ᠨᠡᠪᠲᠡᠷᠡᠨ ᠤᠷᠤᠬᠤ
ᠭᠤᠪᠢ ᠴᠢᠯᠠᠭᠤ

ᠠᠭᠤᠳᠠᠮ ᠭᠤᠪᠢ ᠶᠢᠨ ᠲᠦᠪ ᠳᠤᠮᠳᠠ

ᠡᠯᠢᠭᠡᠨ ᠭᠦᠷᠡᠩ ᠥᠭᠡᠷ ᠴᠢᠯᠠᠭᠤ ᠨᠢᠭᠡ ᠪᠠᠢ᠌ᠨᠠᠮ

ᠪᠠᠭ᠎ᠠ ᠶᠢᠨ ᠦᠶ᠎ᠡ ᠳᠤ ᠪᠢ

ᠪᠠᠢ᠌ᠯᠳᠤᠨ ᠳᠤᠯᠤᠯᠳᠤᠨ ᠨᠠᠭᠠᠳᠴᠤ

《ᠪᠠᠷᠳᠠᠭ᠎ᠠ ᠬᠠᠢ᠌ᠨ》 ᠶᠠᠪᠣᠬᠤ ᠳᠤ

ᠪᠠᠢ᠌ᠨ ᠳᠠᠭᠢᠨ ᠳᠡᠷᠭᠡᠳᠡ ᠨᠢ ᠣᠴᠢᠳᠠᠭ ᠪᠠᠢ᠌ᠯ᠎ᠠ

ᠬᠠᠳᠠ ᠲᠡᠶ ᠠᠭᠤᠯᠠ ᠮᠡᠨ ᠡᠴᠡ ᠬᠤᠯᠠ ᠶᠢᠨ ᠬᠤᠯᠠ ᠪᠠᠢ᠌ᠭ᠎ᠠ ᠶᠤᠮ

ᠬᠠᠮᠢᠭ᠎ᠠ ᠡᠴᠡ ᠭᠠᠷᠴᠤ ᠢᠷᠡᠭ᠍ᠰᠡᠨ ᠴᠢᠯᠠᠭᠤ ᠪᠢᠯᠠ ᠭᠡᠵᠤ

ᠬᠠᠴᠢᠨ ᠶᠡᠭᠡ ᠭᠠᠢ᠌ᠬᠠᠰᠢ ᠲᠦᠷᠦᠵᠤ

ᠡᠭᠦᠨ ᠤ ᠣᠴᠢᠷ ᠢ ᠰᠤᠨᠢᠭᠤᠴᠠᠵᠤ

ᠡᠴᠢᠭᠡ ᠡᠴᠡ ᠪᠢ ᠨᠢᠭᠡᠨ ᠡᠳᠦᠷ ᠠᠰᠠᠭᠤᠬᠤᠯᠠᠷ

ᠡᠰᠡᠷᠸ᠎ᠡ ᠳᠡᠭ᠍ᠷᠢ ᠡᠴᠡ ᠣᠨᠠᠭᠰᠠᠨ 《ᠰᠤᠯᠢᠷ》 ᠭᠡᠵᠤ

ᠡᠮᠡᠭᠡᠯ ᠤᠨ ᠭᠦᠯᠢᠮ ᠶᠢᠡᠨ ᠶᠠᠩᠵᠤᠯᠠᠬᠤ ᠶᠢᠨ ᠳᠠᠯᠢᠮ ᠨᠠᠳᠠᠳᠤ ᠢᠩᠭᠢᠵᠤ ᠶᠠᠷᠢᠯ᠎ᠠ︕

ᠢᠠᠳᠠᠷᠯᠠᠨ ᠴᠡᠩᠭᠡᠷᠯᠡᠭᠦ ᠭᠤᠪᠢ ᠶᠢᠨ ᠳᠤᠮᠳᠠ

ᠶᠡᠷᠦᠮᠳᠡᠭ᠌ ᠨᠢᠭᠡᠨ ᠳᠤᠮᠤᠬᠠᠨ ᠴᠢᠯᠠᠭᠤ ᠪᠠᠢ᠌ᠭ᠎ᠠ ᠶᠤᠮ

ᠶᠡᠭᠡᠴᠦᠦᠯ ᠳᠡᠭᠦᠨ ᠢ 《ᠭᠤᠪᠢ ᠴᠢᠯᠠᠭᠤ》 ᠭᠡᠵᠤ ᠨᠡᠷᠡᠯᠡᠳᠡᠭ᠌ ᠪᠠᠢ᠌ᠯ᠎ᠠ

ᠥᠨᠡᠭᠡᠷ ᠬᠠᠴᠢᠨ ᠪᠠᠢ᠌ᠭ᠎ᠠ ᠶᠤᠮ

ᠥᠷᠭᠡᠨ ᠭᠤᠪᠢ ᠳᠤ ᠬᠤᠷ᠎ᠠ ᠣᠰᠤ ᠬᠤᠮᠰᠠᠬᠠᠨ ᠶᠤᠮ

ᠦᠨᠳᠦᠰᠦ ᠭᠦᠨ ᠣᠷᠭᠤᠮᠠᠯ ᠭᠦᠷᠳᠡᠯ᠎ᠡ ᠬᠠᠳᠠᠵᠤ ᠰᠢᠷᠠᠯᠠᠨ ᠪᠠᠢ᠌ᠬᠤ ᠳᠤ

ᠡᠯᠢᠭᠡᠨ ᠭᠦᠷᠡᠩ ᠳᠠᠷᠠ ᠴᠢᠯᠠᠭᠤᠨ ᠳᠤᠤᠷ᠎ᠠ ᠴᠢᠠᠳᠠᠨ ᠨᠣᠢ᠌ᠳᠠᠨ ᠴᠢᠭ᠌ ᠶᠢᠡᠷ ᠪᠠᠢ᠌ᠵᠤ

ᠡᠷᠭᠢᠨ ᠤ ᠭᠢᠨᠢ ᠡᠪᠠᠰᠤ ᠨᠤᠭᠤᠭ᠎ᠠ ᠭᠦᠷᠳᠡᠯ᠎ᠡ

ᠡᠭ᠍ᠴᠡ ᠬᠠᠳᠠᠨ ᠡᠴᠡ ᠳᠡᠭᠦᠵᠢᠯᠡᠭ᠍ᠳᠡᠭ᠍ᠰᠡᠨ ᠵᠡᠷᠯᠢᠭ᠌ ᠣᠷᠭᠤᠮᠠᠯ ᠰᠢᠭ᠌

ᠦᠨᠳᠦᠰᠦᠨ ᠳᠡᠭᠡᠨ ᠳᠤᠭᠳᠠᠨ ᠭᠦᠭᠡᠷᠡᠵᠤ ᠪᠠᠢ᠌ᠳᠠᠭ ᠪᠠᠢ᠌ᠯ᠎ᠠ

ᠡᠭᠦᠨ ᠤ ᠨᠢᠭᠤᠴᠠ ᠶᠢ ᠭᠠᠢ᠌ᠬᠠᠵᠤ

ᠡᠴᠢᠭᠡ ᠡᠴᠡ ᠪᠢ ᠨᠡᠭᠡᠨ ᠠᠰᠠᠭᠤᠬᠤᠯᠠᠷ

ᠠᠰᠤᠷᠢ ᠳᠡᠭ᠍ᠷᠢ ᠡᠴᠡ ᠮᠠᠨ ᠳᠤ ᠬᠠᠢ᠌ᠷᠠᠯᠠᠭᠰᠠᠨ

ᠠᠮᠢ ᠵᠠᠯᠭᠠᠨ ᠰᠢᠳᠦᠭᠦ 《ᠳᠠᠷᠬᠠᠨ ᠴᠢᠯᠠᠭᠤ》 ᠭᠡᠵᠤ

ᠠᠭᠠᠷᠤ ᠼᠠᠠᠳᠠᠨ ᠡᠮᠡᠭᠡᠯ ᠳᠡᠭᠡᠨ ᠳᠦᠷᠦᠭᠡ ᠳᠠᠭᠠᠷᠠᠭᠤᠯᠬᠤ ᠶᠢᠨ ᠳᠠᠭᠠᠤ ᠨᠠᠳᠠᠳᠤ ᠢᠩᠭᠢᠵᠤ ᠬᠠᠷᠢᠭᠤᠯᠠᠯ᠎ᠠ

ᠭᠦᠳᠡᠩ ᠳᠠᠳᠠᠭᠰᠠᠨ ᠭᠦᠡᠳᠡᠢ ᠶᠢᠨ ᠭᠤᠪᠢ ᠳᠤ

ᠭᠦᠷᠡᠩ ᠪᠣᠷᠤ ᠥᠭᠡᠷ ᠴᠢᠯᠠᠭᠤ ᠨᠢᠭᠡ ᠪᠠᠢ᠌ᠨᠠᠮ

ᠭᠦᠮᠦᠰ ᠳᠡᠭᠦᠨ ᠢ ᠪᠠᠰᠠ 《ᠳᠤᠮᠤᠭ ᠴᠢᠯᠠᠭᠤ》 ᠭᠡᠵᠤ ᠨᠡᠷᠡᠯᠡᠳᠡᠭ᠌ ᠪᠠᠢ᠌ᠯ᠎ᠠ

ᠣᠨᠠᠭᠠᠨ ᠨᠠᠰᠤ ᠶᠢ ᠮᠢᠨᠢ ᠳᠤᠷ᠎ᠠ ᠭᠦᠰᠡᠯ ᠳᠤ ᠭᠦᠳᠦᠯᠦᠭ᠍ᠰᠡᠨ

ᠣᠴᠢᠷᠳᠠᠢ ᠳᠠᠷᠠ ᠴᠢᠯᠠᠭᠤᠨ ᠤ ᠣᠯᠠᠨ ᠳᠤᠮᠤᠭ ᠡᠴᠡ ᠰᠤᠨᠤᠰᠬᠤ ᠶᠢ ᠭᠦᠰᠡᠵᠤ

ᠣᠬᠤᠴᠢᠯᠠᠵᠤ ᠪᠢ ᠡᠴᠢᠭᠡ ᠡᠴᠡ ᠠᠰᠠᠭᠤᠬᠤᠯᠠᠷ

ᠣᠴᠠᠭᠠᠷᠯᠠᠭᠰᠠᠨ ᠬᠠᠷᠠᠴᠠ ᠪᠠᠷ ᠨᠠᠳᠠ ᠶᠢ ᠰᠢᠷᠪᠢᠵᠤ

ᠣᠤᠯ ᠨᠢ ᠪᠢ ᠡᠮᠡᠭᠡᠯ ᠢ ᠴᠢᠨᠢ ᠳᠦᠭᠦᠭᠡᠷᠭᠡᠵᠤ ᠪᠣᠢ

ᠦᠨᠳᠦᠷ ᠪᠣᠯᠵᠤ ᠡᠷᠢᠯ ᠳᠤ ᠮᠤᠷᠳᠠᠵᠤ ᠠᠯᠤᠰ ᠢ ᠬᠠᠢ᠌ᠪᠠᠯ ᠴᠢ

ᠦᠪᠠᠰᠤᠪᠠᠨ ᠮᠡᠳᠡᠭᠦ ᠨᠢᠭᠡᠨ ᠡᠳᠦᠷ ᠪᠣᠢ ᠭᠡᠵᠤ

ᠡᠷᠳᠡᠨᠢ ᠶᠢᠨ ᠡᠮᠡᠭᠡᠯ ᠳᠤ ᠮᠢᠨᠢ ᠭᠠᠠᠵᠤᠭ᠎ᠠ ᠳᠠᠷᠤᠰᠢᠭᠤᠯᠬᠤ ᠶᠢᠨ ᠳᠠᠭᠠᠤ ᠨᠠᠳᠠᠳᠤ ᠢᠩᠭᠢᠵᠤ ᠵᠠᠭᠢᠯ᠎ᠠ


ᠪᠠᠭᠡᠵᠢᠩ ᠬᠤᠳᠠ ᠶᠢᠨ 《ᠶᠡᠭᠡ ᠊᠊᠊᠊᠊᠊᠊᠊᠊᠊᠊᠊᠊᠊᠊   ᠡᠡᠶᠡᠨ》 ᠵᠤᠭᠠᠴᠠᠯ ᠤᠨ ᠥᠢᠯᠡᠴᠢᠭᠡᠨ ᠤ ᠺᠤᠮᠫᠠᠨᠢ


2004  5 ᠰᠠᠷ᠎ᠠ

ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄ ᠰᠢᠯᠦᠭ
ᠳᠠᠷᠤᠮ᠄ 4953
ᠴᠠᠭ᠄ 2008 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ