☆ ᠪᠠ᠊·ᠨᠡᠭᠦᠳᠡᠯᠴᠢ
ᠤᠰᠤ ᠳᠠᠮᠨᠠᠭᠰᠠᠨ ᠪᠦᠰᠡᠭᠦᠢ
ᠣᠯᠠᠭᠠᠨ ᠡᠷᠢᠶᠡᠨ ᠣᠯᠤᠠᠳᠠᠢ ᠲᠡᠶ ᠠᠢ᠌ᠯ ᠤᠨ ᠭᠦᠭᠡᠷᠦᠭᠦᠨ ᠪᠦᠰᠡᠭᠦᠢ
ᠣᠰᠤ ᠳᠠᠮᠨᠠᠭᠠᠤᠨ ᠮᠢᠨᠤ ᠬᠠᠵᠠᠭᠤ ᠪᠠᠷ ᠮᠢᠳᠠᠯᠵᠠᠩᠬᠠᠨ ᠵᠦᠷᠢᠯᠠ᠂
ᠣᠷᠳᠤᠬᠠᠨ ᠬᠠᠷ᠎ᠠ ᠭᠦᠮᠦᠰᠭᠡ ᠪᠠᠨ ᠡᠪᠯᠢᠭ᠍ᠭᠡᠨ ᠭᠤᠬᠠᠯᠠᠵᠤ
ᠣᠢ ᠳᠤᠢ ᠦᠭᠡᠶ ᠬᠤᠶᠠᠷ ᠨᠢᠳᠤ ᠶᠢ ᠮᠢᠨᠢ ᠬᠤᠮᠢᠵᠤ ᠠᠪᠣᠭᠠᠤᠨ ᠵᠦᠷᠢᠯᠠ᠃
ᠨᠠᠷᠠᠨ ᠤ ᠳᠡᠷᠭᠡᠳᠡ ᠵᠦᠷᠢᠯᠠ᠂ ᠪᠣᠷᠤᠬᠠᠨ ᠳᠠᠷᠠ ᠪᠦᠰᠡᠭᠦᠢ ᠲᠡᠶ
ᠨᠠᠮᠤᠷ ᠴᠤ ᠪᠢᠰᠢ᠂ ᠵᠤᠨ ᠴᠤ ᠪᠢᠰᠢ᠂ ᠡᠪᠦᠯ ᠤᠨ ᠡᠩᠭᠡᠷ ᠲᠤ ᠵᠦᠷᠢᠯᠠ᠂
ᠨᠠᠩᠴᠢᠳ ᠤᠨ ᠬᠤᠠᠳᠠᠭ᠎ᠠ ᠳᠠᠮᠨᠠᠵᠤ ᠰᠢᠷᠡᠭᠡᠨ ᠳᠡᠭᠡᠭᠦᠷ ᠶᠠᠪᠣᠭᠰᠠᠨ ᠪᠢᠰᠢ
ᠨᠠᠰᠤᠨ ᠤ ᠰᠠᠢ᠌ᠬᠠᠨ ᠡᠨᠡ ᠡᠳᠦᠷ ᠬᠠᠷᠠᠴᠠ ᠮᠥᠷᠭᠦᠭᠦᠯᠵᠤ ᠵᠦᠷᠢᠯᠠ᠃
ᠥᠭᠡᠷᠴᠢᠯᠡᠯᠳᠡ ᠭᠢᠵᠤ ᠴᠢᠯᠦᠭᠡᠳᠡᠢ ᠶᠠᠪᠣᠯᠴᠠᠬᠤ ᠥᠷᠭᠡᠨ ᠬᠠᠷᠭᠤᠢ ᠵᠠᠮ ᠳᠡᠭᠡᠷ᠎ᠡ
ᠥᠷᠦᠭᠡᠯ ᠤᠨ ᠬᠠᠭᠠᠰ ᠳᠤᠯᠭᠠᠭᠤᠷᠢ ᠲᠡᠶ ᠱᠥᠷᠭᠦᠭᠡᠭᠦ ᠵᠠᠪᠳᠤᠭᠤ ᠵᠦᠷᠢᠯᠠ᠂
ᠦᠨᠡᠨ ᠤ ᠳᠦᠯᠦᠭᠡ ᠳᠠᠮᠠᠴᠠᠵᠤ ᠶᠠᠪᠣᠭᠰᠠᠨ ᠡᠪᠦᠷ ᠬᠤᠭᠤᠰᠤᠨ ᠪᠢᠴᠢᠭ᠍ᠳᠡᠨ
ᠦᠨᠳᠦᠷ ᠥᠰᠦᠭᠡᠢ ᠶᠢᠨ ᠰᠢᠷᠦᠭᠦᠨ ᠠᠢ᠌ᠵᠢᠮ ᠶᠢᠡᠷ ᠰᠡᠳᠭᠢᠯ ᠳᠦᠭ᠍ᠰᠢᠭᠦᠯᠵᠤ ᠵᠦᠷᠢᠯᠠ᠃
ᠬᠤᠶᠠᠷ ᠰᠠᠭᠤᠯᠭ᠎ᠠ ᠣᠰᠤ ᠲᠡᠶ ᠪᠠᠨ᠂ ᠮᠢᠨᠤ ᠭᠦᠡᠳᠤ ᠲᠡᠶ ᠪᠠᠷᠤᠭ
ᠬᠤᠪᠢᠨ ᠳᠤ ᠮᠢᠨᠢ ᠨᠤᠭᠳᠠᠬᠤ ᠦᠭᠡᠶ ᠪᠦᠰᠡᠭᠦᠢ ᠲᠡᠶ ᠬᠤᠷᠳᠤᠴᠠ ᠪᠠᠨ ᠪᠠᠭᠤᠷᠠᠭᠤᠯᠵᠤ ᠵᠦᠷᠢᠯᠠ᠂
ᠬᠤᠤᠰ ᠠᠯᠠᠭ ᠨᠢᠳᠤ ᠲᠡᠶ ᠪᠠᠨ ᠳᠦᠷᠪᠡᠨ ᠨᠠᠭᠤᠷ ᠢ ᠳᠠᠮᠨᠠᠭᠰᠠᠨ
ᠬᠤᠪᠣᠷᠬᠠᠨ ᠳᠡᠩᠭᠡᠭᠡ ᠲᠡᠶ ᠪᠦᠰᠡᠭᠦᠢ ᠲᠡᠶ ᠬᠤᠭᠤᠯᠠᠢ ᠪᠠᠨ ᠨᠤᠷᠭᠠᠨ ᠵᠦᠷᠢᠯᠠ᠃
ᠵᠢᠷᠦᠭᠡ ᠪᠠᠷ ᠶᠢᠡᠨ ᠵᠦᠷᠢᠯᠠ᠂ ᠵᠢᠷᠤᠭ ᠰᠢᠭ ᠳᠠᠷᠠ ᠪᠦᠰᠡᠭᠦᠢ ᠲᠡᠶ
ᠵᠡᠭᠦᠳᠤ ᠪᠢᠰᠢ ᠦᠨᠡᠨ᠂ ᠠᠳᠠᠷ ᠤᠨ ᠵᠢᠪᠠᠷ ᠲᠤ ᠵᠦᠷᠢᠯᠠ᠂
ᠵᠥᠭ᠌ ᠶᠢᠡᠨ ᠵᠢᠭᠠᠳᠠᠭ ᠵᠥᠭᠯᠡᠭᠦᠷ᠂ ᠰᠤᠷᠢᠠᠵᠢᠨ ᠳᠤ ᠬᠠᠪᠢᠳᠠᠭᠰᠠᠨ ᠶᠤᠮᠰᠢᠭ
ᠵᠦᠪ ᠳᠠᠯ᠎ᠠ ᠶᠢᠨ ᠰᠡᠭᠦᠳᠡᠷ ᠳᠡᠭᠡᠭᠦᠷ ᠨᠢ ᠭᠦᠩᠭᠡᠭᠡᠨ ᠭᠢᠰᠭᠢᠵᠤ ᠵᠦᠷᠢᠯᠠ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2656
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ