠᠯᠪᠠ ᠭᠦᠢᠴᠡᠦᠡᠭᠡᠨ᠎ᠡ᠃ ᠡᠳᠡᠭᠡᠷ ᠲᠤ ᠨᠠᠢᠮᠠᠨ ᠶᠡᠭᠡ ᠶᠠᠮᠤᠳᠠᠤᠨ ᠰᠢᠭ ᠳᠠᠷᠬᠠᠤᠨ ᠢ ᠬᠠᠮᠢᠶᠠᠷᠬᠤ ᠡᠷᠭᠡ ᠪᠠᠢ᠌ᠬᠤ ᠦᠭᠡᠶ᠂ ᠵᠥᠪᠭᠡᠨ ᠳᠠᠢ᠌ᠯᠭ᠎ᠠ ᠭᠦᠢᠴᠡᠦᠡᠭᠡᠭᠦ ᠠᠯᠪᠠ ᠠᠵᠢᠯ ᠲᠡᠶ᠃ ᠡᠭᠦᠨ ᠳᠤ ᠭᠠᠯᠴᠢ ᠨᠢ  ᠢᠳᠡᠭᠡ ᠰᠢᠭᠦᠰᠤ ᠪᠠᠯᠡᠦᠡᠭᠡᠭᠦ᠂ ᠭᠦᠵᠢ ᠵᠠᠯᠠᠭᠴᠢ ᠨᠢ ᠵᠤᠯᠠ ᠭᠦᠵᠢ ᠡᠷᠭᠦᠭᠦ᠂ ᠴᠠᠷᠭᠢᠳᠤ ᠨᠢ ᠴᠠᠷᠭᠢ ᠳᠡᠯᠡᠦᠡᠭᠦ ᠵᠡᠷᠭᠡ ᠠᠵᠢᠯ ᠲᠡᠶ᠃

ᠰᠦᠯᠳᠡ ᠶᠢᠨ ᠳᠠᠯ᠎ᠠ ᠶᠢᠨ ᠳᠠᠢ᠌ᠯᠭ᠎ᠠ ᠳᠠᠭᠢᠯᠭ᠎ᠠ ᠶᠢᠨ ᠠᠯᠪᠠ ᠭᠦᠢᠴᠡᠦᠡᠭᠡᠭᠦ ᠨᠠᠢᠮᠠᠨ ᠶᠠᠮᠤᠳᠠᠤᠨ ᠨᠢ ᠵᠠᠢ᠌ᠰᠠᠩ᠂ ᠴᠢᠩᠰᠠᠩ᠂ ᠲᠦᠮᠡᠳᠤ᠂ ᠮᠢᠩᠭ᠋ᠠᠳᠤ᠂ ᠵᠠᠭᠤᠳᠤ᠂ ᠳᠤᠤᠯᠢ᠂ ᠴᠠᠷᠪᠢ᠂ ᠭᠦᠭᠦᠭᠡ ᠵᠡᠷᠭᠡ᠃ ᠰᠦᠯᠳᠡ ᠶᠢᠨ ᠳᠠᠷᠬᠠᠤᠨ ᠤᠨ ᠶᠠᠮᠤᠳᠤ ᠨᠢ ᠪᠣᠭᠳᠠ ᠶᠢᠨ ᠳᠠᠷᠬᠠᠤᠨ ᠡᠴᠠ ᠪᠠᠨ ᠣᠠᠴᠠᠭᠠᠢ ᠢᠯᠭᠠᠪᠣᠷᠢᠳᠠᠢ ᠨᠢ ᠴᠡᠷᠢᠭ᠌ ᠤᠨ ᠪᠠᠢ᠌ᠭᠤᠯᠤᠮᠵᠢ ᠶᠢᠨ ᠰᠢᠠᠵᠢ ᠲᠡᠶ᠃ ᠰᠦᠯᠳᠡ ᠶᠢᠨ ᠶᠠᠮᠤᠳᠠᠤᠨ ᠡᠴᠠ《ᠪᠠᠷᠠᠭᠤᠨ ᠶᠠᠮᠤᠳᠠᠤᠨ ᠪᠣᠯ ᠣᠷᠳᠤᠨ ᠡᠴᠠ ᠢᠷᠡᠭ᠍ᠰᠡᠨ ᠶᠤᠰᠤᠯᠠᠯ ᠤᠨ ᠶᠠᠮᠤᠳᠠᠤᠨ᠂ ᠮᠠᠨ ᠤ ᠰᠦᠯᠳᠡ ᠶᠢᠨ ᠭᠢᠨ ᠪᠣᠯ ᠵᠢᠬᠰᠠᠭᠠᠯ ᠡᠴᠠ ᠢᠷᠡᠭ᠍ᠰᠡᠨ ᠶᠤᠰᠤᠯᠠᠯ ᠤᠨ ᠶᠠᠮᠤᠳᠠᠤᠨ 》ᠭᠡᠵᠤ ᠭᠡᠯᠡᠭ᠍ᠰᠡᠨ ᠨᠢ ᠣᠨᠤᠪᠴᠢᠳᠠᠢ ᠪᠣᠯᠵᠠᠢ᠃

ᠵᠠᠢ᠌ᠰᠠᠩ ᠶᠠᠮᠤᠳᠤ ᠨᠢ ᠬᠠᠷ᠎ᠠ ᠰᠦᠯᠳᠡ ᠶᠢᠨ ᠳᠠᠢ᠌ᠯᠭ᠎ᠠ ᠶᠤᠰᠤᠯᠠᠯ ᠤᠨ ᠳᠦᠷᠦᠭᠦᠤ ᠪᠦᠭᠡᠤᠨ ᠰᠦᠯᠳᠡ ᠶᠢᠨ ᠳᠠᠷᠬᠠᠤᠨ ᠤᠨ ᠶᠡᠷᠦᠩᠭᠡᠢ ᠵᠠᠭᠢᠷᠤᠭᠴᠢ ᠶᠢᠨ ᠣᠢ᠌ᠯᠠᠳᠤᠯ ᠲᠡᠶ ᠬᠠᠮᠤᠭ ᠴᠢᠬᠤᠯᠠ ᠶᠠᠮᠤᠳᠤ ᠪᠣᠯᠤᠨ᠎ᠠ᠃ ᠵᠠᠢ᠌ᠰᠠᠩ ᠶᠠᠮᠤᠳᠠᠤᠨ ᠲᠤ ᠪᠢᠩᠳᠤ ᠵᠠᠢ᠌ᠰᠠᠩ᠂ ᠮᠢᠩᠭ᠋ᠠᠳᠤ ᠵᠠᠢ᠌ᠰᠠᠩ᠂ ᠵᠠᠢ᠌ᠰᠠᠩ ᠭᠡᠵᠤ ᠪᠣᠢ᠃ ᠴᠢᠩᠰᠠᠩ ᠶᠠᠮᠤᠳᠤ ᠨᠢ ᠰᠦᠯᠳᠡ ᠳᠤᠭᠰᠢᠭᠤᠯᠬᠤ ᠳᠠᠢ᠌ᠯᠭ᠎ᠠ ᠶᠢᠨ ᠳᠤᠭᠰᠢᠭᠤᠯᠭ᠎ᠠ ᠶᠢ ᠭᠦᠢᠴᠡᠦᠡᠭᠡᠭ᠍ᠴᠢ ᠪᠦᠭᠡᠤᠨ ᠰᠦᠯᠳᠡ ᠶᠢᠨ ᠳᠠᠢ᠌ᠯᠭ᠎ᠠ ᠶᠢᠨ ᠶᠡᠷᠦᠩᠭᠡᠢ ᠬᠠᠮᠢᠶᠠᠷᠤᠭᠴᠢ ᠪᠣᠯᠤᠨ᠎ᠠ᠃ ᠲᠦᠮᠡᠳᠤ ᠶᠠᠮᠤᠳᠤ ᠨᠢ ᠰᠦᠯᠳᠡ ᠶᠢᠨ ᠳᠠᠢ᠌ᠯᠭ᠎ᠠ ᠶᠤᠰᠤᠯᠠᠯ ᠳᠤ ᠰᠦᠯᠳᠡ ᠶᠢ ᠮᠢᠯᠢᠶᠠᠳᠠᠭ ᠪᠦᠭᠡᠤᠨ ᠵᠦᠯᠳᠤ ᠶᠢ ᠰᠦᠯᠳᠡ ᠳᠠᠭᠢᠭᠴᠢᠤᠨ ᠲᠤ ᠥᠭ᠍ᠳᠡᠭ᠌ ᠭᠦᠮᠤᠨ᠃ ᠮᠢᠩᠭ᠋ᠠᠳᠤ ᠶᠠᠮᠤᠳᠤ ᠨᠢ ᠰᠦᠯᠳᠡ ᠶᠢᠨ ᠳᠠᠢ᠌ᠯᠭ᠎ᠠ ᠶᠢ ᠪᠠᠯᠡᠦᠡᠭᠡᠨ ᠳᠤᠭᠢᠷᠠᠭᠤᠯᠤᠭᠴᠢ ᠪᠦᠭᠡᠤᠨ ᠡᠯᠴᠢ ᠰᠦᠯᠳᠡ ᠶᠢ ᠵᠠᠯᠠᠵᠤ ᠶᠠᠪᠣᠬᠤ ᠳᠤ ᠳᠠᠭᠠᠭᠤᠯᠵᠤ ᠶᠠᠪᠣᠳᠠᠭ᠃ ᠵᠠᠢ᠌ᠰᠠᠩ᠂ ᠴᠢᠩᠰᠠᠩ ᠢ ᠳᠦᠯᠦᠭᠡᠯᠡᠨ ᠰᠦᠯᠳᠡ ᠶᠢᠨ ᠳᠠᠷᠬᠠᠤᠨ ᠤᠨ ᠶᠢᠡᠨ ᠡᠯᠳᠡᠪ ᠭᠡᠷᠡᠭ᠌ ᠣᠴᠢᠷ ᠢ ᠭᠠᠷᠳᠠᠨ ᠭᠦᠢᠴᠡᠦᠡᠭᠡᠳᠡᠭ᠌ ᠶᠠᠮᠤᠳᠤ᠃ ᠮᠢᠩᠭ᠋ᠠᠳᠤ ᠶᠠᠮᠤᠳᠤ ᠨᠢ ᠪᠠᠰᠠ ᠳᠠᠪᠬᠤᠷ ᠴᠤᠯᠠ ᠱᠠᠩᠨᠠᠭᠤᠯᠵᠤ ᠭᠦᠭᠦᠭᠡ ᠮᠢᠩᠭ᠋ᠠᠳᠤ᠂ ᠴᠠᠷᠪᠢ ᠮᠢᠩᠭ᠋ᠠᠳᠤ ᠭᠡᠳᠡᠭ᠌ ᠪᠣᠢ᠃ ᠵᠠᠭᠤᠳᠤ ᠶᠠᠮᠤᠳᠤ ᠨᠢ ᠰᠦᠯᠳᠡ ᠶᠢ ᠳᠤᠭᠰᠢᠭᠤᠯᠬᠤ ᠳᠤ ᠰᠦᠯᠳᠡ ᠶᠢ ᠰᠢᠭᠦᠷᠡᠭᠦᠯᠭᠦ ᠶᠠᠮᠤᠳᠠᠤᠨ ᠪᠣᠯᠤᠨ᠎ᠠ᠃ ᠳᠤᠤᠯᠢ ᠶᠠᠮᠤᠳᠤ ᠨᠢ ᠰᠦᠯᠳᠡ ᠶᠢᠨ ᠳᠠᠢ᠌ᠯᠭ᠎ᠠ ᠶᠤᠰᠤᠯᠠᠯ ᠢ ᠵᠢᠯᠤᠭᠤᠳᠤᠭᠴᠢ᠃ ᠰᠦᠯᠳᠡ ᠶᠢᠨ ᠳᠠᠢ᠌ᠯᠭ᠎ᠠ ᠶᠤᠰᠤᠯᠠᠯ ᠳᠤᠤᠯᠢ ᠶᠠᠮᠤᠳᠤ ᠶᠢᠨ ᠳᠤᠭᠢᠶ᠎ᠠ ᠪᠠᠷ ᠶᠠᠪᠣᠭᠳᠠᠨ᠎ᠠ᠃ ᠭᠦᠭᠦᠭᠡᠴᠢᠨ ᠶᠠᠮᠤᠳᠤ ᠨᠢ ᠰᠦᠯᠳᠡ ᠶᠢᠨ ᠳᠠᠢ᠌ᠯᠭ᠎ᠠ ᠶᠤᠰᠤᠯᠠᠯ ᠳᠤ ᠰᠦᠯᠳᠡ ᠶᠢᠨ ᠥᠴᠢᠭ᠌ ᠪᠠ ᠰᠦᠯᠳᠡ ᠳᠤᠭᠰᠢᠭᠤᠯᠬᠤ ᠥᠴᠢᠭ᠌ ᠢ ᠳᠠᠭᠤᠳᠠᠳᠠᠭ᠃ ᠰᠦᠯᠳᠡ ᠶᠢᠨ ᠴᠠᠷᠪᠢ ᠶᠠᠮᠤᠳᠤ ᠨᠢ ᠳᠠᠢ᠌ᠯᠭ᠎ᠠ ᠶᠢᠨ ᠡᠮᠭᠢ ᠳᠠᠷᠠᠭ᠎ᠠ ᠶᠢ ᠬᠠᠮᠢᠶᠠᠷᠤᠭᠴᠢ ᠃ ᠡᠳᠡᠭᠡᠷ ᠨᠢ ᠮᠦᠨ ᠯᠠ ᠰᠦᠯᠳᠡ ᠶᠢᠨ ᠳᠠᠢ᠌ᠯᠭ᠎ᠠ ᠶᠢᠨ ᠨᠠᠢᠮᠠᠨ ᠶᠠᠮᠤᠳᠤ ᠶᠢ ᠳᠤᠮᠢᠯᠠᠬᠤ ᠳᠠᠭᠠᠨ ᠬᠠᠢ᠌ᠷᠠᠯᠠᠭᠰᠠᠨ ᠶᠠᠮᠤᠳᠤ ᠶᠢᠨ ᠴᠤᠯᠠ᠃

ᠡᠭᠦᠨ ᠡᠴᠠ ᠭᠠᠳᠠᠨ᠎ᠠ᠂ ᠰᠦᠯᠳᠡ ᠶᠢᠨ ᠳᠠᠷᠬᠠᠤᠨ ᠲᠤ ᠰᠢᠭᠦᠷᠴᠢ᠂ ᠬᠤᠰᠢᠭᠤᠴᠢ ᠪᠠᠭᠠᠳᠤᠷ᠂ ᠳᠠᠷᠬᠠᠨ ᠪᠠᠭᠠᠳᠤᠷ᠂ ᠭᠠᠪᠰᠢᠭᠤᠷᠴᠢ ᠭᠡᠭᠦ ᠴᠤᠯᠠ ᠲᠡᠶ ᠶᠠᠮᠤ ᠨᠡᠷ ᠪᠠᠢ᠌ᠳᠠᠭ᠃

ᠡᠵᠡᠨ ᠤ ᠪᠠ ᠰᠦᠯᠳᠡ ᠶᠢᠨ ᠬᠤᠶᠠᠷ ᠳᠠᠯ᠎ᠠ ᠳᠤᠰ ᠪᠦᠷᠢ ᠳᠡᠭᠡᠨ ᠵᠢᠷᠭᠤᠭᠠᠨ ᠬᠠᠷᠢᠶ᠎ᠠ ᠲᠡᠶ᠂ ᠬᠠᠷᠢᠶ᠎ᠠ ᠪᠣᠯᠭᠠᠨ ᠭᠤᠷᠪᠠᠨ ᠭᠡᠰᠢᠭ᠌ ᠬᠤᠪᠢᠶᠠᠭᠳᠠᠳᠠᠭ᠃ ᠡᠢ᠌ᠨᠭᠦ ᠵᠢᠷᠭᠤᠭᠠᠨ ᠬᠠᠷᠢᠶ᠎ᠠ᠂ ᠠᠷᠪᠠᠨ ᠨᠠᠢᠮᠠᠨ ᠭᠡᠰᠢᠭ᠌ ᠬᠤᠪᠢᠶᠠᠭᠳᠠᠳᠠᠭ᠃《ᠭᠡᠰᠢᠭ᠌》 ᠭᠡᠵᠤ ᠳᠠᠷᠬᠠᠤᠨ ᠤᠨ ᠬᠠᠮᠢᠶᠠᠷᠤᠯᠳᠠ ᠶᠢᠨ ᠪᠠᠢ᠌ᠭᠤᠯᠤᠯ ᠤᠨ ᠬᠠᠮᠤᠭ ᠦᠨᠳᠦᠰᠦᠨ ᠨᠢᠭᠡᠴᠡ᠃ ᠭᠡᠰᠢᠭ᠌ ᠤᠨ ᠪᠦᠷᠢᠯᠳᠦᠭᠦᠨ ᠨᠢ ᠭᠤᠤᠯᠳᠠᠭᠤ ᠠᠯᠢ ᠨᠢᠭᠡᠨ ᠰᠢᠳᠦᠭᠡᠨ ᠢ ᠰᠠᠭᠢᠨ ᠳᠠᠢ᠌ᠬᠤ ᠠᠵᠢᠯ ᠠᠯᠪᠠ ᠶᠢᠨ ᠬᠤᠪᠢᠶᠠᠷᠢᠯᠠᠯ ᠶᠢᠡᠷ ᠬᠤᠪᠢᠶᠠᠭᠳᠠᠵᠠᠢ᠃

ᠡᠵᠡᠨ ᠤ ᠳᠠᠷᠬᠠᠤᠨ ᠤᠨ ᠳᠠᠯ᠎ᠠ ᠶᠢᠨ ᠭᠤᠷᠪᠠᠨ ᠬᠠᠷᠢᠶ᠎ᠠ ᠨᠢ ᠳᠠᠢ᠌ᠰᠢ᠂ ᠣᠰᠤᠪᠠᠨ ᠂ ᠵᠤᠮᠠᠨᠠᠷ ᠪᠣᠯᠤᠨ᠎ᠠ᠃ ᠳᠠᠢ᠌ᠰᠢ ᠶᠢᠨ ᠬᠠᠷᠢᠶᠠᠨ ᠳᠤ ᠳᠠᠢ᠌ᠰᠢ᠂ ᠳᠠᠢ᠌ᠪᠣᠤ᠂ ᠮᠠᠩᠯᠠᠢ ᠭᠤᠷᠪᠠᠨ ᠭᠡᠰᠢᠭ᠌ ᠲᠡᠶ᠃ ᠳᠠᠢ᠌ᠰᠢ ᠶᠢᠨ ᠭᠡᠰᠢᠭ᠌ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠳᠦᠷᠦᠭᠦᠤ ᠪᠣᠯᠳᠠᠭ ᠃ ᠳᠠᠢ᠌ᠪᠣᠤ ᠭᠡᠰᠢᠭ᠌ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠢ ᠪᠠᠯᠡᠦᠡᠭᠡᠨ ᠳᠤᠭᠢᠷᠠᠭᠤᠯᠤᠭᠴᠢ ᠃ ᠮᠠᠩᠯᠠᠢ ᠶᠢᠨ ᠭᠡᠰᠢᠭ᠌ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠶᠡᠷᠦᠩᠭᠡᠢ ᠬᠠᠮᠢᠶᠠᠷᠤᠭᠴᠢ ᠪᠦᠭᠡᠤᠨ ᠡᠭᠢᠯᠡᠭᠦᠯᠦᠭ᠍ᠴᠢ᠃ ᠮᠠᠩᠯᠠᠢ ᠭᠡᠳᠡᠭ᠌ ᠨᠢ ᠮᠠᠩᠯᠠᠢ᠌ᠯᠠᠬᠤ ᠭᠡᠰᠡᠨ ᠣᠤᠠᠬ᠎ᠠ ᠲᠡᠶ᠃ ᠣᠰᠤᠪᠠᠨ ᠬᠠᠷᠢᠶᠠᠨ ᠳᠤ ᠣᠰᠤᠪᠠᠨ᠂ ᠣᠷᠤᠳ᠂ ᠬᠤᠷᠴᠢᠨᠠᠷ ᠭᠤᠷᠪᠠᠨ ᠭᠡᠰᠢᠭ᠌ ᠲᠡᠶ᠃ ᠣᠰᠤᠪᠠᠨ ᠭᠡᠰᠢᠭ᠌ ᠨᠢ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠶᠢᠨ ᠣᠰᠤ ᠳᠦᠯᠡᠭᠡ ᠶᠢ ᠪᠠᠯᠡᠦᠡᠭᠡᠳᠡᠭ᠌᠃ ᠣᠷᠤᠳ ( ᠣᠷᠠᠤᠨ) ᠭᠡᠰᠢᠭ᠌ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠭᠡᠷᠡᠭ᠍ᠰᠡᠭᠦ ᠰᠠᠪᠠ ᠰᠠᠭᠠᠯᠢ ᠪᠠᠭᠠᠵᠢ ᠶᠢ ᠪᠠᠯᠡᠦᠡᠭᠡᠳᠡᠭ᠌᠃ ᠣᠰᠤᠪᠠᠨ ᠭᠡᠰᠢᠭ᠌ ᠲᠤ ᠢᠳᠡᠭᠡ  ᠰᠢᠭᠦᠰᠤ ᠪᠠᠯᠡᠦᠡᠭᠡᠳᠡᠭ᠌ ᠭᠠᠯᠴᠢ ᠨᠡᠷ ᠪᠠᠭᠳᠠᠵᠤ ᠪᠣᠢ᠃ ᠬᠤᠷᠴᠢᠨᠠᠷ ᠭᠡᠰᠢᠭ᠌ ᠨᠢ ᠴᠢᠩᠭᠢᠰ ᠬᠠᠭᠠᠨ ᠤ ᠬᠤᠷ ᠰᠠᠭᠠᠳᠠᠭ ᠢ ᠬᠠᠳᠠᠭᠠᠯᠠᠵᠤ᠂ ᠬᠤᠷ ᠰᠠᠭᠠᠳᠠᠭ ᠤᠨ ᠴᠠᠭᠠᠨ ᠣᠷᠳᠤ ᠶᠢ ᠰᠠᠭᠢᠨ ᠳᠠᠢ᠌ᠭᠴᠢ ᠪᠣᠯᠤᠨ᠎ᠠ ᠃ ᠵᠤᠮᠠᠨᠠᠷ ᠬᠠᠷᠢᠶᠠᠨ ᠳᠤ ᠵᠤᠮᠠᠨᠠᠷ᠂ ᠬᠠᠳᠤᠨ ᠭᠡᠰᠢᠭ᠌ ᠂ ᠳᠤᠤᠯᠢ ᠭᠤᠷᠪᠠᠨ ᠭᠡᠰᠢᠭ᠌ ᠲᠡᠶ᠃ ᠵᠤᠮᠠᠨᠠᠷ ᠬᠠᠷᠢᠶ᠎ᠠ ᠨᠢ ᠴᠢᠩᠭᠢᠰ ᠬᠠᠭᠠᠨ ᠤ ᠳᠠᠢ᠌ᠯᠭ᠎ᠠ ᠶᠤᠰᠤᠯᠠᠯ ᠤᠨ ᠢᠳᠡᠭᠡ  ᠰᠢᠭᠦᠰᠤ ᠂ ᠡᠰᠦᠭ᠌ ᠰᠠᠷᠬᠤᠤᠨ ᠢ ᠪᠠᠯᠡᠦᠡᠭᠡᠭ᠍ᠴᠢ ᠪᠦᠭᠡᠤᠨ ᠡᠰᠦᠭ᠌ ᠤᠨ ᠰᠠᠴᠤᠯᠭ᠎ᠠ ᠶᠢᠨ ᠶᠤᠰᠤᠯᠠᠯ ᠢ ᠭᠦᠢᠴᠡᠦᠡᠭᠡᠭ᠍ᠴᠢ ᠪᠣᠯᠤᠨ᠎ᠠ᠃ 《ᠵᠤᠮ᠎ᠠ》 ᠭᠡᠵᠤ ᠢᠳᠡᠭᠡ  ᠰᠢᠭᠦᠰᠤ ᠶᠢ ᠭᠡᠯᠡᠨ᠎ᠡ᠃ ᠬᠠᠳᠤᠨ ᠤ ᠭᠡᠰᠢᠭ᠌ ᠨᠢ ᠨᠠᠢᠮᠠᠨ ᠴᠠᠭᠠᠨ ᠣᠷᠳᠤᠨ ᠤ ᠬᠠᠳᠤᠳ ᠢ ᠬᠠᠷᠠᠵᠤ ᠳᠠᠢ᠌ᠭᠰᠠᠨ ᠡᠴᠠ ᠬᠠᠳᠤᠨ ᠭᠡᠰᠢᠭ᠌ ᠪᠣᠯᠵᠠᠢ᠃ ᠣᠳᠤ ᠪᠣᠯ ᠬᠤᠯᠠᠨ ᠬᠠᠳᠤᠨ ᠤ ᠴᠤᠮᠴᠤᠭ ᠣᠷᠳᠤᠨ ᠤ ᠳᠠᠢ᠌ᠯᠭ᠎ᠠ ᠶᠢ ᠡᠷᠭᠢᠯᠡᠵᠤ ᠰᠠᠭᠢᠵᠤ ᠬᠠᠮᠠᠭᠠᠯᠠᠭᠴᠢ ᠨᠡᠷ ᠢ ᠬᠠᠳᠤᠨ ᠭᠡᠰᠢᠭ᠌ ᠭᠡᠵᠡᠢ᠃ ᠳᠤᠤᠯᠢ ᠶᠢᠨ ᠭᠡᠰᠢᠭ᠌ ᠨᠢ ᠳᠠᠢ᠌ᠯᠭ᠎ᠠ ᠶᠢᠨ ᠳᠡᠭᠡᠵᠢ ᠶᠢ ᠵᠠᠰᠠᠵᠤ ᠳᠠᠪᠢᠭᠯᠠᠨ ᠪᠠᠰᠠ ᠡᠪᠳᠡᠵᠤ ᠬᠤᠪᠢᠶᠠᠬᠤ ᠠᠵᠢᠯ ᠠᠯᠪᠠ ᠲᠡᠶ᠃

ᠰᠦᠯᠳᠡ ᠶᠢᠨ ᠳᠠᠷᠬᠠᠤᠨ ᠤᠨ ᠳᠠᠯ᠎ᠠ ᠶᠢᠨ ᠭᠤᠷᠪᠠᠨ ᠬᠠᠷᠢᠶ᠎ᠠ ᠨᠢ ᠳᠤᠭᠴᠢᠨ᠂ ᠰᠢᠯᠢᠪᠴᠢᠨ᠂ ᠳᠤᠤᠯᠢ ᠪᠣᠯᠤᠨ᠎ᠠ᠃ ᠳᠤᠭᠴᠢᠨ ᠬᠠᠷᠢᠶᠠᠨ ᠳᠤ ᠳᠤᠭᠴᠢᠨ᠂ ᠶᠡᠭᠡ ᠵᠢᠯᠤᠭᠤᠴᠢᠨ᠂ ᠪᠠᠭ᠎ᠠ ᠵᠢᠯᠤᠭᠤᠴᠢᠨ ᠭᠤᠷᠪᠠᠨ ᠭᠡᠰᠢᠭ᠌ ᠲᠡᠶ᠃ ᠳᠤᠭᠴᠢᠨ ᠭᠡᠰᠢᠭ᠌ ᠨᠢ ᠪᠠᠯᠭᠡ ᠶᠢᠨ ᠵᠢᠬᠰᠠᠭᠠᠯ ᠳᠤ ᠳᠤᠭ ᠭᠢᠭᠢᠷᠢ ᠪᠠᠷᠢᠵᠤ ᠶᠠᠪᠣᠭᠴᠢᠤᠨ ᠪᠠᠢ᠌ᠵᠤ᠂ ᠰᠡᠭᠦᠯᠡᠷ ᠳᠠᠢ᠌ᠯᠭ᠎ᠠ ᠶᠤᠰᠤᠯᠠᠯ ᠤᠨ ᠭᠦᠢᠴᠡᠦᠡᠭᠡᠭ᠍ᠴᠢ ᠪᠣᠯᠤᠭᠠᠤᠨ ᠴᠢᠩᠭᠢᠰ ᠬᠠᠭᠠᠨ ᠤ ᠬᠠᠷ᠎ᠠ ᠰᠦᠯᠳᠡ ᠶᠢ ᠰᠠᠭᠢᠭᠴᠢ ᠪᠣᠯᠵᠠᠢ᠃ ᠶᠡᠭᠡ᠂ ᠪᠠᠭ᠎ᠠ ᠵᠢᠯᠤᠭᠤᠴᠢᠨ ᠭᠡᠰᠢᠭ᠌ ᠨᠢ ᠴᠢᠩᠭᠢᠰ ᠬᠠᠭᠠᠨ ᠤ ᠵᠢᠯᠤᠭᠤ ᠶᠢᠨ ᠴᠠᠭᠠᠨ ᠣᠷᠳᠤ ᠶᠢ ᠰᠠᠭᠢᠨ ᠳᠠᠢ᠌ᠵᠤ᠂ ᠴᠢᠩᠭᠢᠰ ᠬᠠᠭᠠᠨ ᠤ ᠮᠤᠷᠢᠨ ᠤ ᠡᠮᠡᠭᠡᠯ ᠬᠠᠵᠠᠭᠠᠷ ᠢ ᠬᠠᠳᠠᠭᠠᠯᠠᠨ᠂ ᠨᠠᠢᠮᠠᠨ ᠰᠢᠷᠭ᠎ᠠ ᠶᠢᠨ ᠣᠷᠤ ᠶᠢ ᠠᠳᠤᠭᠤᠯᠵᠤ ᠳᠠᠭᠢᠳᠠᠭ᠃ ᠰᠢᠯᠢᠪᠴᠢᠨ ᠬᠠᠷᠢᠶᠠᠨ ᠳᠤ ᠰᠢᠯᠢᠪᠴᠢᠨ᠂ ᠳᠠᠪᠣᠭᠤᠳ᠂ ᠠᠷᠤ ᠳᠤᠭᠴᠢᠨ ᠭᠤᠷᠪᠠᠨ ᠭᠡᠰᠢᠭ᠌ ᠲᠡᠶ᠃ ᠰᠢᠯᠪᠢᠴᠢᠨ ᠭᠡᠰᠢᠭ᠌ ᠨᠢ ᠣᠤᠯ ᠨᠢ ᠪᠠᠯᠭᠡ ᠶᠢᠨ ᠵᠢᠬᠰᠠᠭᠠᠯ ᠳᠤ ᠰᠦᠯᠳᠡ ᠶᠢᠨ ᠰᠢᠯᠪᠢ ᠶᠢ ᠪᠠᠯᠡᠦᠡᠭᠡᠵᠤ ᠰᠦᠯᠳᠡ ᠶᠢ ᠠᠪᠴᠤ ᠶᠠᠪᠣᠳᠠᠭ ᠭᠦᠮᠦᠰ ᠪᠠᠢ᠌ᠵᠤ᠂ ᠰᠡᠭᠦᠯᠡᠷ ᠴᠢᠩᠭᠢᠰ ᠬᠠᠭᠠᠨ ᠤ ᠬᠠᠷ᠎ᠠ ᠰᠦᠯᠳᠡ ᠶᠢᠨ ᠰᠢᠯᠪᠢ ᠶᠢ ᠪᠠᠯᠡᠦᠡᠭᠡᠳᠡᠭ᠌ ᠠᠯᠪᠠ ᠲᠡᠶ ᠪᠣᠯᠵᠠᠢ᠃ ᠳᠠᠪᠣᠭᠤᠳ ᠭᠡᠰᠢᠭ᠌ ᠨᠢ ᠭᠠᠵᠠᠷᠴᠢ᠂ ᠥᠵᠡᠭ᠍ᠴᠢ᠂ ᠬᠤᠰᠢᠭᠤᠴᠢ ᠰᠢᠭᠦᠷᠡᠭ᠍ᠴᠢ᠂ ᠭᠠᠪᠰᠢᠭᠤᠷᠴᠢᠨ ᠵᠡᠷᠭᠡ ᠳᠠᠪᠤᠨ ᠵᠣᠢ᠌ᠯ ᠤᠨ ᠠᠵᠢᠯ ᠠᠯᠪᠠ ᠲᠡᠶ ᠭᠦᠮᠦᠰ ᠶᠢᠡᠷ ᠪᠦᠷᠢᠯᠳᠦᠵᠡᠢ᠃ ᠡᠳᠡᠭᠡᠷ ᠨᠢ ᠰᠦᠯᠳᠡ ᠶᠢᠨ ᠳᠠᠢ᠌ᠯᠭ᠎ᠠ ᠳᠤ ᠳᠤᠰ ᠳᠤᠰ ᠤᠨ ᠠᠵᠢᠯ ᠠᠯᠪᠠ ᠲᠡᠶ ᠪᠠᠢ᠌ᠵᠤ᠂ ᠴᠤᠭ ᠭᠡᠢ᠌ᠮᠤᠷᠢ ᠶᠢᠨ ᠵᠢᠬᠰᠠᠭᠠᠯ ᠳᠤ ᠶᠠᠪᠣᠵᠤ ᠪᠠᠢ᠌ᠭᠰᠠᠤᠨ ᠪᠣᠯᠤᠨ᠎ᠠ᠃ ᠠᠷᠤ ᠳᠤᠭᠴᠢᠨ ᠭᠡᠰᠢᠭ᠌ ᠨᠢ ᠣᠤᠯ ᠨᠢ ᠪᠠᠯᠭᠡ ᠶᠢᠨ ᠵᠢᠬᠰᠠᠭᠠᠯ ᠳᠤ ᠳᠤᠭ ᠭᠢᠭᠢᠷᠢ ᠶᠢᠨ ᠠᠷᠤ ᠳᠤ ᠪᠠᠯᠡᠦᠡᠭᠡᠯ ᠳᠤᠭᠴᠢᠨ ᠶᠢᠡᠷ ᠶᠠᠪᠣᠵᠤ ᠪᠠᠢ᠌ᠵᠠᠢ᠃ ᠮᠦᠨ ᠪᠠᠯᠭᠡ ᠶᠢᠨ ᠵᠢᠬᠰᠠᠭᠠᠯ ᠳᠤ ᠶᠠᠪᠣᠵᠤ ᠪᠠᠢ᠌ᠭᠰᠠᠤᠨ ᠪᠣᠯᠤᠨ᠎ᠠ᠃ ᠰᠡᠭᠦᠯᠡᠷ ᠴᠢᠩᠭᠢᠰ ᠬᠠᠭᠠᠨ ᠤ ᠬᠠᠷ᠎ᠠ ᠰᠦᠯᠳᠡ ᠶᠢ ᠰᠠᠭᠢᠨ ᠳᠠᠢ᠌ᠬᠤ ᠠᠯᠪᠠ ᠲᠡᠶ ᠪᠣᠯᠵᠠᠢ᠃ ᠳᠤᠤᠯᠢ ᠶᠢᠨ ᠬᠠᠷᠢᠶᠠᠨ ᠳᠤ ᠳᠤᠤᠯᠢ᠂ ᠶᠡᠭᠡ ᠪᠦᠷᠢᠶᠡᠴᠢᠨ᠂ ᠪᠠᠭ᠎ᠠ ᠪᠦᠷᠢᠶᠡᠴᠢᠨ ᠭᠤᠷᠪᠠᠨ ᠭᠡᠰᠢᠭ᠌ ᠲᠡᠶ᠃ ᠳᠤᠤᠯᠢ ᠭᠡᠰᠢᠭ᠌ ᠨᠢ ᠠᠯᠳᠠᠨ ᠣᠷᠢᠶ᠎ᠠ ᠠᠷᠪᠠᠨ ᠬᠤᠶᠠᠷ ᠳᠤᠤᠯᠢ ᠡᠴᠠ ᠪᠦᠷᠢᠯᠳᠦᠵᠡᠢ ᠃ ᠣᠤᠯ ᠨᠢ ᠪᠠᠯᠭᠡ ᠶᠢᠨ ᠵᠢᠬᠰᠠᠭᠠᠯ ᠤᠨ ᠥᠷᠯᠦᠭ᠌ ᠪᠠ ᠬᠤᠶᠠᠭ ᠤᠳ ᠤᠨ ᠢᠯᠳᠤ ᠵᠢᠳᠠ ᠂ ᠨᠤᠮᠤ ᠰᠤᠮᠤ ᠵᠡᠷᠭᠡ ᠠᠯᠢᠪᠠ ᠭᠡᠷᠡᠭ᠍ᠰᠡᠯ ᠢ ᠳᠦᠭᠡᠭᠡᠨ ᠣᠯᠭᠤᠵᠤ ᠵᠢᠭᠠᠨ ᠳᠤᠭᠢᠭᠴᠢ ᠪᠠᠢ᠌ᠵᠠᠢ᠃ ᠰᠡᠭᠦᠯᠡᠷ ᠳᠠᠢ᠌ᠯᠭ᠎ᠠ ᠶᠤᠰᠤᠯᠠᠯ ᠤᠨ ᠶᠠᠮᠤᠳᠤ ᠪᠣᠯᠤᠭᠠᠤᠨ ᠬᠠᠷ᠎ᠠ ᠰᠦᠯᠳᠡ ᠶᠢ ᠰᠠᠭᠢᠨ ᠳᠠᠢ᠌ᠭᠴᠢ ᠪᠣᠯᠵᠠᠢ᠃ ᠶᠡᠭᠡ ᠂ ᠪᠠᠭ᠎ᠠ ᠪᠦᠷᠢᠶᠡᠴᠢᠨ ᠭᠡᠰᠢᠭ᠌ ᠣᠤᠯ ᠨᠢ ᠪᠠᠯᠭᠡ ᠶᠢᠨ ᠵᠢᠬᠰᠠᠭᠠᠯ ᠳᠤ ᠬᠠᠰᠭᠢᠷᠤᠭ᠎ᠠ ᠶᠡᠭᠡᠳᠤ ᠬᠠᠳᠠᠨ ᠣᠯᠠᠭᠠᠨ ᠪᠦᠷᠢᠶ᠎ᠡ ᠶᠢ ᠥᠯᠢᠶᠡᠭ᠍ᠴᠢ ᠪᠠ ᠠᠪᠴᠤ ᠶᠠᠪᠣᠭᠴᠢ ᠪᠠᠢ᠌ᠵᠤ᠂ ᠰᠡᠭᠦᠯᠡᠷ ᠬᠠᠳᠠᠨ ᠣᠯᠠᠭᠠᠨ ᠪᠦᠷᠢᠶ᠎ᠡ ᠶᠢ ᠬᠠᠳᠠᠭᠠᠯᠠᠨ ᠳᠠᠢ᠌ᠭᠴᠢ ᠪᠣᠯᠵᠠᠢ᠃ ᠰᠦᠯᠳᠡ ᠶᠢᠨ ᠳᠠᠢ᠌ᠯᠭ᠎ᠠ ᠳᠤ ᠮᠦᠨ ᠡᠳᠡ ᠪᠦᠷᠢᠶ᠎ᠡ ᠶᠢ ᠭᠠᠷᠭᠠᠵᠤ ᠥᠯᠢᠶᠡᠳᠡᠭ᠌᠃

ᠡᠭᠦᠨ ᠳᠤ᠂ ᠡᠵᠡᠨ ᠤ ᠪᠠ ᠰᠦᠯᠳᠡ ᠶᠢᠨ ᠬᠤᠶᠠᠷ ᠳᠠᠯ᠎ᠠ ᠶᠢᠨ ᠭᠡᠰᠢᠭ᠌ ᠤᠨ ᠭᠢᠨ ᠵᠢᠯ ᠪᠣᠯᠭᠠᠨ ᠳᠤ ᠦᠪᠡᠷ ᠦᠪᠡᠷ ᠤᠨ ᠭᠡᠰᠢᠭ᠌ ᠤᠨ ᠳᠠᠢ᠌ᠯᠭ᠎ᠠ ᠳᠠᠭᠢᠯᠭ᠎ᠠ ᠶᠢᠨ ᠡᠳᠦᠷ ᠲᠡᠶ᠃ ᠳᠠᠳᠠ ᠨᠡᠷ ᠦᠪᠡᠷ ᠤᠨ ᠭᠡᠰᠢᠭ᠌ ᠤᠨ ᠳᠠᠢ᠌ᠯᠭ᠎ᠠ ᠶᠢᠨ ᠡᠳᠦᠷ ᠲᠤ ᠴᠢᠩᠭᠢᠰ ᠬᠠᠭᠠᠨ ᠤ ᠣᠩᠭ᠋ᠤᠨ ᠳᠤ ᠬᠠᠮᠳᠤᠪᠠᠷ ᠴᠤᠭᠯᠠᠷᠠᠵᠠᠭᠠᠨ ᠦᠪᠡᠷ ᠦᠪᠡᠷ ᠤᠨ ᠬᠠᠳᠠᠭ᠂ ᠠᠷᠠᠵᠠ᠂ ᠢᠳᠡᠭᠡ ᠰᠢᠭᠦᠰᠤ ᠶᠢᠨ ᠳᠡᠭᠡᠵᠢ ᠪᠠᠨ ᠪᠣᠭᠳᠠ ᠡᠵᠡᠨ ᠭᠡᠭᠡᠭᠡᠨ ᠪᠠ ᠰᠦᠯᠳᠡ ᠶᠢᠨ ᠭᠡᠭᠡᠭᠡᠨ ᠳᠡᠭᠡᠨ ᠡᠷᠭᠦᠵᠤ ᠳᠠᠢ᠌ᠯᠭ᠎ᠠ ᠭᠢᠳᠡᠭ᠌ ᠪᠠᠢ᠌ᠨ᠎ᠠ᠃ ᠡᠵᠡᠨ ᠤ ᠳᠠᠷᠬᠠᠤᠨ ᠤᠨ ᠭᠡᠰᠢᠭ᠌ ᠤᠨ ᠮᠥᠷᠭᠦᠯ ᠳᠤ᠄ ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠠᠷᠪᠠᠨ ᠳᠤ ᠳᠠᠢ᠌ᠰᠢ ᠶᠢᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠠᠷᠪᠠᠨ ᠬᠤᠶᠠᠷ ᠲᠤ ᠪᠠᠭ᠎ᠠ ᠡᠵᠡᠨ ᠤ ᠮᠥᠷᠭᠦᠯ ᠂ ᠪᠢᠯᠢᠭ᠌ ᠤᠨ ᠣᠯᠠᠷᠢᠯ ᠊ᠤᠨ ᠵᠢᠷᠭᠤᠭᠠᠨ ᠰᠠᠷ᠎ᠠ ᠶᠢᠨ ᠠᠷᠪᠠᠨ ᠳᠤᠯᠤᠭᠠᠨ ᠳᠤ ᠮᠠᠩᠯᠠᠢ ᠶᠢᠨ ᠭᠡᠰᠢᠭ᠌ ᠤᠨ ᠮᠥᠷᠭᠦᠯ᠂ ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠠᠷᠪᠠᠨ ᠨᠠᠢᠮᠠᠨ ᠳᠤ ᠬᠤᠷᠴᠢᠨᠠᠷ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠊ᠤᠨ ᠵᠷᠭᠤᠭᠠᠨ ᠰᠠᠷ᠎ᠠ ᠶᠢᠨ ᠬᠤᠷᠢᠨ ᠳᠤ ᠳᠠᠢ᠌ᠪᠣᠤ ᠶᠢᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠬᠤᠷᠢᠨ ᠳᠠᠪᠤᠨ ᠳᠤ ᠣᠰᠤᠪᠠᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠬᠤᠷᠢᠨ ᠳᠤᠯᠤᠭᠠᠨ ᠳᠤ ᠳᠠᠢ᠌ᠵᠢᠨᠠᠷ ᠤᠨ ᠮᠥᠷᠭᠦᠯ ᠂ ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠬᠠᠳᠠᠨ ᠭᠡᠰᠢᠭ᠌ ᠤᠨ ᠮᠥᠷᠭᠦᠯ᠂ ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠰᠢᠨ᠎ᠡ ᠶᠢᠨ ᠨᠠᠢᠮᠠᠨ ᠳᠤ ᠪᠠᠭ᠎ᠠ ᠡᠵᠡᠨ ᠤ ᠡᠪᠦᠯᠵᠢᠶᠡᠨ ᠤ ᠮᠥᠷᠭᠦᠯ ᠭᠡᠵᠤ ᠪᠣᠢ᠃ ᠰᠦᠯᠳᠡ ᠶᠢᠨ ᠳᠠᠷᠬᠠᠤᠨ ᠤᠨ ᠭᠡᠰᠢᠭ᠌ ᠤᠨ ᠮᠥᠷᠭᠦᠯ ᠳᠤ᠄ ᠪᠢᠯᠢᠭ᠌ ᠤᠨ ᠣᠯᠠᠷᠢᠯ ᠤᠨ ᠳᠦᠷᠪᠡᠨ ᠰᠠᠷ᠎ᠠ ᠶᠢᠨ ᠰᠢᠨ᠎ᠡ ᠶᠢᠨ ᠭᠤᠷᠪᠠᠨ ᠳᠤ ᠳᠤᠭᠴᠢᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠳᠤᠯᠤᠭᠠᠨ ᠰᠠᠷ᠎ᠠ ᠶᠢᠨ ᠠᠷᠪᠠᠨ ᠳᠦᠷᠪᠡᠨ ᠳᠤ ᠳᠤᠤᠯ ᠤᠨ ᠭᠡᠰᠢᠭ᠌ ᠂ ᠪᠦᠷᠢᠶᠡᠴᠢᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠮᠠᠩᠯᠠᠢ ᠶᠢᠨ ᠭᠡᠰᠢᠭ᠌ ᠤᠨ ᠮᠥᠷᠭᠦᠯ ᠂ ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠰᠢᠨ᠎ᠡ ᠶᠢᠨ ᠨᠠᠢᠮᠠᠨ ᠳᠤ ᠪᠠᠭ᠎ᠠ ᠵᠢᠯᠤᠭᠤᠴᠢᠨ ᠭᠡᠰᠢᠭ᠌ ᠤᠨ ᠮᠥᠷᠭᠦᠯ ᠭᠡᠵᠤ ᠪᠠᠢ᠌ᠳᠠᠭ᠃

ᠳᠡᠦᠭᠡᠨ ᠣᠷᠳᠤ ᠣᠳᠠᠭᠠᠨ ᠰᠢᠯᠭᠠᠯᠳᠠ ᠳᠤᠮᠳᠠ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠶᠢ ᠥᠷᠭᠦᠯᠵᠢᠯᠡᠭᠦᠯᠵᠤ ᠪᠠᠢ᠌ᠭᠰᠠᠨ ᠵᠠᠷᠢᠮ ᠶᠠᠮᠤᠳᠠᠤᠨ ᠤᠨ ᠣᠳᠤᠮ ᠣᠭᠰᠠᠭ᠎ᠠ ᠬᠣᠢ᠌ᠴᠢᠰ ᠨᠡᠭᠦᠵᠤ ᠪᠠᠭᠤᠭᠰᠠᠨ ᠪᠣᠶᠤ ᠥᠢᠮᠡᠭᠡᠨ ᠰᠠᠮᠠᠭᠤᠨ ᠡᠴᠠ ᠵᠠᠢ᠌ᠯᠠᠵᠤ ᠪᠣᠰᠤᠳ ᠣᠷᠤᠨ ᠳᠤ ᠣᠴᠢᠭᠰᠠᠨ ᠵᠢᠴᠢ ᠵᠠᠯᠭᠠᠮᠵᠢᠯᠠᠬᠤ ᠭᠦᠪᠠᠭᠦᠨ ᠦᠭᠡᠶ ᠡᠴᠠ ᠴᠢᠩᠭᠢᠰ ᠬᠠᠭᠠᠨ ᠤ ᠳᠠᠢ᠌ᠯᠭ᠎ᠠ ᠳᠠᠭᠢᠯᠭ᠎ᠠ ᠳᠤ ᠣᠢ᠌ᠯᠠᠴᠢᠯᠠᠵᠤ ᠪᠠᠢ᠌ᠬᠤ ᠦᠭᠡᠶ ᠪᠣᠯᠵᠤ᠂ ᠡᠵᠡᠨ ᠤ ᠳᠠᠷᠬᠠᠤᠨ ᠤᠨ ᠨᠠᠢᠮᠠᠨ ᠶᠠᠮᠤᠳᠠᠤᠨ ᠡᠴᠠ ᠳᠤᠤᠯᠢ᠂ ᠭᠦᠭᠦᠭᠡ᠂ ᠬᠤᠠᠵᠢᠨ ᠭᠤᠷᠪᠠᠨ ᠶᠠᠮᠤᠳᠠᠨ ᠳᠤᠳᠠᠭᠳᠠᠭᠰᠠᠨ ᠪᠠᠢ᠌ᠨ᠎ᠠ᠃ ᠰᠦᠯᠳᠡ ᠶᠢᠨ ᠳᠠᠷᠬᠠᠤᠨ ᠤᠨ ᠨᠠᠢᠮᠠᠨ ᠶᠠᠮᠤᠳᠠᠤᠨ ᠡᠴᠠ ᠲᠦᠮᠡᠳᠤ᠂ ᠮᠢᠩᠭ᠋ᠠᠳᠤ᠂ ᠭᠦᠭᠦᠭᠡ ᠭᠤᠷᠪᠠᠨ ᠶᠠᠮᠤᠳᠠᠨ ᠳᠤᠳᠠᠭᠳᠠᠭᠰᠠᠨ ᠪᠠᠢ᠌ᠳᠠᠭ᠃ ᠡᠢ᠌ᠡᠭᠦ ᠬᠠᠮᠢᠶ᠎ᠠ ᠪᠦᠭᠦᠢ ᠪᠠᠢ᠌ᠭᠤᠯᠤᠯᠭ᠎ᠠ ᠨᠢᠭᠡᠴᠡ᠂ ᠬᠤᠪᠢ ᠭᠦᠮᠦᠰ ᠲᠡᠶ ᠬᠠᠷᠢᠯᠴᠠᠵᠤ᠂ ᠴᠢᠩᠭᠢᠰ ᠬᠠᠭᠠᠨ ᠤ ᠬᠠᠮᠢᠶᠠᠷᠤᠯᠳᠠ ᠶᠢᠨ ᠵᠦᠪᠯᠠᠯ ᠤᠨ ᠳᠠᠢ᠌ᠯᠭ᠎ᠠ ᠰᠤᠶᠤᠯ ᠤᠨ ᠠᠯᠪᠠᠨ ᠭᠡᠷ ᠡᠴᠠ ᠳᠤᠳᠠᠭᠳᠠᠵᠤ ᠪᠠᠢ᠌ᠭ᠎ᠠ ᠶᠠᠮᠤᠳᠠᠤᠨ ᠤᠨ ᠣᠳᠤᠮ ᠣᠭᠰᠠᠭ᠎ᠠ ᠶᠢ ᠡᠷᠢᠵᠤ ᠳᠤᠳᠤᠯᠠᠨ᠂ ᠴᠢᠩᠭᠢᠰ ᠬᠠᠭᠠᠨ ᠳᠠᠢ᠌ᠯᠭ᠎ᠠ ᠳᠠᠭᠢᠯᠭ᠎ᠠ ᠳᠤ ᠥᠢᠯᠡᠴᠢᠯᠡᠭᠦᠯᠤᠨ᠂ ᠮᠥᠩᠭᠡ ᠰᠤᠶᠤᠯ ᠤᠨ ᠭᠤᠯᠤᠮᠳᠠ ᠪᠠᠨ ᠬᠠᠮᠠᠭᠠᠯᠠᠬᠤ ᠠᠵᠢᠯ ᠢ ᠭᠢᠭᠦ ᠪᠠᠷ ᠴᠢᠷᠮᠠᠢ᠌ᠨ ᠠᠵᠢᠯᠯᠠᠵᠤ ᠪᠠᠢ᠌ᠨ᠎ᠠ᠃


ᠳᠠᠷᠬᠠᠤᠨ ᠤᠨ ᠳᠡᠦᠭᠡᠨ ᠡᠭᠦᠷᠭᠡ


ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠪᠠ ᠰᠦᠯᠳᠡ ᠰᠢᠳᠦᠭᠡᠨ ᠢ ᠰᠠᠭᠢᠨ ᠬᠠᠮᠠᠭᠠᠯᠠᠬᠤ ᠪᠠ ᠳᠠᠭᠢᠯᠭ᠎ᠠ ᠳᠠᠢ᠌ᠯᠭ᠎ᠠ ᠥᠢᠯᠡᠦᠡᠭᠦ ᠪᠣᠯ ᠰᠢᠷ᠎ᠠ ᠳᠠᠷᠬᠠᠤᠨ ᠭᠦᠮᠦᠰ ᠤᠨ ᠠᠷᠢᠭᠤᠨ ᠳᠠᠷᠬᠠᠨ ᠡᠭᠦᠷᠭᠡ ᠪᠣᠯᠤᠨ᠎ᠠ᠃ ᠭᠡᠳᠤᠨ ᠵᠠᠭᠤᠨ ᠤ ᠨᠡᠢ᠌ᠭᠡᠮ ᠪᠠᠢ᠌ᠭᠠᠯᠢ ᠶᠢᠨ ᠬᠠᠳᠠᠭᠤ ᠪᠠᠷᠭᠡᠰᠢᠶᠡᠯᠳᠤ ᠣᠷᠴᠢᠨ ᠳᠤᠭᠤᠷᠢᠨ ᠳᠤ ᠰᠢᠷ᠎ᠠ ᠳᠠᠷᠬᠠᠴᠤᠳ ᠡᠵᠡᠨ ᠤ ᠣᠩᠭ᠋ᠤᠨ ᠰᠢᠳᠦᠭᠡᠨ ᠢ ᠠᠮᠢ ᠨᠠᠰᠤ ᠪᠠᠷ ᠶᠢᠡᠨ ᠰᠠᠭᠢᠨ ᠬᠠᠮᠠᠭᠠᠯᠠᠵᠤ᠂ ᠡᠵᠡᠨ ᠰᠢᠳᠦᠭᠡᠨ ᠶᠢᠡᠨ ᠬᠠᠮᠠᠭᠠᠯᠠᠨ ᠵᠡᠭᠦᠡᠰᠢ ᠪᠠᠷᠠᠭᠤᠠᠰᠢ ᠨᠡᠭᠦᠳᠡᠯᠯᠡᠭ᠍ᠰᠡᠨ ᠪᠠ ᠡᠭᠡᠯᠵᠢᠯᠡᠭᠦ ᠳᠦᠷᠪᠡᠨ ᠣᠯᠠᠷᠢᠯ᠂ ᠡᠳᠦᠷ ᠰᠦᠨᠢ ᠶᠢᠨ ᠬᠤᠷᠢᠨ ᠳᠦᠷᠪᠡᠨ ᠴᠠᠭ ᠲᠤ ᠣᠰᠤᠯᠳᠠᠯ ᠦᠭᠡᠶ ᠰᠠᠭᠢᠨ ᠮᠠᠨᠠᠵᠤ᠂ ᠳᠠᠰᠤᠯᠳᠠᠯ ᠦᠭᠡᠶ ᠳᠠᠭᠢᠨ ᠰᠢᠳᠤᠵᠤ᠂ ᠰᠢᠳᠦᠯᠭᠡ ᠳᠠᠭᠢᠯᠭ᠎ᠠ ᠶᠢᠨ ᠮᠥᠩᠭᠡ ᠵᠤᠯᠠ ᠶᠢ ᠦᠨᠦ ᠪᠣᠯᠳᠠᠯ᠎ᠠ ᠥᠷᠭᠦᠯᠵᠢᠯᠡᠭᠦᠯᠵᠤ ᠂ ᠮᠤᠩᠭ᠋ᠤᠯ ᠭᠦᠷᠤᠨ ᠤ ᠳᠠᠢ᠌ᠯᠭ᠎ᠠ ᠳᠠᠭᠢᠯᠭ᠎ᠠ ᠶᠢᠨ ᠶᠤᠰᠤᠨ ᠢ ᠪᠦᠷᠢᠨ ᠪᠦᠳᠤᠨ ᠬᠠᠳᠠᠭᠠᠯᠠᠨ ᠣᠯᠠᠮᠵᠢᠯᠠᠬᠤ ᠳᠤ ᠪᠠᠯᠠᠷᠠᠰᠢ ᠦᠭᠡᠶ ᠭᠠᠪᠢᠶ᠎ᠠ ᠵᠢᠦᠡᠭᠦᠯ ᠥᠵᠡᠭᠦᠯᠪᠡ ᠃

ᠳᠠᠷᠬᠠᠤᠠᠴᠤᠳ ᠭᠡᠳᠤᠨ ᠵᠠᠭᠤᠨ ᠵᠢᠯ ᠤᠨ ᠳᠤᠷᠰᠢ ᠦᠪᠡᠷ ᠤᠨ ᠳᠠᠷᠬᠠᠨ ᠡᠭᠦᠷᠭᠡ ᠬᠠᠷᠢᠭᠤᠴᠠᠯᠭ᠎ᠠ ᠪᠠᠨ ᠭᠦᠢᠴᠡᠦᠡᠭᠡᠵᠤ᠂ ᠣᠳᠠᠭ᠎ᠠ ᠪᠦᠷᠢ ᠶᠢᠨ ᠳᠠᠢ᠌ᠯᠭ᠎ᠠ ᠳᠠᠭᠢᠯᠭ᠎ᠠ ᠶᠢ ᠣᠰᠤᠯᠳᠠᠯ ᠦᠭᠡᠶ ᠰᠠᠢ᠌ᠨ ᠭᠢᠭᠦ ᠪᠠᠷ ᠪᠠᠷᠠᠬᠤ ᠦᠭᠡᠶ᠂ ᠦᠪᠡᠷ ᠤᠨ ᠦᠷ᠎ᠡ ᠠᠴᠢᠨᠠᠷ ᠲᠠᠭᠠᠨ ᠠᠵᠢᠯ ᠠᠯᠪᠠ᠂ ᠥᠴᠢᠭ᠌ ᠢᠷᠦᠭᠡᠯ᠂ ᠳᠠᠢ᠌ᠯᠭ᠎ᠠ ᠶᠢᠨ ᠶᠤᠰᠤ ᠵᠢᠷᠤᠮ᠂ ᠶᠠᠪᠣᠴᠠ ᠶᠢ ᠣᠯᠠᠮᠵᠢᠯᠠᠨ ᠵᠢᠭᠠᠨ ᠰᠤᠷᠭᠠᠵᠤ᠂ ᠴᠢᠩᠭᠢᠰ ᠬᠠᠭᠠᠨ ᠤ ᠳᠠᠢ᠌ᠯᠭ᠎ᠠ ᠪᠦᠷᠢᠨ ᠪᠦᠳᠤᠨ ᠣᠯᠠᠮᠵᠢᠯᠠᠬᠤ ᠶᠢ ᠪᠠᠳᠤᠯᠠᠭᠰᠠᠨ ᠪᠠᠢ᠌ᠨ᠎ᠠ᠃ ᠣᠳᠠᠭ᠎ᠠ ᠪᠦᠷᠢ ᠶᠢᠨ ᠳᠠᠢ᠌ᠯᠭ᠎ᠠ ᠳᠤ ᠳᠤᠭᠳᠠᠭᠰᠠᠨ ᠵᠢᠷᠤᠮ ᠶᠢᠡᠷ ᠡᠰᠦᠭ᠌᠂ ᠰᠠᠷᠬᠤᠤᠨ ᠤᠨ ᠴᠢᠨᠠᠷ᠂ ᠳᠤᠭ᠎ᠠ ᠶᠢ ᠪᠠᠳᠤᠯᠠᠵᠤ᠂ ᠢᠳᠡᠭᠡ ᠰᠢᠭᠦᠰᠤ ᠶᠢ ᠬᠠᠮᠤᠭ ᠰᠠᠢ᠌ᠨ ᠶᠢᠡᠷ ᠳᠦᠭᠦᠭᠡᠷᠳᠡᠭ᠌ ᠪᠠᠢ᠌ᠨ᠎ᠠ᠃《ᠠᠯᠳᠠᠨ ᠪᠢᠴᠢᠭ᠌》 ᠤᠨ《ᠡᠵᠡᠨ ᠤ ᠭᠡᠷᠡᠭ᠌ ᠤᠨ ᠬᠠᠤᠯᠢ》 ᠳᠤ 《ᠬᠤᠷᠤᠵᠠ ᠶᠢᠨ ᠠᠮᠳᠠ ᠮᠡᠭᠦᠰ ᠪᠣᠯᠪᠠᠰᠤ ᠨᠢᠭᠡᠨ ᠮᠤᠷᠢ᠂ ᠨᠢᠭᠡᠨ ᠭᠡᠮ ᠳᠤᠳᠠᠪᠠᠰᠤ ᠳᠦᠷᠪᠡᠨ ᠮᠤᠷᠢ᠂ ᠣᠷᠤ ᠦᠭᠡᠶ ᠳᠤᠳᠠᠪᠠᠰᠤ ᠨᠠᠢᠮᠠᠨ ᠮᠤᠷᠢ ᠳᠤᠷᠭ᠎ᠠ᠃ ᠠᠷᠢᠭᠢ ᠨᠢᠭᠡᠨ ᠳᠠᠷᠠᠰᠤ ᠳᠤᠳᠠᠪᠠᠰᠤ ᠨᠢᠭᠡᠨ ᠮᠤᠷᠢ᠂ ᠨᠢᠭᠡᠨ ᠭᠡᠮ ᠳᠤᠳᠠᠪᠠᠰᠤ ᠨᠢᠭᠡᠨ ᠮᠤᠷᠢ᠂ ᠣᠷᠤ ᠦᠭᠡᠶ ᠳᠤᠳᠠᠪᠠᠰᠤ ᠨᠠᠢᠮᠠᠨ ᠮᠤᠷᠢ᠂ ᠠᠢ᠌ᠷᠠᠭ ᠳᠤᠳᠠᠪᠠᠰᠤ ᠬᠠᠤᠯᠢ ᠠᠷᠢᠭᠢᠨ ᠯᠤᠭ᠎ᠠ ᠠᠳᠠᠯᠢ ᠪᠣᠢ》ᠭᠡᠵᠡᠢ᠃ ᠳᠠᠢ᠌ᠯᠭ᠎ᠠ ᠶᠢᠨ ᠠᠯᠢᠪᠠ ᠥᠴᠢᠭ᠌ ᠢᠷᠦᠭᠡᠯ ᠢ ᠰᠤᠳᠤᠷ ᠪᠢᠴᠢᠭ᠌ ᠤᠨ ᠶᠤᠰᠤᠭᠠᠷ ᠰᠠᠢ᠌ᠳᠤᠷ ᠴᠡᠭᠡᠵᠢᠯᠡᠨ ᠳᠤᠭᠳᠠᠭᠠᠯ ᠶᠢᠡᠷ ᠣᠩᠰᠢᠨ ᠳᠠᠭᠤᠳᠠᠵᠤ᠂ ᠬᠠᠰᠢ ᠶᠠᠰᠢ ᠪᠣᠯᠪᠠᠯ ᠪᠠᠰᠠ ᠶᠠᠯᠠᠯᠠᠳᠠᠭ ᠪᠠᠢ᠌ᠵᠠᠢ᠃

ᠴᠢᠩᠭᠢᠰ ᠬᠠᠭᠠᠨ ᠤ ᠨᠠᠢᠮᠠᠨ ᠴᠠᠭᠠᠨ ᠣᠷᠳᠤ ᠪᠣᠯᠤᠨ ᠰᠦᠯᠳᠡ ᠶᠢᠨ ᠳᠠᠢ᠌ᠯᠭ᠎ᠠ ᠵᠢᠯ ᠳᠤ ᠭᠡᠳᠤᠨ ᠠᠷᠪᠠ ᠣᠳᠠᠭ᠎ᠠ ᠶᠠᠪᠣᠭᠳᠠᠳᠠᠭ᠃ ᠳᠡᠭᠦᠡᠴᠢᠯᠡᠨ ᠳᠤᠭᠳᠠᠭᠠᠯ ᠶᠤᠰᠤᠭᠠᠷ ᠴᠤᠮᠴᠤᠭ ᠣᠷᠳᠤ ᠪᠣᠯᠤᠨ ᠰᠢᠳᠦᠭᠡᠨ ᠢ ᠥᠷᠭᠦᠯᠵᠢ ᠰᠢᠨᠡᠦᠡᠭᠡᠳᠡᠭ᠌ ᠪᠠᠢ᠌ᠨ᠎ᠠ᠃ ᠨᠢᠭᠡ ᠵᠢᠯ ᠤᠨ ᠳᠠᠢ᠌ᠯᠭ᠎ᠠ ᠳᠤ ᠭᠡᠷᠡᠭ᠍ᠰᠡᠭᠦ ᠳᠠᠪᠢᠯᠭ᠎ᠠ᠂ ᠳᠤᠨᠤᠭ ᠳᠦᠭᠦᠭᠡᠷᠦᠮᠵᠢ ᠶᠢ ᠰᠠᠯᠪᠢᠨ ᠵᠠᠰᠠᠬᠤ᠂ ᠰᠢᠨᠡᠦᠡᠭᠡᠭᠦ ᠵᠡᠷᠭᠡ ᠳᠤ ᠪᠠᠭ᠎ᠠ ᠪᠣᠰᠤ ᠵᠠᠷᠤᠳᠠᠯ ᠭᠡᠷᠡᠭᠯᠡᠨ᠎ᠡ᠃ ᠡᠵᠡᠨ ᠪᠣᠭᠳᠠ ᠶᠢᠨ ᠣᠩᠭ᠋ᠤᠨ ᠰᠢᠳᠦᠭᠡᠨ ᠤ ᠳᠠᠢ᠌ᠯᠭ᠎ᠠ ᠳᠠᠭᠢᠯᠭ᠎ᠠ ᠶᠢ ᠣᠰᠤᠯᠳᠠᠯ ᠦᠭᠡᠶ ᠭᠦᠢᠴᠡᠦᠡᠭᠡᠭᠦ ᠶᠢᠨ ᠳᠦᠯᠦᠭᠡ ᠳᠠᠪᠤᠨ ᠵᠠᠭᠤᠨ ᠡᠷᠦᠭᠡ ᠰᠢᠷ᠎ᠠ ᠳᠠᠷᠬᠠᠤᠨ ᠵᠢᠯ ᠪᠦᠷᠢ ᠳᠠᠪᠤᠨ ᠵᠠᠭᠤᠨ ᠯᠠᠩ ᠮᠦᠩᠭᠦ ᠳᠤᠳᠠᠭᠤᠯᠤᠯ ᠦᠭᠡᠶ ᠳᠤᠰᠢᠶᠠᠬᠤ ᠶᠢᠨ ᠬᠠᠮᠳᠤ ᠪᠠᠰᠠ ᠣᠯᠠᠭᠠᠠᠴᠠᠪ᠂ ᠰᠢᠯᠢ ᠶᠢᠨ ᠭᠤᠤᠯ᠂ ᠱᠠᠪᠢ ᠳᠠᠪᠣ᠂ ᠵᠤᠤ ᠣᠳᠠ᠂ ᠵᠤᠰᠤᠳᠤ᠂ ᠵᠢᠷᠢᠮ᠂ ᠬᠠᠯᠬ᠎ᠠ᠂ ᠭᠦᠯᠤᠨ ᠪᠣᠢ᠌ᠷ᠂ ᠪᠣᠷᠢᠶᠠᠤᠨ᠂ ᠳᠦᠷᠪᠡᠨ ᠳᠠᠯᠠᠢ ᠶᠢᠨ ᠬᠠᠨ᠂ ᠠᠯᠠᠱᠠᠨ ᠥᠭᠡᠯᠡᠳ᠂ ᠣᠷᠳᠤᠰ ᠤᠨ ᠳᠤᠯᠤᠭᠠᠨ ᠬᠤᠰᠢᠭᠤ ᠵᠡᠷᠭᠡ ᠭᠠᠵᠠᠷ ᠤᠳ ᠶᠢᠡᠷ ᠳᠤᠭᠤᠷᠢᠨ ᠪᠠᠳᠢᠷ ᠪᠠᠷᠢᠵᠤ᠂ ᠳᠠᠭᠢᠯᠭ᠎ᠠ ᠶᠢᠨ ᠡᠳ᠋ ᠠᠭᠤᠷᠠᠰᠤ ᠬᠤᠷᠠᠮᠳᠤᠭᠤᠯᠵᠤ ᠪᠠᠢ᠌ᠵᠠᠢ᠃


ᠨᠠᠮ ᠵᠠᠰᠠᠭ ᠤᠨ ᠬᠠᠯᠠᠮᠵᠢ


ᠳᠦᠪ ᠵᠠᠰᠠᠭ ᠤᠨ ᠣᠷᠳᠤᠨ ᠪᠣᠯᠤᠨ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠤᠳᠤᠨᠤ ᠬᠠᠯᠠᠮᠵᠢᠯᠠᠯ ᠳᠤᠤᠷ᠎ᠠ᠂ 1954 ᠣᠨ ᠤ 4 ᠰᠠᠷ᠎ᠠ ᠳᠤ ᠴᠢᠩᠭᠢᠰ ᠬᠠᠭᠠᠨ ᠤ ᠣᠩᠭ᠋ᠤᠨ ᠣᠷᠳᠤ ᠪᠠᠢ᠌ᠭᠤᠯᠬᠤ ᠰᠠᠭᠤᠷᠢ ᠳᠠᠯᠪᠢᠭᠳᠠᠨ᠂ 1956 ᠣᠨ ᠳᠤ ᠣᠩᠭ᠋ᠤᠨ ᠣᠷᠳᠤ ᠶᠢᠨ ᠪᠠᠷᠢᠯᠭ᠎ᠠ ᠳᠡᠭᠦᠰᠴᠤ ᠂ ᠮᠦᠨ ᠭᠡᠳᠤᠨ ᠣᠳᠠᠭᠠᠨ ᠤ ᠵᠠᠰᠠᠨ ᠥᠷᠭᠡᠦᠡᠭᠡᠭᠦ ᠪᠠᠷ ᠳᠠᠮᠵᠢᠨ᠂ ᠮᠠᠰᠢ ᠶᠡᠭᠡ ᠬᠤᠪᠢᠷᠠᠯᠳᠠ ᠲᠡᠶ ᠪᠣᠯᠪᠠ᠃ 1985 ᠣᠨ ᠡᠴᠠ ᠨᠠᠰᠢ᠂ ᠵᠢᠶᠠᠩ ᠽᠧ ᠮᠢᠨ᠂ ᠬᠤ ᠶᠢᠨ ᠳᠤᠤ᠂ ᠡᠤ ᠪᠠᠩ ᠭᠦᠸᠧ᠂ ᠸᠧᠨ ᠵᠢᠶᠠ ᠪᠣᠤ᠂ ᠵᠢᠶᠠ ᠴᠢᠩ ᠯᠢᠨ᠂ ᠯᠢ ᠴᠠᠩ ᠴᠦᠨ᠂ ᠰᠢ ᠶᠢᠨ ᠫᠢᠩ᠂ ᠯᠢ ᠺᠧ ᠴᠢᠶᠠᠩ᠂ ᠵᠸᠤ ᠶᠦᠩ ᠺᠠᠩ᠂ ᠯᠢ ᠫᠸᠩ ᠂ ᠴᠢᠶᠤᠤ ᠱᠢ᠂  ᠤᠯᠡᠭᠠᠨᠭᠦᠤ ᠵᠡᠷᠭᠡ ᠨᠠᠶᠠᠭᠠᠤᠨ ᠨᠠᠮ ᠲᠦᠷᠦ ᠶᠢᠨ ᠣᠳᠤᠷᠢᠤᠠᠬᠤ ᠭᠦᠮᠦᠰ ᠂ ᠣᠷᠢᠤᠨ ᠬᠤᠵᠢᠤᠨ ᠴᠢᠩᠭᠢᠰ ᠬᠠᠭᠠᠨ ᠤ ᠣᠩᠭ᠋ᠤᠨ ᠳᠤ ᠭᠦᠷᠦᠯᠴᠡᠨ ᠢᠷᠠᠵᠤ ᠂ ᠠᠵᠢᠯ ᠤᠨ ᠪᠠᠢ᠌ᠴᠠᠭᠠᠯᠳᠠ ᠭᠢᠭ᠍ᠰᠡᠨ ᠪᠠ ᠳᠠᠷᠬᠠᠤᠨ ᠠᠷᠠᠤᠨ ᠢ ᠳᠤᠬᠤᠨᠢᠭᠤᠯᠤᠭᠰᠠᠨ ᠪᠠᠢ᠌ᠨ᠎ᠠ᠃ ᠪᠠᠰᠠ ᠳᠦᠪ ᠤᠨ ᠳᠦᠯᠦᠭᠡᠯᠡᠭ᠍ᠴᠢᠤᠨ ᠤᠨ ᠪᠦᠯᠭᠦᠮ ᠳᠦᠷᠪᠡ ᠣᠳᠠᠭ᠎ᠠ ᠴᠢᠩᠭᠢᠰ ᠬᠠᠭᠠᠨ ᠤ ᠣᠩᠭ᠋ᠤᠨ ᠤ ᠰᠢᠳᠦᠭᠡᠨ ᠰᠠᠭᠢᠭᠴᠢᠤᠨ ᠢ ᠳᠤᠰᠬᠠᠢ᠌ᠯᠠᠨ ᠳᠤᠬᠤᠨᠢᠭᠤᠯᠤᠭᠠᠤᠨ᠂ ᠨᠠᠮ ᠤᠨ ᠭᠢᠵᠠᠭᠠᠯᠠᠰᠢ ᠦᠭᠡᠶ ᠳᠤᠳᠤᠨᠤ ᠬᠠᠯᠠᠮᠵᠢᠯᠠᠯ ᠢ ᠭᠦᠷᠭᠡᠨ ᠠᠪᠴᠢᠷᠠᠵᠤ᠂ ᠮᠠᠰᠢ ᠶᠡᠭᠡ ᠵᠤᠷᠢᠭᠵᠢᠭᠤᠯᠤᠯ ᠪᠣᠯᠤᠭᠰᠠᠨ ᠪᠢᠯᠠ᠃ ᠡᠭᠦᠨ ᠤ ᠬᠠᠮᠳᠤ᠂ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠵᠢᠴᠢ ᠣᠷᠳᠤᠰ ᠬᠤᠳᠠ ᠶᠢᠨ ᠭᠡᠳᠤᠨ ᠦᠶ᠎ᠡ ᠶᠢᠨ ᠨᠠᠮ ᠵᠠᠰᠠᠭ ᠤᠨ ᠣᠳᠤᠷᠢᠳᠤᠯᠭ᠎ᠠ᠂ ᠴᠢᠩᠭᠢᠰ ᠬᠠᠭᠠᠨ ᠤ ᠣᠩᠭ᠋ᠤᠨ ᠤ ᠴᠤᠭᠴᠠᠯᠠᠯᠳᠠ ᠪᠠ ᠭᠦᠭ᠍ᠵᠢᠯᠳᠡ ᠶᠢ ᠳᠣᠢ᠌ᠯ ᠶᠢᠡᠷ ᠴᠢᠬᠤᠯᠠᠴᠢᠯᠠᠨ ᠦᠵᠡᠵᠤ ᠭᠦᠴᠦᠳᠡᠢ ᠳᠡᠮᠵᠢᠯᠭᠡ ᠥᠵᠡᠭᠦᠯᠵᠤ᠂ ᠨᠠᠮ ᠵᠠᠰᠠᠭ ᠤᠨ ᠬᠠᠢ᠌ᠷ᠎ᠠ ᠬᠠᠯᠠᠮᠵᠢ ᠶᠢ ᠭᠦᠢᠴᠡᠳ ᠭᠦᠷᠳᠡᠭᠡᠵᠡᠢ᠃


ᠵᠤᠬᠢᠶᠠᠭᠴᠢ ᠶᠢᠨ ᠬᠠᠶ‍ᠢᠭ᠄ ᠴᠢᠩᠭᠢᠰ ᠬᠠᠭᠠᠨ ᠤ ᠣᠩᠭ᠋ᠤᠨ ᠤ ᠳᠠᠭᠢᠯᠭ᠎ᠠ ᠰᠤᠶᠤᠯ ᠤᠨ ᠠᠯᠪᠠᠨ ᠭᠡᠷ

ᠵᠤᠬᠢᠶᠠᠭᠴᠢ᠄ ᠰᠡᠴᠡᠨᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7507
ᠴᠠᠭ᠄ 2011 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ