☆ ᠰᠢᠶᠧ ᠴᠢᠩ ᠱᠠᠨ
ᠪᠢ
ᠶᠠᠭᠤ ᠴᠤ ᠥᠭᠡᠢ
ᠶᠠᠳᠠᠭᠤ ᠶᠢᠨ ᠨᠢᠭᠡ ᠨᠢ ᠪᠢ
ᠶᠠᠭᠤ ᠪᠠᠷ ᠴᠤ ᠳᠤᠳᠠᠬᠤ ᠥᠭᠡᠢ
ᠪᠠᠶᠠᠨ ᠤ ᠨᠢᠭᠡ ᠨᠢ ᠪᠠᠰᠠ ᠪᠢ
ᠠᠪᠣ ᠪᠠᠷ ᠳᠤᠳᠠᠭᠰᠠᠨ
ᠦᠨᠦᠴᠢᠨ ᠬᠡᠦᠬᠡᠳ ᠊ᠤᠨ
ᠠᠯᠢᠶ᠎ᠠ ᠶᠢᠨ ᠭᠢᠨᠢ ᠨᠢᠭᠡ ᠨᠢ ᠪᠢ
ᠠᠷᠭᠠᠳᠠᠬᠤ᠂ ᠠᠯᠠᠭᠠᠳᠠᠬᠤ ᠳᠤ ᠡ᠊ᠨᠳᠡᠭᠦᠷᠡᠭᠡᠳ
《ᠠᠪᠣ》 ᠭᠡᠵᠤ ᠳᠠᠭᠤᠳᠠᠳᠠᠭ ᠥᠭᠡᠢ
ᠠᠭᠠᠰᠢ ᠵᠥᠷᠢᠭᠦᠤᠨ ᠤ ᠭᠢᠨᠢ ᠨᠢᠭᠡ ᠨᠢ ᠪᠠᠰᠠ ᠪᠢ
ᠭᠡᠯᠡ ᠪᠠᠨ ᠮᠡᠳᠡᠭᠦ ᠦᠭᠡᠶ ᠠᠮᠢᠳᠠᠨ ᠳᠠᠢ
ᠭᠢᠯᠢᠯᠡᠭᠦ ᠳᠤᠷ᠎ᠠ ᠥᠭᠡᠢ
ᠭᠡᠷᠡᠭ᠌ ᠤᠨ ᠡᠵᠡᠨ ᠤ ᠨᠢᠭᠡ ᠨᠢ ᠪᠢ
ᠭᠡᠷᠡᠭ᠌ ᠪᠣᠯᠭᠠᠵᠤ ᠭᠡᠳᠦᠭᠡᠨ ᠠᠳᠤᠭᠤ ᠪᠠᠨ
ᠡᠷᠳᠡᠨᠢ ᠰᠢᠭ᠌ ᠬᠠᠢ᠌ᠷᠠᠯᠠᠳᠠᠭ
ᠠᠳᠤᠭᠤᠴᠢᠨ ᠤ ᠨᠢᠭᠡ ᠨᠢ ᠪᠠᠰᠠ ᠪᠢ
ᠪᠣᠯᠤᠳ ᠪᠢᠷ ᠶᠢᠠᠷ ᠵᠢᠠᠨ
ᠪᠢᠯᠢᠭ᠌ ᠶᠢᠡᠨ ᠰᠠᠭᠠᠳᠠᠭ
ᠪᠢᠴᠢᠭ᠌ ᠤᠨ ᠭᠦᠮᠤᠨ ᠤ ᠨᠢᠭᠡ ᠨᠢ ᠪᠢ
ᠪᠠᠶ᠎ᠠ ᠰᠡᠳᠭᠢᠯ ᠵᠢᠠᠨ
ᠪᠣᠰᠤᠭ᠎ᠠ ᠪᠠᠷ ᠵᠡᠷᠭᠡᠯᠡᠳᠡᠭ᠌
ᠪᠠᠷᠢᠯᠭᠠᠴᠢᠨ ᠤ ᠨᠢᠭᠡ ᠨᠢ ᠪᠠᠰᠠ ᠪᠢ
ᠮᠥᠭᠡᠷᠦᠤ ᠮᠥᠭᠡᠷᠦᠤ ᠱᠤᠷᠦᠩ ᠬᠠᠳᠠᠨ ᠳᠤ ᠪᠠᠨ
ᠮᠥᠷᠭᠦᠨ ᠰᠤᠠᠵᠤ ᠣᠴᠢᠳᠠᠭ
ᠮᠥᠷᠭᠦᠯᠴᠢᠨ ᠤ ᠨᠢᠭᠡ ᠨᠢ ᠪᠢ
ᠮᠥᠩᠭᠦᠨ ᠳᠤ ᠪᠠᠨ ᠠᠳᠠᠯᠢ ᠡᠯᠡᠰᠤ ᠮᠠᠩᠬᠠᠨ ᠳᠤ ᠪᠠᠨ
ᠮᠦᠷ ᠶᠢᠡᠨ ᠪᠣᠯᠠᠰᠢᠯᠠᠬᠤ ᠥᠭᠡᠢ
ᠡᠵᠡᠨ ᠤ ᠭᠢᠨᠢ ᠨᠢᠭᠡ ᠨᠢ ᠪᠠᠰᠠ ᠪᠢ
ᠣᠷᠪᠠᠭᠠᠤᠨ ᠭᠠᠷᠤᠭᠰᠠᠨ ᠭᠠᠳᠠ ᠮᠠᠢ᠌ᠷᠠᠨ ᠵᠢᠠᠨ
ᠣᠶᠠᠩᠭ᠋ᠠᠯᠠᠵᠤ ᠳᠠᠭᠤᠯᠠᠬᠤ ᠳᠤᠷᠠᠳᠠᠢ
ᠳᠠᠭᠤᠴᠢᠨ ᠤ ᠨᠢᠭᠡ ᠨᠢ ᠪᠢ
ᠣᠬᠠᠭᠠᠠᠳᠤ ᠳᠤᠭᠤᠠᠳᠠᠮᠤᠷ ᠤᠨ ᠭᠡᠮᠰᠢᠯ ᠰᠢᠯᠦᠭ᠌ ᠢ
ᠣᠩᠰᠢᠨ ᠣᠩᠰᠢᠨ
ᠣᠶᠠᠷᠠᠳᠠᠭ ᠤᠨ ᠨᠢᠭᠡ ᠨᠢ ᠪᠠᠰᠠ ᠪᠢ
ᠡᠷᠭᠡ ᠰᠦᠷ᠂ ᠡᠳ᠋ ᠥᠩᠭᠡᠨ ᠳ᠋ᠤ
ᠥᠩᠭᠡᠷᠡᠤ ᠳᠤᠷᠠᠯᠠᠳᠠᠭ ᠥᠭᠡᠢ
ᠡᠡᠭ᠌ ᠤᠨ ᠭᠦᠮᠤᠨ ᠤ ᠨᠢᠭᠡ ᠨᠢ ᠪᠢ
ᠡᠷᠭᠡ ᠴᠢᠯᠦᠭᠡ᠂ ᠡᠭᠡ ᠣᠷᠤᠨ ᠭᠡᠳ
ᠥᠭᠦᠨ ᠳᠡᠮᠤᠯᠡᠳᠡᠭ᠌
ᠦᠨᠦᠴᠢᠨ ᠡᠯᠢᠭᠡ ᠶᠢᠨ ᠭᠢᠨᠢ ᠡᠮᠳᠡᠷᠭᠡᠢ ᠨᠢ ᠪᠠᠰᠠ ᠪᠢ
ᠭᠦᠭᠡ ᠳᠡᠭ᠍ᠷᠢ ᠡᠴᠡ ᠡᠰᠢᠳᠡᠢ
ᠭᠦᠳᠦᠰᠤᠨ ᠳᠠᠪᠠᠯᠳᠠᠨ ᠤ
ᠡᠩᠭᠡᠷ ᠤᠨ ᠳᠤᠪᠴᠢᠨ ᠤ ᠭᠢᠨᠢ ᠨᠢᠭᠡ ᠨᠢ ᠪᠢ
ᠭᠦᠭᠡᠮᠳᠡᠭ᠌ ᠳᠠᠯ᠎ᠠ ᠪᠠᠨ
ᠴᠡᠴᠡᠭ᠌ ᠪᠠᠷ ᠠᠷᠭᠠᠳᠠᠭᠰᠠᠨ
ᠭᠦᠮᠤᠨ ᠵᠤᠨ ᠤ ᠭᠢᠨᠢ ᠨᠢᠭᠡ ᠨᠢ ᠪᠠᠰᠠ ᠪᠢ
ᠶᠢᠰᠤ ᠶᠢᠰᠤ
ᠨᠠᠶᠠᠨ ᠨᠢᠭᠡᠨ ᠨᠤᠭᠤᠯᠤᠭ᠎ᠠ ᠵᠢ
ᠵᠤᠭᠰᠤᠭ᠎ᠠ ᠪᠠᠷ ᠳᠡᠪᠢᠳᠡᠭ᠌
ᠪᠦᠭᠡᠴᠢᠨ ᠤ ᠭᠢᠨᠢ ᠨᠢᠭᠡ ᠨᠢ ᠪᠢ
9999 ᠣᠨᠢᠰᠤᠭ᠎ᠠ ᠵᠢ
ᠡᠭᠡ ᠭᠡᠯᠡ ᠪᠠᠷ ᠶᠢᠡᠨ ᠳᠠᠢ᠌ᠯᠳᠠᠭ
ᠡᠷᠭᠡ ᠴᠢᠯᠦᠭᠡᠳᠤ ᠭᠦᠮᠤᠨ ᠠᠷᠠᠤᠨ ᠤᠨ ᠵᠢᠠᠨ
ᠣᠷᠭᠠᠨ ᠮᠤᠷᠢ ᠳᠤᠷᠭᠠᠨ ᠢᠷ ᠪᠣᠯᠤᠭᠰᠠᠨ
ᠭᠦᠮᠤᠨ ᠤ ᠨᠢᠭᠡ ᠪᠠᠰᠠ ᠪᠢ
ᠶᠠᠭᠤ ᠴᠤ ᠥᠭᠡᠢ
ᠶᠠᠳᠠᠭᠤ ᠶᠢᠨ ᠨᠢᠭᠡ ᠨᠢ ᠪᠢ
ᠶᠠᠭᠤ ᠪᠠᠷ ᠴᠤ ᠳᠤᠳᠠᠬᠤ ᠥᠭᠡᠢ
ᠪᠠᠶᠠᠨ ᠤ ᠨᠢᠭᠡ ᠨᠢ ᠪᠠᠰᠠ ᠪᠢ
ᠵᠤᠬᠢᠶᠠᠭᠴᠢ᠄ ᠰᠢᠶᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ