☆ ᠰ᠊·ᠠᠭᠤᠯᠠ
ᠬᠠᠢ᠌ᠷᠠᠨ ︕ ᠠᠢ᠌ᠯ ᠤᠨ ᠡᠭᠡᠴᠢ ᠮᠢᠨᠢ ᠡ
ᠠᠢ᠌ᠯ ᠤᠨ ᠮᠢᠨᠢ ᠭᠡᠦᠭᠡᠡᠴᠦᠳ ᠤᠨ ᠳᠤᠳᠤᠷ᠎ᠠ
ᠠᠯᠢ ᠰᠤᠳᠤᠨ ᠨᠢ ᠴᠢ ᠪᠢᠯᠠ
ᠠᠪᠣ ᠡᠵᠢ ᠶᠢᠨ ᠶᠢᠡᠨ ᠬᠠᠢ᠌ᠷ᠎ᠠ ᠶᠢᠨ ᠠᠯᠠᠭᠠᠨ ᠳᠡᠭᠡᠷ᠎ᠡ
ᠠᠯᠠᠭ ᠦᠭᠡᠶ ᠪᠦᠮᠪᠦᠷᠢᠵᠤ ᠥᠰᠦᠭ᠍ᠰᠡᠨ ᠪᠢᠯᠠ᠃
ᠬᠤᠷᠸ᠎ᠠ ᠳᠤ ᠵᠠᠶᠠᠭᠠᠭᠰᠠᠨ ᠭᠡᠦᠭᠡᠨ ᠨᠠᠰᠤ ᠪᠠᠨ
ᠬᠤᠷᠢᠨ ᠳᠠᠪᠤᠨ ᠵᠢᠯ ᠬᠠᠮᠠᠭᠠᠯᠠᠵᠤ ᠶᠠᠪᠣᠯ᠎ᠠ
ᠭᠦᠷᠦᠰᠤ ᠰᠢᠮᠡᠯᠢᠭ᠌ ᠠᠢ᠌ᠯ ᠤᠨ ᠮᠢᠨᠢ ᠳᠠᠷᠢᠶᠠᠨ ᠳᠤ
ᠭᠦᠴᠤ ᠭᠦᠯᠦᠰᠤ ᠪᠠᠨ ᠣᠷᠤᠰᠬᠠᠵᠤ ᠶᠠᠪᠣᠯ᠎ᠠ᠃
ᠣᠴᠠᠷᠠᠯ ᠴᠢᠮᠠᠳᠤ ᠵᠤᠯᠳᠠᠢ᠌ᠬᠠᠨ ᠪᠠᠢ᠌ᠪᠠᠤ
ᠣᠯᠤᠰ ᠤᠨ ᠺᠠᠳ᠋ᠷ ᠲᠤ ᠴᠢ ᠮᠤᠷᠳᠠᠯ᠎ᠠ
ᠣᠯᠠᠨ ᠭᠦᠮᠦᠰ ᠱᠤᠤᠭᠢᠯᠳᠤᠵᠤ ᠭᠠᠷᠤᠯ᠎ᠠ
ᠣᠶᠠᠷᠠᠬᠤ ᠪᠠᠶᠠᠷᠯᠠᠬᠤ ᠬᠤᠯᠢᠯᠳᠤᠵᠤ ᠪᠠᠢ᠌ᠯ᠎ᠠ᠃
ᠬᠤᠷᠢᠮ ᠶᠢᠡᠨ ᠴᠢ ᠳᠦᠭᠦᠮ ᠭᠢᠯ᠎ᠠ ᠭᠡᠰᠡᠨ
ᠬᠤᠶᠠᠷᠬᠠᠨ ᠰᠢᠷᠡᠭᠡ ᠵᠤᠴᠢᠨ ᠵᠠᠯᠠᠯ᠎ᠠ ᠭᠡᠳᠡᠭ᠌
ᠬᠠᠷᠢᠭᠤ ᠳ᠋ᠤᠨᠢ ᠳᠡᠭᠡᠭᠦ ᠳᠤ ᠴᠠᠭ ᠤᠨ ᠶᠤᠰᠤ ᠭᠡᠳ
ᠬᠠᠮᠤᠭ ᠠᠢ᠌ᠯ ᠶᠢᠡᠷ ᠶᠢᠡᠨ ᠱᠠᠭᠰᠢᠯᠳᠤᠵᠤ ᠭᠡᠰᠡᠨ᠃
ᠠᠢ᠌ᠯ ᠪᠣᠰᠬᠠᠭᠰᠠᠨ ᠤ ᠴᠢᠨᠢ ᠬᠤᠶᠠᠳᠤᠭᠠᠷ ᠵᠢᠯ
ᠠᠩᠬᠠᠨ ᠤ ᠭᠡᠦᠭᠡᠨ ᠴᠢᠨᠢ ᠵᠠᠶᠠᠭᠠᠵᠤ ᠪᠢᠯᠠ
ᠠᠰᠬᠠᠷᠠᠵᠤ ᠪᠢᠯᠬᠠᠮ᠎ᠠ ᠡᠭᠡ ᠶᠢᠨ ᠬᠠᠢ᠌ᠷ᠎ᠠ ᠪᠠᠷ
ᠠᠩᠭ᠋᠎ᠠ ᠪᠠᠨ ᠴᠢ ᠥᠭᠦᠭᠡᠷᠳᠦᠵᠤ ᠥᠰᠭᠡᠯ᠎ᠡ᠃
ᠬᠡᠦᠬᠡᠳ ᠮᠥᠮᠦᠭᠦᠯᠳᠡᠭ᠌ ᠪᠠᠢ᠌ᠳᠠᠯ᠎ᠠ ᠪᠠᠨ ᠴᠢ
ᠭᠦᠳᠡᠯᠮᠦᠷᠢ ᠭᠦᠴᠤ ᠪᠠᠷ ᠳᠠᠷᠢᠶᠠᠨ ᠳᠤ ᠶᠠᠪᠣᠳᠠᠭ
ᠭᠦᠮᠤᠨ ᠡᠴᠡ ᠳᠤᠤᠷ᠎ᠠ ᠠᠮᠢᠳᠤᠷᠠᠬᠤ ᠦᠭᠡᠶ ᠯᠠ ᠭᠡᠳ
ᠭᠦᠳᠡᠭᠡ ᠭᠡᠭᠡᠷ᠎ᠡ ᠡᠴᠡ ᠲᠦᠯᠡᠭᠡ ᠡᠭᠦᠷᠳᠡᠭ᠌᠃
ᠰᠠᠢ᠌ᠬᠠᠨ ᠵᠢᠰᠤᠨ ᠳᠤ ᠴᠢᠨᠢ ᠳᠤᠭᠤᠰᠤ ᠰᠠᠭᠤᠬᠤ ᠪᠠᠷ
ᠰᠤᠮᠤᠳᠤ ᠶᠢᠨ ᠠᠢ᠌ᠯ ᠤᠨ ᠭᠢᠨ ᠬᠠᠷᠠᠮᠰᠠᠳᠠᠭ ᠪᠠᠢ᠌ᠯ᠎ᠠ
ᠰᠠᠨᠠᠭ᠎ᠠ ᠵᠥᠭᠡᠯᠡᠨ ᠨᠢᠭᠡ ᠨᠢ ᠳᠡᠭᠡᠭᠡᠳ
ᠰᠠᠨᠠᠨ ᠰᠠᠨᠠᠨ ᠳᠤᠰᠠᠯᠠᠳᠠᠭ ᠪᠠᠢ᠌ᠯ᠎ᠠ᠃
ᠬᠠᠯᠠᠭᠤᠨ ᠵᠤᠨ ᠤ ᠨᠠᠷᠠᠨ ᠳᠤ ᠰᠢᠷᠠᠭᠳᠠᠨ
ᠬᠠᠴᠠᠷ ᠨᠢᠭᠤᠷ ᠶᠢᠡᠨ ᠪᠣᠷᠤᠯᠠᠭᠤᠯᠵᠤ ᠭᠠᠷᠤᠯ᠎ᠠ
ᠬᠠᠮᠤᠭ ᠣᠯᠠᠨ ᠤ ᠪᠢᠰᠢᠷᠠᠯ ᠢ ᠣᠯᠵᠤ
ᠬᠠᠷᠠᠳᠠᠭᠤᠨ ᠴᠢᠷᠮᠠᠢ᠌ᠯᠭ᠎ᠠ ᠶᠢᠨ ᠠᠴᠢ ᠶᠢ ᠭᠦᠷᠳᠡᠯ᠎ᠡ᠃
ᠶᠠᠳᠠᠷᠠᠯ ᠶᠢᠡᠨ ᠴᠢ ᠶᠠᠭᠤ ᠪᠠᠷ ᠴᠤ ᠪᠣᠳᠤᠯ ᠦᠭᠡᠶ
ᠶᠠᠪᠣᠬᠤ ᠶᠠᠩᠵᠤ ᠪᠠᠷ ᠶᠢᠡᠨ ᠶᠠᠪᠣᠳᠠᠭ ᠪᠠᠢ᠌ᠯ᠎ᠠ
ᠠᠮᠢᠳᠤᠷᠠᠯ ᠣᠠᠳᠤᠷᠤᠯᠭ᠎ᠠ ᠴᠢᠨᠢ ᠳᠡᠭᠡᠭᠦ ᠳᠤ ᠬᠠᠷᠢᠨ
ᠠᠢ᠌ᠯ ᠤᠨ ᠶᠢᠡᠨ ᠳᠤᠳᠤᠷ᠎ᠠ ᠣᠷᠣᠢ᠌ᠯᠠᠬᠤ ᠪᠣᠯᠤᠯ᠎ᠠ᠃
ᠬᠡᠦᠬᠡᠳ ᠲᠡᠭᠡᠨ ᠥᠭ᠍ᠭᠢᠶᠡᠮᠦᠷ ᠡᠭᠡ ᠪᠠᠶ᠎ᠠ ᠳᠤ ᠴᠢᠨᠢ
ᠬᠤᠶᠠᠳᠤᠭᠠᠷ ᠭᠡᠦᠭᠡᠨ ᠴᠢᠨᠢ ᠬᠤᠵᠢᠭᠤᠬᠠᠨ ᠵᠠᠶᠠᠭᠠᠯ᠎ᠠ
ᠬᠤᠷᠮᠣᠢ᠌ᠯᠠᠵᠤ ᠠᠪᠣᠭᠠᠤᠨ ᠡᠩᠭᠦᠷᠡᠢ᠌ᠯᠡᠭ᠍ᠰᠡᠨ ᠡᠴᠡ ᠪᠣᠳᠤᠪᠠᠯ
ᠭᠦᠮᠦᠵᠢᠭᠦᠯᠵᠤ ᠥᠰᠭᠡᠭᠦ ᠭᠡᠵᠤ ᠬᠠᠳᠠᠭᠤᠵᠢᠯᠳᠠᠢ ᠠᠵᠢ ︕
ᠬᠤᠶᠠᠷ ᠬᠡᠦᠬᠡᠳ ᠶᠢᠡᠨ ᠬᠠᠷᠠᠨ ᠬᠠᠷᠠᠨ
ᠬᠤᠪᠳᠤᠯ ᠵᠢᠷᠦᠭᠡ ᠴᠢᠨᠢ ᠣᠶᠠᠰᠳᠠᠭ ᠪᠠᠢ᠌ᠯ᠎ᠠ
ᠬᠤᠪᠢᠳᠠᠵᠤ ᠵᠠᠶᠠᠭᠠᠭᠰᠠᠨ ᠡᠷ᠎ᠡ ᠨᠥᠭᠦᠷ ᠶᠢᠡᠨ ᠴᠢ
ᠬᠠᠢ᠌ᠷ᠎ᠠ ᠶᠢᠨ ᠶᠢᠡᠨ ᠡᠷᠴᠢ ᠪᠠᠷ ᠠᠰᠠᠷᠠᠳᠠᠭ ᠪᠠᠢ᠌ᠯ᠎ᠠ᠃
ᠦᠷ᠎ᠡ ᠬᠡᠦᠬᠡᠳ ᠠᠳᠠᠯ ᠠᠮᠢᠳᠤᠷᠠᠯ ᠭᠡᠳ
ᠥᠨᠡᠭᠡᠷ ᠵᠦᠳᠠᠯᠠ ᠳ᠋ᠠ᠂ ᠰᠠᠮᠠᠭ᠎ᠠ ᠡᠭᠡᠴᠢ ᠡ
ᠦᠨᠡᠠᠴᠢ ᠳᠤᠷᠠᠯᠠᠯ ᠤᠨ ᠶᠢᠡᠨ ᠬᠠᠷᠢᠭᠤ ᠳᠤ ᠴᠢ
ᠥᠶᠡᠷᠭᠡᠯ ᠢᠨᠠᠭᠰᠢᠯ ᠣᠯᠤᠯᠳᠠᠢ ᠶᠤᠮᠰᠠᠨ ︕
ᠰᠤᠷᠭᠠᠭᠤᠯᠢ ᠳᠤ ᠪᠠᠭᠰᠢᠯᠠᠳᠠᠭ ᠨᠥᠭᠦᠷ ᠴᠢᠨᠢ ᠳᠡᠭᠡᠭᠦ ᠳᠤ
ᠰᠤᠭᠳᠤᠬᠤ ᠪᠣᠯᠭᠠᠨ ᠠᠭᠠᠰᠢᠯᠠᠳᠠᠭ ᠪᠣᠯᠤᠯ᠎ᠠ
ᠰᠠᠠᠳᠤᠷᠴᠤ ᠪᠠᠭᠤᠭᠠᠤᠨ ᠠᠶᠠᠭᠠᠯᠠᠭᠰᠠᠨ ᠪᠣᠳᠠᠭ᠎ᠠ ᠶᠢ ᠴᠢᠨᠢ
ᠰᠠᠪᠠᠵᠤ ᠬᠠᠶᠠᠭᠠᠤᠨ ᠬᠠᠷᠢᠶᠠᠳᠠᠭ ᠪᠣᠯᠤᠯ᠎ᠠ᠃
ᠲᠦᠯᠡᠭᠡ ᠡᠭᠦᠷᠳᠡᠭ᠌ ᠯᠠ ᠰᠠᠢ᠌ᠯᠤᠤ ᠪᠠᠢ᠌ᠨ᠎ᠠ ᠭᠡᠳ
ᠳᠦᠭᠦᠰᠢᠯᠡᠵᠤ ᠴᠢᠮᠢ᠋ᠢ ᠴᠤᠭᠢᠳᠠᠭ ᠭᠡᠰᠡᠨ
ᠳᠦᠷᠦᠭ᠍ᠰᠡᠨ ᠴᠢᠨᠢ ᠪᠦᠷ ᠯᠠ ᠮᠠᠭᠤ ᠦᠬᠢᠳ ᠭᠡᠳ
ᠳᠦᠨᠠᠷᠠᠳᠠᠯᠠ ᠭᠡᠪᠠᠯᠢ ᠶᠢ ᠴᠢᠨᠢ ᠢᠰᠭᠦᠯᠳᠡᠭ᠌ ᠭᠡᠨ᠎ᠡ᠃
ᠭᠤᠮᠤᠳᠠᠯ ᠵᠠᠯᠭᠢᠵᠤ ᠳᠠᠰᠴᠤ ᠰᠠᠭᠤᠬᠤ ᠳᠠᠭᠠᠨ ᠴᠢ
ᠭᠤᠳᠤᠷᠠᠵᠤ ᠶᠠᠷᠤᠨᠢ ᠥᠵᠡᠭᠡ ᠦᠭᠡᠶ ᠪᠠᠢ᠌ᠯ᠎ᠠ
ᠬᠤᠪᠢᠷᠠᠵᠤ ᠵᠠᠰᠠᠷᠠᠬᠤ ᠴᠠᠭ ᠪᠠᠢ᠌ᠯᠭᠦᠢ ᠭᠡᠳ
ᠬᠤᠨᠤᠭ ᠤᠨ ᠵᠡᠭᠦᠳᠤᠨ ᠳᠡᠭᠡᠨ ᠴᠤ ᠭᠦᠰᠡᠳᠡᠭ᠌ ᠪᠠᠢ᠌ᠭᠰᠠᠨ᠃
ᠭᠡᠦᠭᠡᠨ ᠴᠢᠨᠢ ᠰᠤᠷᠭᠠᠭᠤᠯᠢ ᠳᠤ ᠡᠯᠰᠡᠭ᠍ᠳᠡᠭᠡ ᠦᠭᠡᠶ
ᠭᠡᠴᠡᠭᠦᠤ ᠭᠡᠷᠡᠭ᠌ ᠳᠠᠳᠠᠭᠰᠠᠨ ᠪᠢᠯᠠ
ᠭᠦᠮᠤᠨ ᠤ ᠣᠷᠴᠢᠯᠠᠩ ᠤᠨ ᠶᠠᠭᠤ ᠪᠦᠭᠦᠨ ᠴᠤ
ᠬᠤᠴᠤᠷᠭᠠᠵᠤ ᠴᠢᠮᠢ᠋ᠢ ᠳᠡᠢ᠌ᠯᠦᠭᠡ ᠦᠭᠡᠶ ︕
《ᠪᠣᠰᠤᠳ ᠡᠮ᠎ᠡ ᠲᠡᠶ ᠳᠦᠷᠦᠭ᠍ᠰᠡᠨ ᠬᠡᠦᠬᠡᠳ ᠪᠣᠯ
ᠪᠣᠷᠤᠭᠤ ᠳᠠᠭᠠᠨ ᠯᠠᠪ ᠡᠢ᠌ᠮᠤ ᠪᠢᠳᠠᠭᠤ ᠪᠢᠰᠢ ︕》
ᠪᠣᠯᠭᠢ ᠶᠢᠨ ᠲᠤᠢ᠌ᠯ ᠡᠨᠡ ᠬᠠᠷᠢᠶᠠᠳᠤ ᠶᠢ
ᠪᠣᠳᠤᠯ ᠳᠠᠭᠠᠨ ᠴᠢ ᠳᠠᠭᠠᠭᠠᠵᠤ ᠴᠢᠳᠠᠭ᠎ᠠ ᠦᠭᠡᠶ ︕
ᠲ᠋ᠤᠭᠤᠷᠢᠵᠤ ᠰᠠᠭᠤᠭᠰᠠᠨ ᠭᠦᠮᠦᠰ ᠤᠨ ᠵᠤᠪᠠᠯ
ᠳᠦᠷᠭᠦᠮ ᠤᠨ ᠶᠢᠡᠨ ᠣᠯᠤᠰ ᠤᠨ ᠡᠮᠭᠡᠨᠢᠯ ᠬᠠᠷᠠᠮᠰᠠᠯ
ᠳᠦᠭᠦᠭᠡ ᠲᠡᠶ ᠳᠦᠭᠦᠭᠡ ᠣᠷᠤᠭ᠎ᠠ ᠦᠭᠡᠶ ᠭᠤᠷᠪᠠᠨ ᠭᠡᠦᠭᠡᠨ ᠶᠢᠡᠨ
ᠳᠦᠴᠢᠨ ᠬᠤᠶᠠᠷᠳᠠᠢ ᠳᠠᠭᠠᠨ ᠬᠠᠶᠠᠵᠤ ᠶᠠᠪᠣᠯ᠎ᠠ ︕
ᠰᠠᠮᠠᠭ᠎ᠠ ᠨᠠᠷᠠ ᠲᠡᠶ ᠰᠠᠢ᠌ᠬᠠᠨ ᠭᠡᠦᠭᠡᠨ
ᠰᠠᠷᠠᠳᠤ ᠣᠷᠴᠢᠯᠠᠩ ᠡᠴᠡ ᠠᠶᠠᠷᠯᠠᠵᠠᠢ ᠭᠡᠭᠦ ᠡᠴᠡ
ᠰᠠᠭᠠᠬᠠᠯᠳᠠ ᠣᠯᠠᠨ ᠤ ᠰᠡᠳᠭᠢᠯ ᠳᠤᠳᠤᠷ᠎ᠠ
ᠰᠠᠷ᠎ᠠ ᠦᠭᠡᠶ ᠰᠦᠨᠢ ᠨᠦᠰᠠᠷᠠᠵᠤ ᠪᠠᠭᠤᠯ᠎ᠠ᠃
ᠦᠨᠦᠴᠢᠷᠠᠯ ᠤᠨ ᠬᠤᠤᠷ ᠢ ᠠᠮᠰᠠᠭᠰᠠᠨ ᠪᠠᠢ᠌ᠳᠠᠯ᠎ᠠ ᠪᠠᠨ ᠴᠢ
ᠥᠭᠦᠯ ᠶᠢᠡᠷ ᠴᠢᠯᠦᠭᠡᠯᠡᠭ᠍ᠳᠡᠭᠦ ᠶᠢ ᠶᠠᠭᠤᠨ ᠳᠤ ᠪᠣᠳᠤᠯ᠎ᠠ ︖
ᠦᠬᠢᠳ ᠤᠨ ᠶᠢᠡᠨ ᠬᠠᠮᠳᠤ ᠠᠮᠢᠳᠤᠷᠠᠴᠢᠬᠠᠬᠤ ᠶᠢ
ᠦᠷᠭᠡᠰᠤ ᠶᠠᠪᠣᠳᠠᠯ ᠶᠢᠡᠷ ᠭᠡᠷᠭᠢᠨ ᠰᠠᠨᠠᠯ᠎ᠠ ⁈
ᠨᠢ᠋ᠮᠠᠬᠠᠨ ᠨᠠᠰᠤᠳᠠᠢ ᠬᠤᠶᠠᠳᠤᠭᠠᠷ ᠭᠡᠦᠭᠡᠨ ᠴᠢᠨᠢ
ᠨᠢᠰᠤ ᠨᠢᠯᠪᠣᠰᠤᠨ ᠳᠠᠭᠠᠨ ᠪᠢᠯᠳᠠᠴᠢᠬᠠᠭᠠᠤᠨ
ᠡᠭᠡ ᠶᠢᠨ ᠶᠢᠡᠨ ᠪᠣᠩᠬᠤᠨ ᠳᠤ ᠡᠳᠦᠷᠵᠢᠨ ᠡᠷᠭᠢᠴᠡᠭᠡᠳ
ᠡᠯᠢᠭᠡ ᠣᠷᠠᠮᠠ ᠵᠢᠵᠢᠭᠢᠨᠠᠨ ᠳᠠᠭᠤᠳᠠᠨ᠎ᠠ᠄
《ᠡᠵᠢ ᠡ ︕ ᠡᠵᠢ ᠡ ︕ ᠴᠢ ᠬᠠᠮᠢᠭ᠎ᠠ ᠪᠠᠢ᠌ᠨ᠎ᠠ ︖
ᠡᠷᠪᠠᠢ ᠨᠠᠮᠢ᠋ᠢ ᠪᠠᠨ ᠰᠠᠨᠠᠬᠤ ᠪᠠᠨ ᠪᠠᠢ᠌ᠪᠠᠤ ⁈
ᠡᠨᠡ ᠰᠦᠨᠢ ᠪᠢ ᠡ᠊ᠨᠳᠡ ᠬᠤᠨᠤᠨ᠎ᠠ
ᠢᠩᠭᠢᠪᠠᠯ ᠴᠢᠮ᠎ᠠ ᠲᠡᠶ ᠯᠠᠪ ᠠᠭᠤᠯᠵᠠᠨ᠎ᠠ ︕》
ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ