☆ ᠯ·ᠮᠢᠭ᠍ᠮᠡᠷᠰᠥ᠋ᠷᠦᠩ
ᠨᠢᠭᠤᠴᠠ ᠳᠤᠪᠴᠢᠶᠠᠨ
《ᠨᠢᠭᠤᠴᠠ ᠳᠤᠪᠴᠢᠶᠠᠨ》
ᠳᠡᠭ᠍ᠷᠢ ᠡᠴᠢᠭᠡ ᠡᠴᠡ ᠬᠠᠯᠢᠭᠰᠠᠨ ᠲ᠋ᠤᠤᠯᠢ
ᠳᠡᠯᠡᠭᠡᠢ ᠡᠭᠡ ᠡᠴᠡ ᠭᠡᠯᠡᠭ᠍ᠰᠡᠨ ᠲ᠋ᠤᠭᠤᠵᠢ
ᠣᠭᠰᠠᠭ᠎ᠠ ᠭᠠᠷᠪᠠᠯᠢ ᠶᠢᠨ ᠮᠢᠨᠢ ᠣᠯᠠᠮᠵᠢ ᠳᠤᠪᠴᠢᠶ᠎ᠠ
ᠡᠵᠡᠨ ᠴᠢᠩᠭᠢᠰ ᠤᠨ ᠮᠢᠨᠢ ᠪᠣᠰᠤᠭ᠎ᠠ ᠳᠡᠦᠭᠡ
ᠪᠣᠭᠤᠷᠴᠢ᠂ ᠮᠤᠬᠤᠯᠠᠢ ᠥᠷᠯᠦᠭ᠌ ᠤᠳ ᠤᠨ ᠮᠢᠨᠢ ᠪᠣᠳᠠᠳᠤ ᠶᠠᠪᠣᠳᠠᠯ
《ᠨᠢᠭᠤᠴᠠ ᠳᠤᠪᠴᠢᠶᠠᠨ》
ᠨᠢᠭᠤᠴᠠ ᠬᠠᠳᠠᠭᠠᠯᠠᠭᠰᠠᠨ ᠳᠡᠦᠭᠡᠨ ᠳᠤᠪᠴᠢᠶ᠎ᠠ
ᠡᠪᠦᠭᠡᠳ ᠳᠡᠭᠡᠳᠦᠰ ᠤᠨ ᠮᠢᠨᠢ ᠦᠨᠳᠦᠷ ᠶᠡᠭᠡ ᠵᠠᠷᠴᠢ
ᠦᠷᠦᠨ᠎ᠠ ᠳᠤᠷᠤᠨ᠎ᠠ ᠦᠭᠡᠶ ᠳᠠᠭᠤᠷᠢᠰᠬᠠᠭᠰᠠᠨ
ᠦᠪ ᠰᠤᠶᠤᠯ ᠤᠨ ᠮᠢᠨᠢ ᠳᠠᠭᠤᠴᠢ
ᠡᠷᠳᠡᠮᠳᠤ ᠮᠤᠩᠭ᠋ᠤᠯ ᠭᠡᠯᠡᠨ ᠤ ᠮᠢᠨᠢ ᠡᠯᠢᠭᠡᠨ ᠶᠡᠭᠡ ᠠᠶᠠᠯᠭᠤ
ᠡᠷᠳᠡᠨᠢᠳᠤ ᠮᠤᠩᠭ᠋ᠤᠯ ᠭᠡᠯᠡᠨ ᠤ ᠮᠢᠨᠢ ᠡᠯᠡᠭᠡᠰᠢ ᠦᠭᠡᠶ ᠠᠷᠢᠭᠤᠨ ᠳᠤᠷᠠᠰᠬᠠᠯ
《ᠨᠢᠭᠤᠴᠠ ᠲ᠋ᠤᠪᠴᠢᠶᠠᠨ》
ᠨᠢᠭᠤᠴᠢᠯᠠᠬᠤ ᠶᠢᠨ ᠠᠷᠭ᠎ᠠ ᠦᠭᠡᠶ ᠦᠨᠡᠨ ᠳᠤᠪᠴᠢᠶᠠᠨ
ᠨᠡᠭᠦᠳᠡᠯᠴᠢᠨ ᠮᠤᠩᠭ᠋ᠤᠯ ᠲᠦᠮᠡᠨ ᠤ ᠮᠢᠨᠢ ᠨᠢᠭᠦᠯ ᠢ ᠴᠠᠭᠠᠳᠭᠠᠬᠤ ᠭᠡᠷᠡᠴᠢ
ᠨᠢᠭᠤᠷ ᠦᠭᠡᠶ ᠵᠠᠩᠨᠠᠭᠴᠢ ᠬᠤᠷᠸ᠎ᠠ ᠶᠢᠨ ᠨᠢᠳᠤ ᠶᠢ ᠨᠡᠭᠡᠭᠡᠭᠦ ᠡᠯᠴᠢ
ᠠᠮᠠ ᠪᠠᠷ ᠳᠠᠮᠵᠢᠭᠰᠠᠨ ᠠᠯᠳᠠᠨ ᠦᠪ
ᠪᠢᠴᠢᠭ᠌ ᠶᠢᠡᠷ ᠳᠠᠮᠵᠢᠭᠰᠠᠨ ᠪᠠᠶᠠᠳᠤ ᠳᠤᠷᠠᠰᠬᠠᠯ
ᠪᠢᠷ ᠳᠦᠰᠢᠭ᠍ᠰᠡᠨ ᠮᠤᠩᠭ᠋ᠤᠯ ᠣᠬᠠᠭᠠᠨ ᠤ ᠰᠤᠤ
ᠪᠠᠷᠭᠡ ᠭᠡᠴᠡᠭᠦᠤ ᠴᠠᠭ ᠲᠤ ᠨᠡᠭᠦᠳᠡᠯ ᠳᠠᠭᠠᠭᠰᠠᠨ ᠳᠠᠭᠤᠤ
《ᠨᠢᠭᠤᠴᠠ ᠳᠤᠪᠴᠢᠶᠠᠨ》
ᠨᠢᠭᠦᠯ ᠦᠭᠡᠶ ᠦᠨᠡᠨ ᠢ ᠪᠢᠴᠢᠭ᠍ᠰᠡᠨ ᠢᠯᠠ ᠳᠤᠪᠴᠢᠶᠠᠨ᠃
ᠵᠤᠬᠢᠶᠠᠭᠴᠢ᠄ ᠯ·ᠮᠢᠭ᠍ᠮᠡᠷᠰᠥ᠋ᠷᠦᠩ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 2849
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ