☆ ᠬᠠᠨ ᠵᠢᠷᠤᠮᠳᠤ
ᠮᠢᠨᠤ ᠬᠠᠨ ᠠᠭᠤᠯᠠ
ᠬᠠᠨᠠᠭᠠᠷ ᠳᠡᠯᠡᠭᠡᠢ ᠶᠢᠨ ᠬᠣᠢ᠌ᠬᠤᠷ ᠵᠤᠳ ᠡᠴᠡ
ᠬᠠᠯᠠᠰᠢᠷᠠᠵᠤ ᠠᠶᠤᠭ᠎ᠠ ᠥᠭᠡᠢ ᠮᠢᠨᠤ ᠬᠠᠨ ᠠᠭᠤᠯᠠ
ᠬᠠᠯᠳᠠᠷ᠎ᠠ ᠢᠷᠡᠭ᠍ᠰᠡᠨ ᠳᠦᠷᠢᠮᠡᠭᠡᠢ ᠳᠠᠢ᠌ᠰᠤᠨ ᠡᠴᠡ
ᠬᠠᠯᠢᠷᠠᠵᠤ ᠤᠬᠤᠷᠢᠭ᠎ᠠ ᠥᠭᠡᠢ ᠮᠢᠨᠤ ᠬᠠᠨ ᠠᠭᠤᠯᠠ
ᠬᠠᠮᠤᠭ ᠳᠡᠯᠡᠭᠡᠢ ᠶᠢᠨ ᠬᠠᠯᠠ ᠵᠤᠪᠠᠯᠠᠩ ᠳ᠋ᠤ
ᠬᠠᠢ᠌ᠷ᠎ᠠ ᠪᠦᠳᠤᠨ ᠰᠡᠭᠦᠢᠭ᠍ᠰᠡᠨ ᠮᠢᠨᠤ ᠬᠠᠨ ᠠᠭᠤᠯᠠ
ᠬᠠᠯᠠᠭᠤᠨ ᠭᠦᠢᠳᠡᠨ ᠭᠠᠮᠰᠢᠭ ᠰᠢᠭᠤᠷᠭ᠎ᠠ ᠳ᠋ᠤ
ᠬᠠᠬᠠᠵᠤ ᠪᠦᠭ᠍ᠰᠢᠭᠡ ᠥᠭᠡᠢ ᠮᠢᠨᠤ ᠬᠠᠨ ᠠᠭᠤᠯᠠ
ᠬᠠᠰᠭᠢᠷᠴᠤ ᠥᠩᠭᠡᠷᠡᠭᠦ ᠮᠠᠰᠢᠨ ᠤ ᠤᠲᠤᠭᠠᠨ ᠳ᠋ᠤ
ᠬᠠᠳᠠᠨ ᠪᠠᠶ᠎ᠠ ᠨᠢ ᠰᠢᠷᠬᠠᠯᠠᠬᠤ ᠮᠢᠨᠤ ᠬᠠᠨ ᠠᠭᠤᠯᠠ
ᠬᠠᠰᠢᠶᠠᠨ ᠳᠠᠭᠠᠨ ᠪᠠᠭ᠍ᠳᠡᠷᠡᠭᠦ ᠬᠤᠰᠢᠭᠤᠳᠤ ᠪᠠᠨ ᠰᠠᠨᠠᠵᠤ
ᠬᠠᠢ᠌ᠷ᠎ᠠ ᠳᠤ ᠭᠠᠩᠰᠠᠷᠠᠬᠤ ᠮᠢᠨᠤ ᠬᠠᠨ ᠠᠭᠤᠯᠠ
ᠬᠠᠩᠭ᠋ᠠᠢ ᠳᠠᠭᠠᠨ ᠥᠭᠡᠢ ᠬᠠᠯᠢᠭᠤᠨ ᠶᠢᠠᠨ ᠪᠣᠳᠤᠵᠤ
ᠬᠠᠷᠠᠩᠰᠠᠨ ᠤᠶᠠᠷᠠᠬᠤ ᠮᠢᠨᠤ ᠬᠠᠨ ᠠᠭᠤᠯᠠ
ᠬᠠᠪᠣᠷ ᠲᠤ ᠡᠷᠭᠢᠭᠦ ᠥᠭᠡᠢ ᠭᠠᠯᠠᠭᠤ ᠪᠠᠨ ᠮᠥᠷᠦᠭᠡᠳᠴᠤ
ᠬᠠᠳᠠ ᠴᠢᠯᠠᠭᠤ ᠨᠢ ᠬᠠᠢ᠌ᠯᠠᠬᠤ ᠮᠢᠨᠤ ᠬᠠᠨ ᠠᠭᠤᠯᠠ
2009-5-14
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2009 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ